微信打开
蒙古文网站Logo
ᠰᠢᠨᠬᠤᠸᠠ ᠮᠤᠩᠭ᠋ᠤᠯ ᠨᠧᠲ

ᠲᠠᠭᠤᠴᠢᠨ ᠤᠳᠬᠤᠨᠲᠤᠶᠠᠭ᠎ᠠ ᠶᠢᠨ 《ᠲᠡᠭᠡᠵᠢ ᠠᠶᠠᠯᠭᠤ》ᠤᠷᠠᠨ ᠪᠦᠲᠦᠭᠡᠯ ᠤᠨ ᠲᠤᠭᠯᠠᠯᠲᠠ ᠤᠯᠠᠭᠠᠨ ᠲᠢᠶᠠᠲ᠋ᠷ ᠲᠤ ᠶᠠᠪᠤᠭᠲᠠᠨ᠎ᠠ

2017-12-13 11:20

    ᠰᠢᠨᠬᠤᠧᠠ ᠮᠤᠩᠭᠤᠯ ᠨᠧᠲ   ᠬᠦᠬᠡᠬᠤᠲᠠ ᠶᠢᠨ 12 ᠰᠠᠷ᠎ᠠ ᠶᠢᠨ 13 ᠤ ᠡᠲᠦᠷ ᠤᠨ ᠴᠠᠬᠢᠯᠭᠠᠨ ᠮᠡᠲᠡᠭᠡ ( ᠬ • ᠦᠵᠡᠰᠭᠦᠯᠡᠩ ) ᠦᠪᠦᠷ ᠮᠤᠩᠭᠤᠯ ᠤᠨ ᠰᠢᠯᠢ ᠶᠢᠨ ᠭᠤᠤᠯ ᠠᠶᠢᠮᠠᠭ ᠤᠨ ᠵᠡᠭᠦᠨ ᠦᠵᠦᠮᠦᠴᠢᠨ ᠬᠤᠰᠢᠭᠤᠨ ᠤ ᠤᠯᠠᠭᠠᠨᠮᠦ᠋ᠴᠢᠷ ᠤᠨ ᠭᠤᠴᠤᠯᠠᠯ ᠲᠠᠭᠤᠴᠢᠨ᠂《ᠬᠠᠷ᠎ᠠ ᠬᠠᠷᠠᠬᠠᠨ ᠬᠠᠷᠠᠴᠠ》 ᠪᠡᠷ ᠶᠢᠡᠨ ᠨᠡᠶᠢᠲᠡ ᠮᠤᠩᠭᠤᠯᠴᠤᠳ ᠲᠠᠭᠠᠨ ᠲᠠᠨᠢᠭᠲᠠᠭᠰᠠᠨ ᠵᠠᠯᠠᠭᠤ ᠲᠠᠭᠤᠴᠢᠨ ᠤᠳᠬᠤᠨᠲᠤᠶᠠᠭ᠎ᠠ ᠶᠢᠨ 《ᠲᠡᠭᠡᠵᠢ ᠠᠶᠠᠯᠭᠤ》ᠤᠷᠠᠨ ᠪᠦᠲᠦᠭᠡᠯ ᠤᠨ ᠲᠤᠭᠯᠠᠯᠲᠠ ᠲᠤᠰ ᠰᠠᠷ᠎ᠠ ᠶᠢᠨ 16 ᠤ ᠡᠲᠦᠷ ᠤᠨ 20᠄ 00 ᠴᠠᠭ ᠲᠤ ᠬᠦᠬᠡᠬᠤᠲᠠ ᠳ᠋ᠡᠬᠢ ᠤᠯᠠᠭᠠᠨ ᠲᠢᠶᠠᠲ᠋ᠷ ᠲᠤ ᠶᠠᠪᠤᠭᠲᠠᠬᠤ ᠪᠡᠷ ᠪᠠᠶᠢᠨ᠎ᠠ᠃

    《 ᠪᠦᠬᠦᠶᠢᠯᠡ ᠲᠤᠭᠯᠠᠯᠲᠠ ᠶᠢ ᠠᠮᠢᠲᠤ ᠬᠦᠭ᠍ᠵᠢᠮ ᠶᠢᠡᠷ ᠭᠦᠢᠴᠡᠳᠭᠡᠨ᠂ ᠬᠦᠨᠳᠦᠳᠦ ᠪᠠᠭᠰᠢ ᠮᠤᠩᠭᠤᠯ ᠤᠯᠤᠰ ᠤᠨ ᠠᠷᠠᠳ ᠤᠨ ᠵᠦᠴᠦᠭᠡᠴᠢᠨ ᠴᠢᠮᠠᠳᠼᠢᠶ᠎ᠠ᠂ ᠮᠤᠩᠭᠤᠯ ᠤᠯᠤᠰ ᠤᠨ ᠭᠠᠪᠢᠶᠠᠲᠤ ᠵᠦᠴᠦᠭᠡᠴᠢᠨ ᠭᠠᠩᠵᠤᠷᠢᠭ ᠨᠠᠷ ᠲᠠᠢ ᠬᠠᠮᠲᠤᠷᠠᠨ ᠲᠤᠭᠯᠠᠯᠲᠠ ᠭᠠᠷᠭᠠᠬᠤ ᠪᠤᠯᠤᠨ᠎ᠠ᠃ ᠮᠦᠨ ᠡᠭᠦᠨ ᠡᠴᠡ ᠭᠠᠲᠠᠨ᠎ᠠ ᠦᠪᠦᠷ ᠮᠤᠩᠭᠤᠯ ᠤᠨ ᠰᠢᠯᠢ ᠶᠢᠨ ᠭᠤᠤᠯ ᠠᠶᠢᠮᠠᠭ ᠤᠨ ᠵᠡᠬᠦᠨ ᠦᠵᠦᠮᠦᠴᠢᠨ ᠬᠤᠰᠢᠭᠤᠨ ᠤ ᠤᠯᠠᠭᠠᠨᠮᠦ᠋ᠴᠢᠷ ᠤᠨ ᠤᠷᠠᠨ ᠪᠦᠲᠦᠭᠡᠯᠴᠢᠳ᠂ ᠵᠡᠬᠦᠨ ᠰᠦᠨᠢᠳ ᠤᠨ ᠮᠠᠯᠴᠢᠨ ᠲᠠᠭᠤᠴᠢᠨ ᠮᠦᠩᠬᠡᠲᠡᠮᠦᠷ᠂ <ᠬᠦᠲᠡᠭᠡ ᠰᠢᠯᠢ>ᠤᠯᠠᠨ ᠠᠩᠭᠢᠲᠤ ᠺᠢᠨᠣ᠋ ᠶᠢᠨ ᠤᠷᠠᠨ ᠪᠦᠲᠦᠭᠡᠯᠴᠢᠳ ᠡᠴᠡ ᠭᠠᠲᠠᠨ᠎ᠠ᠂ ᠮᠤᠩᠭᠤᠯ ᠤᠯᠤᠰ ᠤᠨ ᠭᠠᠪᠢᠶᠠᠲᠤ ᠵᠦᠴᠦᠭᠡᠴᠢᠨ ᠭᠠᠩᠵᠤᠷᠢᠭ᠂ ᠮᠤᠩᠭᠤᠯ ᠤᠯᠤᠰ ᠤᠨ ᠭᠠᠪᠢᠶᠠᠲᠤ ᠵᠦᠴᠦᠭᠡᠴᠢᠨ ᠴᠠᠮᠢᠨᠴᠢᠯᠠᠭᠤᠨ᠂ ᠮᠤᠩᠭᠤᠯ ᠤᠯᠤᠰ ᠤᠨ ᠮᠤᠷᠢᠨ ᠬᠤᠭᠤᠷ ᠤᠨ ᠴᠢᠭᠤᠯᠭ᠎ᠠ ᠶᠢᠨ ᠴᠢᠯᠦᠬᠦᠨ ᠬᠠᠮᠲᠤᠯᠢᠭ ᠬᠦᠷᠦᠯᠴᠡᠨ ᠢᠷᠡᠵᠦ ᠠᠶ᠎ᠠ ᠲᠠᠭᠤᠤ ᠪᠠᠨ ᠡᠷᠭᠦᠨ᠎ᠠ᠃ ᠤᠲᠤᠬᠠᠨ ᠳ᠋ᠤ ᠤᠷᠠᠨ ᠪᠦᠲᠦᠭᠡᠯ ᠤᠨ ᠲᠤᠭᠯᠠᠯᠲᠠ ᠶᠢᠨ ᠡᠯ᠎ᠡ ᠲᠠᠯ᠎ᠠ ᠶᠢᠨ ᠪᠡᠯᠡᠳᠭᠡᠯ ᠠᠵᠢᠯ ᠪᠠᠴᠢᠮ ᠶᠠᠭᠠᠷᠠᠯᠳᠡᠢ ᠶᠠᠪᠤᠭᠲᠠᠵᠤ ᠪᠠᠶᠢᠨ᠎ᠠ᠃ ᠲᠠ ᠪᠦᠬᠦᠨ ᠲᠤᠬᠠᠢ ᠶᠢᠨ ᠴᠠᠭ ᠲᠤᠨᠢ ᠠᠬᠤᠢ ᠲᠠᠯᠠᠪᠤᠷ ᠲᠤ ᠬᠦᠷᠦᠯᠴᠡᠨ ᠢᠷᠡᠬᠦ ᠶᠢ ᠴᠢᠩ ᠰᠡᠳᠬᠢᠯ ᠡᠴᠡ ᠪᠠᠨ ᠬᠦᠰᠡᠵᠦ ᠪᠠᠶᠢᠨ᠎ᠠ 》ᠭᠡᠵᠦ ᠵᠠᠯᠠᠭᠤ ᠲᠠᠭᠤᠴᠢᠨ ᠤᠤᠳᠬᠤᠨᠲᠤᠶᠠᠭ᠎ᠠ ᠮᠠᠨ ᠤ ᠨᠧᠲ ᠲᠤ ᠲᠤᠰᠬᠠᠢ ᠰᠤᠷᠪᠤᠯᠵᠢᠯᠠᠭ᠎ᠠ ᠦᠭᠬᠦᠯ᠎ᠡ᠃

    ᠵᠠᠯᠠᠭᠤ ᠲᠠᠭᠤᠴᠢᠨ ᠤᠳᠬᠤᠨᠲᠤᠶᠠᠭ᠎ᠠ ᠦᠪᠦᠷ ᠮᠤᠩᠭᠤᠯ ᠤᠨ ᠰᠢᠯᠢ ᠶᠢᠨ ᠭᠤᠤᠯ ᠠᠶᠢᠮᠠᠭ ᠤᠨ ᠰᠦᠨᠢᠳ ᠵᠡᠬᠦᠨ ᠬᠤᠰᠢᠭᠤᠨ ᠤ ᠨᠠᠷᠠᠨᠪᠤᠯᠠᠭ ᠰᠤᠮᠤᠨ ᠤ ᠲᠠᠷᠬ᠋ᠤᠨᠨᠠᠭᠤᠷ ᠭᠠᠴᠠᠭ᠎ᠠ ᠪᠡᠷ ᠨᠤᠲᠤᠭ ᠲᠠᠢ᠃ ᠲᠡᠷᠡᠪᠡᠷ 2003 ᠤᠨ ᠳ᠋ᠤ ᠮᠤᠩᠭᠤᠯ ᠤᠯᠤᠰ ᠤᠨ 《ᠭᠤᠩᠴᠤᠭᠰᠤᠮᠠᠯᠢ ᠨᠡᠷᠡᠮᠵᠢᠲᠦ》ᠬᠦᠭ᠍ᠵᠢᠮ ᠪᠦᠵᠢᠭ᠌ ᠤᠨ ᠲᠡᠭᠡᠳᠦ ᠰᠤᠷᠭᠠᠭᠤᠯᠢ ᠳ᠋ᠤ ᠰᠤᠷᠤᠯᠴᠠᠵᠤ ᠮᠤᠩᠭᠤᠯ ᠤᠯᠤᠰ ᠤᠨ ᠲᠦᠷᠦ ᠶᠢᠨ ᠱᠠᠩᠨᠠᠯᠲᠤ ᠠᠷᠠᠳ ᠤᠨ ᠵᠦᠴᠦᠭᠡᠴᠢᠨ ᠴᠢᠮᠠᠳᠼᠢᠶ᠎ᠠ ᠶᠢᠨ ᠭᠠᠷ ᠤᠨ ᠱᠠᠪᠢ ᠨᠢ ᠪᠤᠯᠵᠤ ᠭᠤᠷᠪᠠᠨ ᠵᠢᠯ ᠰᠤᠷᠤᠯᠴᠠᠨ᠂ 2013 ᠤᠨ ᠳ᠋ᠤ ᠮᠤᠩᠭᠤᠯ ᠤᠯᠤᠰ ᠤᠨ ᠰᠤᠶᠤᠯ ᠤᠨ ᠲᠡᠷᠢᠬᠦᠨ ᠤ ᠠᠵᠢᠯᠲᠠᠨ ᠶᠢᠡᠷ ᠴᠤᠯᠠᠯᠠᠭᠲᠠᠪᠠ᠃ 2009 ᠤᠨ ᠡᠴᠡ ᠡᠬᠢᠯᠡᠨ ᠦᠪᠦᠷ ᠮᠤᠩᠭᠤᠯ ᠤᠨ ᠰᠢᠯᠢ ᠶᠢᠨ ᠭᠤᠤᠯ ᠠᠶᠢᠮᠠᠭ ᠤᠨ ᠵᠡᠬᠦᠨ ᠦᠵᠦᠮᠦᠴᠢᠨ ᠬᠤᠰᠢᠭᠤᠨ ᠤ ᠤᠯᠠᠭᠠᠨᠮᠦ᠋ᠴᠢᠷ ᠲᠤ ᠠᠵᠢᠯ ᠤᠨ ᠭᠠᠷᠤᠭ᠎ᠠ ᠪᠠᠨ ᠠᠪᠤᠪᠠ᠃ ᠲᠡᠬᠦᠨ ᠤ ᠲᠠᠭᠤᠯᠠᠭᠰᠠᠨ《ᠬᠠᠷ᠎ᠠ ᠬᠠᠷᠠᠬᠠᠨ ᠬᠠᠷᠠᠴᠠ》᠂ 《ᠦᠵᠦᠮᠦᠴᠢᠨ ᠨᠤᠲᠤᠭ》᠂ 《ᠡᠭᠦᠷ ᠰᠡᠬᠦᠯᠲᠦ》ᠵᠡᠷᠭᠡ ᠲᠠᠭᠤᠤ ᠨᠢ ᠬᠦᠮᠦᠰ ᠤᠨ ᠲᠤᠮᠲᠠ ᠨᠦᠯᠦᠭᠡ ᠶᠡᠬᠡᠲᠡᠢ ᠪᠦᠭᠡᠳ ᠷᠠᠳᠢᠣ᠋ ᠵᠡᠷᠭᠡ ᠬᠡᠪᠯᠡᠯ ᠮᠡᠲᠡᠭᠡᠯᠡᠯ ᠤᠨ ᠬᠡᠷᠡᠭᠰᠡᠯ ᠶᠢᠡᠷ ᠦᠷᠭᠡᠨ ᠲᠠᠷᠬᠠᠵᠤ ᠲᠠᠭᠤᠯᠠᠭᠲᠠᠭᠰᠠᠨ ᠪᠠᠶᠢᠲᠠᠭ᠃ ᠰᠡᠬᠦᠯ ᠤᠨ ᠦᠶ᠎ᠠ ᠳ᠋ᠤ ᠲᠡᠷᠡ ᠪᠡᠷ ᠤᠯᠤᠰ ᠤᠨ ᠲᠤᠲᠤᠭᠠᠲᠤ ᠶᠢᠨ ᠲᠤᠮᠤ ᠬᠡᠮᠵᠢᠶᠠᠨ ᠤ ᠤᠷᠤᠯᠲᠤᠭᠠᠨ ᠲᠡᠮᠡᠴᠡᠬᠡᠨ ᠳ᠋ᠤ ᠤᠷᠤᠯᠴᠠᠨ ᠤᠯᠠᠨᠲᠠ ᠱᠠᠩᠨᠠᠯ ᠬᠦᠬᠢᠬᠦᠯᠦᠯ ᠤᠯᠵᠤ ᠪᠠᠶᠢᠭᠰᠠᠨ ᠪᠦᠭᠡᠳ ᠰᠠᠶ᠋ᠢᠬᠠᠨ ᠨᠡᠪᠲᠡᠷᠡᠬᠦᠯᠦᠭᠲᠡᠭᠰᠡᠨ ᠮᠤᠩᠭᠤᠯ ᠬᠡᠯᠡᠨ ᠤ ᠤᠯᠠᠨ ᠠᠩᠭᠢᠲᠤ ᠺᠢᠨᠣ᠋  《ᠬᠦᠲᠡᠭᠡ ᠰᠢᠯᠢ》 ᠶᠢ ᠵᠤᠬᠢᠶᠠᠨ ᠪᠦᠲᠦᠭᠡᠬᠦ ᠠᠵᠢᠯ ᠳ᠋ᠤ ᠤᠷᠢᠭᠲᠠᠨ ᠤᠷᠤᠯᠴᠠᠵᠤ ᠨᠠᠪᠴᠢᠮ᠎ᠠ ᠶᠢᠨ ᠲᠦᠷᠢ ᠶᠢ ᠲᠤᠭᠯᠠᠭᠰᠠᠨ ᠪᠠᠶᠢᠲᠠᠭ᠃

    ᠵᠠᠯᠠᠭᠤ ᠲᠠᠭᠤᠴᠢᠨ ᠤᠳᠬᠤᠨᠲᠤᠶᠠᠭ᠎ᠠ ᠶᠢᠨ ᠰᠢᠨ᠎ᠡ ᠪᠡᠷ ᠲᠠᠭᠤᠯᠠᠭᠰᠠᠨ《ᠡᠵᠢ ᠮᠢᠨᠢ》ᠤᠷᠠᠨ ᠪᠦᠲᠦᠭᠡᠯ ᠢ ᠲᠠᠭᠤᠴᠢᠨ ᠤ ᠮᠠᠨᠢ ᠵᠦᠪᠰᠢᠶᠡᠷᠡᠯ ᠶᠢᠡᠷ ᠪᠦᠷᠢᠨ ᠡᠷᠬᠡ ᠲᠠᠢ ᠪᠡᠷ ᠲᠠ ᠪᠦᠬᠦᠨ ᠳ᠋ᠡᠭᠡᠨ ᠲᠡᠪᠰᠢᠬᠦᠯᠵᠦ ᠪᠠᠶᠢᠨ᠎ᠠ᠂ ᠬᠦᠯᠢᠶᠠᠨ ᠰᠤᠨᠤᠰᠤᠮᠤ!

ᠢᠷᠡᠯᠳᠡ᠄ ᠰᠢᠨᠬᠤᠧᠠ ᠮᠤᠩᠭᠤᠯ ᠨᠧᠲ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122103790