蒙古文网站Logo
ᠰᠢᠨᠬᠤᠸᠠ ᠮᠤᠩᠭ᠋ᠤᠯ ᠨᠧᠲ

ᠲᠦᠪ ᠤᠨ ᠮᠤᠩᠭᠤᠯ ᠷᠠᠳᠢᠣ᠋ ᠶᠢᠨ ᠬᠦᠬᠡᠬᠤᠲᠠ ᠳ᠋ᠡᠬᠢ ᠨᠠᠶᠢᠷᠠᠭᠤᠯᠬᠤ ᠬᠡᠯᠲᠡᠰ ᠰᠤᠨᠤᠰᠤᠭᠴᠢᠳ ᠲᠠᠢ ᠰᠠᠨᠠᠯ ᠰᠤᠯᠢᠯᠴᠠᠬᠤ ᠬᠤᠷᠠᠯ ᠵᠤᠬᠢᠶᠠᠨ ᠪᠠᠶᠢᠭᠤᠯᠪᠠ

2017-12-11 10:43

    ᠰᠢᠨᠬᠤᠧᠠ ᠮᠤᠩᠭᠤᠯ ᠨᠧᠲ   ᠬᠦᠬᠡᠬᠤᠲᠠ ᠶᠢᠨ 12 ᠰᠠᠷ᠎ᠠ ᠶᠢᠨ 9 ᠤ ᠡᠲᠦᠷ ᠤᠨ ᠴᠠᠬᠢᠯᠭᠠᠨ ᠮᠡᠲᠡᠭᠡ ( ᠬ • ᠦᠵᠡᠰᠭᠦᠯᠡᠩ) 12 ᠰᠠᠷ᠎ᠠ ᠶᠢᠨ 8 ᠤ ᠡᠲᠦᠷ᠂ ᠲᠦᠪ ᠤᠨ ᠮᠤᠩᠭᠤᠯ ᠷᠠᠳᠢᠣ᠋ ᠶᠢᠨ ᠬᠦᠬᠡᠬᠤᠲᠠ ᠳ᠋ᠡᠬᠢ ᠨᠠᠶᠢᠷᠠᠭᠤᠯᠬᠤ ᠬᠡᠯᠲᠡᠰ ᠰᠤᠨᠤᠰᠤᠭᠴᠢᠳ ᠲᠠᠢ ᠰᠠᠨᠠᠯ ᠰᠤᠯᠢᠯᠴᠠᠬᠤ ᠬᠤᠷᠠᠯ ᠶᠢᠡᠨ ᠬᠦᠬᠡᠬᠤᠲᠠ ᠳ᠋ᠤ ᠵᠤᠬᠢᠶᠠᠨ ᠪᠠᠶᠢᠭᠤᠯᠪᠠ᠃ ᠰᠠᠨᠠᠯ ᠰᠤᠯᠢᠯᠴᠠᠬᠤ ᠬᠤᠷᠠᠯ ᠤᠨ ᠦᠶ᠎ᠠ ᠪᠡᠷ ᠬᠦᠬᠡᠬᠤᠲᠠ᠂ ᠤᠷᠲᠤᠰ᠂ ᠰᠢᠯᠢ ᠶᠢᠨ ᠭᠤᠤᠯ ᠵᠡᠷᠭᠡ ᠭᠠᠵᠠᠷ ᠡᠴᠡ ᠬᠦᠷᠦᠯᠴᠡᠨ ᠢᠷᠡᠭᠰᠡᠨ ᠮᠠᠯᠴᠢᠨ᠂ ᠲᠠᠷᠢᠶᠠᠴᠢᠨ᠂ ᠠᠵᠢᠯ ᠡᠴᠡ ᠠᠮᠠᠷᠠᠭᠰᠠᠨ ᠺᠠᠳ᠋ᠷ᠂ ᠶᠡᠬᠡ ᠰᠤᠷᠭᠠᠭᠤᠯᠢ ᠶᠢᠨ ᠤᠶᠤᠲᠠᠨ᠂ ᠪᠠᠭᠰᠢ᠂ ᠬᠡᠪᠯᠡᠯ ᠮᠡᠲᠡᠭᠡᠯᠡᠯ ᠤᠨ ᠰᠡᠳᠬᠦᠯᠴᠢ ᠵᠡᠷᠭᠡ ᠶᠢ ᠪᠠᠭᠲᠠᠭᠠᠭᠰᠠᠨ ᠡᠯ᠎ᠡ ᠴᠠᠷᠠᠭ᠎ᠠ ᠬᠦᠷᠢᠶᠠᠨ ᠤ ᠬᠦᠮᠦᠰ ᠡᠴᠡ ᠲᠦᠪ ᠤᠨ ᠮᠤᠩᠭᠤᠯ ᠷᠠᠳᠢᠣ᠋ ᠶᠢᠨ ᠨᠡᠪᠲᠡᠷᠡᠬᠦᠯᠭᠡ ᠶᠢᠨ ᠲᠤᠭᠤᠷᠢᠨ ᠳ᠋ᠤ ᠰᠠᠨᠠᠯ ᠪᠤᠲᠤᠯ ᠶᠢᠡᠨ ᠴᠢᠯᠦᠭᠡᠲᠡᠢ ᠲᠡᠯᠭᠡᠨ ᠶᠠᠷᠢᠯᠴᠠᠪᠠ᠃

    《ᠲᠦᠪ ᠤᠨ ᠮᠤᠩᠭᠤᠯ ᠷᠠᠳᠢᠣ᠋ ᠰᠡᠬᠦᠯ ᠤᠨ ᠵᠢᠯ ᠳ᠋ᠤ ᠨᠡᠪᠲᠡᠷᠡᠬᠦᠯᠬᠦ ᠴᠠᠭ ᠶᠢᠡᠨ ᠤᠷᠲᠤᠳᠬᠠᠨ᠂ ᠰᠠᠴᠤᠯᠲᠠ ᠶᠢᠨ ᠬᠡᠪᠴᠢᠶ᠎ᠠ ᠶᠢ ᠦᠷᠭᠡᠵᠢᠬᠦᠯᠦᠨ᠂ ᠰᠡᠯᠬᠦᠭᠡ ᠲᠡᠪᠲᠡᠮᠵᠢ ᠶᠢᠨ ᠪᠠᠶᠢᠷᠢ ᠪᠡᠷ ᠨᠡᠪᠲᠡᠷᠡᠬᠦᠯᠦᠭᠲᠡᠬᠦ ᠪᠤᠯᠵᠠᠢ᠃ ᠤᠨᠴᠠᠭᠠᠶᠢᠯᠠᠨ ᠬᠡᠪᠯᠡᠯ ᠮᠡᠲᠡᠭᠡᠯᠡᠯ ᠤᠨ ᠬᠡᠷᠡᠭᠰᠡᠯ ᠢ ᠠᠭᠤᠰᠤᠯᠴᠠᠭᠤᠯᠤᠨ ᠬᠦᠭ᠍ᠵᠢᠬᠦᠯᠵᠦ ᠰᠤᠨᠤᠰᠤᠭᠴᠢᠳ ᠲᠠᠭᠠᠨ ᠨᠡᠩ ᠰᠠᠶᠢᠨ ᠦᠢᠯᠡᠴᠢᠯᠡᠬᠦ ᠪᠡᠷ ᠮᠤᠩᠭᠤᠯ ᠷᠠᠳᠢᠣ᠋ ᠶᠢᠨ ᠨᠡᠪᠲᠡᠷᠡᠬᠦᠯᠭᠡ ᠪᠠᠨ ᠰᠠᠶᠢᠲᠦᠷ ᠡᠷᠬᠢᠯᠡᠵᠦ ᠪᠠᠶᠢᠬᠤ ᠪᠡᠷ ᠪᠠᠷᠠᠬᠤ ᠦᠭᠡᠢ ᠲᠤᠮᠲᠠᠲᠤ ᠤᠯᠤᠰ ᠤᠨ ᠮᠤᠩᠭᠤᠯ ᠷᠠᠳᠢᠣ᠋ ᠰᠦᠯᠵᠢᠶ᠎ᠠ᠂ ᠠᠯᠪᠠᠨ ᠸᠢᠴᠠᠲ ᠠᠵᠢᠯᠯᠠᠭᠤᠯᠤᠨ ᠨᠡᠯᠢᠶᠡᠳ ᠰᠠᠶᠢᠨ ᠨᠡᠶᠢᠭᠡᠮ ᠤᠨ ᠦᠷ᠎ᠡ ᠨᠦᠯᠦᠭᠡ ᠤᠯᠤᠭᠰᠠᠨ ᠶᠤᠮ᠃ ᠲᠤᠰᠬᠠᠢ ᠰᠡᠳᠦᠪ ᠤᠨ ᠲᠤᠭᠤᠷᠢᠨ ᠳ᠋ᠤ ᠬᠠᠮᠲᠤ ᠶᠢᠨ ᠰᠤᠷᠪᠤᠯᠵᠢᠯᠠᠭ᠎ᠠ ᠦᠷᠨᠢᠬᠦᠯᠦᠨ ᠨᠠᠶ᠋ᠮᠠᠨ ᠮᠤᠵᠢ ᠤᠷᠤᠨ ᠤ ᠮᠤᠩᠭᠤᠯ ᠷᠠᠳᠢᠣ᠋ ᠲᠧᠯᠧᠶ᠋ᠰ ᠤᠨ ᠬᠠᠮᠲᠤᠷᠠᠯᠴᠠᠭ᠎ᠠ ᠰᠤᠯᠢᠯᠴᠠᠭ᠎ᠠ ᠶᠢ ᠠᠬᠢᠭᠤᠯᠪᠠ᠃ ᠬᠡᠪᠯᠡᠯ ᠮᠡᠲᠡᠭᠡᠯᠡᠯ ᠤᠨ ᠬᠡᠷᠡᠭᠰᠡᠯ ᠲᠦᠷᠭᠡᠨ ᠬᠦᠭ᠍ᠵᠢᠵᠦ ᠪᠠᠶᠢᠭ᠎ᠠ ᠦᠨᠦᠲᠦᠷ ᠰᠤᠨᠤᠰᠤᠭᠴᠢᠳ ᠤᠨ ᠶᠢᠡᠨ ᠰᠠᠨᠠᠯ ᠪᠤᠲᠤᠯ ᠢ ᠰᠤᠨᠤᠰᠴᠤ᠂ ᠨᠡᠪᠲᠡᠷᠡᠬᠦᠯᠭᠡ ᠶᠢᠨ ᠴᠢᠨᠠᠷ ᠴᠢᠨᠰᠠᠭ᠎ᠠ ᠪᠠᠨ ᠲᠡᠭᠡᠭ᠍ᠰᠢᠯᠡᠬᠦᠯᠬᠦ ᠪᠡᠷ ᠪᠢᠲᠠ ᠦᠷᠬᠦᠯᠵᠢᠯᠡᠨ ᠴᠢᠷᠮᠠᠶᠢᠨ ᠠᠵᠢᠯᠯᠠᠵᠤ᠂ ᠨᠠᠮ ᠤᠨ ᠦᠨᠳᠦᠰᠦᠲᠡᠨ ᠤ ᠲᠤᠬᠠᠢ ᠲᠦᠷᠦ ᠶᠢᠨ ᠪᠤᠲᠤᠯᠭ᠎ᠠ ᠶᠢ ᠰᠤᠨᠤᠰᠤᠭᠴᠢ ᠲᠦᠮᠡᠨ ᠳ᠋ᠡᠭᠡᠨ ᠲᠠᠮᠵᠢᠭᠤᠯᠤᠨ ᠨᠠᠮ ᠤᠨ ᠲᠠᠭᠤ ᠬᠤᠭᠤᠯᠠᠢ ᠶᠢᠨ ᠦᠢᠯᠡᠳᠦᠯ ᠴᠢᠲᠠᠮᠵᠢ ᠪᠠᠨ ᠦᠨᠡᠨ ᠬᠦ ᠪᠠᠲᠠᠷᠠᠭᠤᠯᠤᠨ᠎ᠠ》ᠭᠡᠵᠦ ᠲᠦᠪ ᠤᠨ ᠮᠤᠩᠭᠤᠯ ᠷᠠᠳᠢᠣ᠋ ᠶᠢᠨ ᠨᠠᠶᠢᠷᠠᠭᠤᠯᠬᠤ ᠬᠡᠯᠲᠡᠰ ᠤᠨ ᠡᠷᠬᠢᠯᠡᠭᠴᠢ ᠭᠡᠷᠡᠯᠲᠦ ᠶᠠᠷᠢᠨ᠎ᠠ᠃

    ᠲᠦᠪ ᠤᠨ ᠮᠤᠩᠭᠤᠯ ᠷᠠᠳᠢᠣ᠋ ᠶᠢᠨ  ᠬᠦᠬᠡᠬᠤᠲᠠ ᠳ᠋ᠡᠬᠢ ᠨᠠᠶᠢᠷᠠᠭᠤᠯᠬᠤ ᠬᠡᠯᠲᠡᠰ 2012 ᠤᠨ ᠳ᠋ᠤ ᠪᠠᠶᠢᠭᠤᠯᠤᠭᠲᠠᠵᠤ᠂ 2013 ᠤᠨ ᠤ 9 ᠰᠠᠷ᠎ᠠ ᠡᠴᠡ ᠡᠬᠢᠯᠡᠨ FM104.5 ᠲᠤᠯᠬᠢᠶᠠᠨ ᠤ ᠪᠠᠶᠢᠷᠢ ᠪᠡᠷ ᠰᠤᠨᠢᠨ ᠮᠡᠲᠡᠭᠡ᠂ ᠲᠤᠰᠬᠠᠢ ᠫᠷᠤᠭ᠍ᠷᠠᠮ᠂ ᠤᠳᠬ᠎ᠠ ᠤᠷᠠᠯᠢᠭ᠂ ᠭᠠᠷᠠᠭ ᠤᠨ ᠲᠠᠭᠤᠤ ᠵᠡᠷᠭᠡ ᠶᠢ ᠪᠠᠭᠲᠠᠭᠠᠭᠰᠠᠨ 1 ᠴᠠᠭ ᠤᠨ ᠨᠡᠪᠲᠡᠷᠡᠬᠦᠯᠭᠡ ᠪᠡᠯᠡᠳᠭᠡᠨ ᠬᠦᠷᠭᠡᠲᠡᠭ ᠪᠤᠯᠪᠠ᠃ ᠬᠦᠬᠡᠬᠤᠲᠠ ᠳ᠋ᠤ ᠲᠦᠪ ᠤᠨ ᠮᠤᠩᠭᠤᠯ ᠷᠠᠳᠢᠣ᠋ ᠶᠢᠨ ᠪᠦᠬᠦ ᠮᠤᠩᠭᠤᠯ ᠨᠡᠪᠲᠡᠷᠡᠬᠦᠯᠭᠡ ᠶᠢ ᠲᠤᠰ ᠲᠠᠪᠲᠠᠮᠵᠢ ᠪᠡᠷ ᠬᠦᠯᠢᠶᠠᠨ ᠠᠪᠴᠤ ᠰᠤᠨᠤᠰᠴᠤ ᠪᠤᠯᠬᠤ ᠪᠦᠭᠡᠳ ᠡᠲᠡᠭᠡᠷ ᠨᠡᠪᠲᠡᠷᠡᠬᠦᠯᠭᠡ ᠨᠤᠭᠦᠳ ᠢ ᠲᠤᠮᠲᠠᠲᠤ ᠤᠯᠤᠰ ᠤᠨ ᠮᠤᠩᠭᠤᠯ ᠷᠠᠳᠢᠣ᠋ ᠰᠦᠯᠵᠢᠶᠠᠨ ᠡᠴᠡ ᠴᠤ ᠰᠤᠨᠤᠰᠴᠤ ᠪᠤᠯᠬᠤ ᠶᠤᠮ᠃ ᠤᠶᠢᠯᠠᠭᠠᠭᠰᠠᠨ ᠶᠢᠡᠷ᠂ ᠲᠦᠪ ᠤᠨ ᠮᠤᠩᠭᠤᠯ ᠷᠠᠳᠢᠣ᠋ ᠶᠢᠨ ᠬᠦᠬᠡᠬᠤᠲᠠ ᠳ᠋ᠡᠬᠢ ᠨᠠᠶᠢᠷᠠᠭᠤᠯᠬᠤ ᠬᠡᠯᠲᠡᠰ ᠰᠤᠨᠤᠰᠤᠭᠴᠢᠳ ᠲᠠᠢ ᠰᠠᠨᠠᠯ ᠰᠤᠯᠢᠯᠴᠠᠬᠤ ᠬᠤᠷᠠᠯ  ᠡᠨᠡ ᠤᠨ ᠳ᠋ᠤ ᠲᠦᠷᠪᠡᠳᠡᠬᠢ ᠤᠲᠠᠭ᠎ᠠ ᠪᠠᠨ ᠵᠤᠬᠢᠶᠠᠨ ᠪᠠᠶᠢᠭᠤᠯᠤᠭᠲᠠᠵᠤ ᠪᠠᠶᠢᠭ᠎ᠠ ᠶᠤᠮ᠃ ᠲᠦᠪ ᠤᠨ ᠮᠤᠩᠭᠤᠯ ᠷᠠᠳᠢᠣ᠋ ᠶᠢᠨ ᠬᠦᠬᠡᠬᠤᠲᠠ ᠳ᠋ᠡᠬᠢ ᠨᠠᠶᠢᠷᠠᠭᠤᠯᠬᠤ ᠬᠡᠯᠲᠡᠰ ᠤᠨ ᠬᠠᠷᠢᠭᠤᠴᠠᠯᠭᠠᠲᠠᠨ ᠤᠲᠤᠨᠴᠢᠮᠡᠭ᠂《ᠵᠢᠯ ᠪᠦᠷᠢ ᠰᠤᠨᠤᠰᠤᠭᠴᠢᠳ ᠤᠨ ᠰᠠᠨᠠᠯ ᠰᠤᠯᠢᠯᠴᠠᠬᠤ ᠬᠤᠷᠠᠯ ᠵᠤᠬᠢᠶᠠᠨ ᠪᠠᠶᠢᠭᠤᠯᠬᠤ ᠨᠢ ᠵᠤᠷᠰᠢᠯ ᠪᠤᠯᠤᠭᠰᠠᠨ ᠪᠠᠶᠢᠲᠠᠭ᠃ ᠡᠨᠡᠬᠦ ᠰᠠᠨᠠᠯ ᠰᠤᠯᠢᠯᠴᠠᠬᠤ ᠬᠤᠷᠠᠯ ᠶᠢᠡᠷ ᠲᠠᠮᠵᠢᠭᠤᠯᠤᠨ ᠪᠢᠲᠡ ᠰᠤᠨᠤᠰᠤᠭᠴᠢᠳ ᠤᠨ ᠶᠢᠡᠨ ᠰᠠᠨᠠᠯ ᠰᠠᠨᠠᠭᠤᠯᠭ᠎ᠠ ᠶᠢ ᠰᠤᠨᠤᠰᠴᠤ᠂ ᠨᠡᠪᠲᠡᠷᠡᠬᠦᠯᠭᠡ ᠶᠢᠨ ᠲᠤᠮᠲᠠ ᠤᠷᠤᠰᠢᠵᠤ ᠪᠠᠶᠢᠭ᠎ᠠ ᠬᠡᠯᠡ ᠨᠠᠶᠢᠷᠠᠭᠤᠯᠭ᠎ᠠ᠂ ᠵᠤᠬᠢᠶᠠᠮᠵᠢ ᠵᠡᠷᠭᠡ ᠲᠠᠯ᠎ᠠ ᠶᠢᠨ ᠠᠯᠲᠠᠭ᠎ᠠ ᠲᠤᠲᠠᠭᠲᠠᠯ ᠶᠢᠡᠨ ᠰᠢᠬᠦᠨ ᠲᠤᠩᠭᠠᠵᠤ ᠲᠠᠷᠠᠭᠠᠴᠢ ᠶᠢᠨ ᠠᠵᠢᠯ ᠶᠢᠡᠨ ᠪᠠᠶᠢᠷᠢᠯᠠᠭᠤᠯᠬᠤ ᠳ᠋ᠤ ᠯᠠᠪᠯᠠᠯᠲᠠ ᠪᠤᠯᠭᠠᠲᠠᠭ ᠶᠤᠮ᠃ ᠰᠤᠨᠤᠰᠤᠭᠴᠢᠳ ᠤᠨ ᠪᠠᠶᠢᠩᠭᠤ ᠰᠠᠨᠠᠯ ᠪᠤᠲᠤᠯ ᠶᠢᠡᠨ ᠢᠷᠡᠬᠦᠯᠵᠦ ᠪᠠᠶᠢᠬᠤ ᠶᠢ ᠴᠢᠩ ᠦᠨᠡᠨ ᠡᠴᠡ ᠪᠠᠨ ᠬᠦᠰᠡᠵᠦ ᠪᠠᠶᠢᠨ᠎᠎ᠠ 》 ᠭᠡᠯ᠎ᠡ᠃ ( ᠵᠢᠷᠤᠭ ᠢ ᠲᠦᠪ ᠤᠨ ᠮᠤᠩᠭᠤᠯ ᠷᠠᠳᠢᠣ᠋ ᠡᠴᠡ ᠬᠠᠩᠭᠠᠪᠠ )

ᠢᠷᠡᠯᠳᠡ᠄ ᠰᠢᠨᠬᠤᠧᠠ ᠮᠤᠩᠭᠤᠯ ᠨᠧᠲ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122090294