蒙古文网站Logo
ᠰᠢᠨᠬᠤᠸᠠ ᠮᠤᠩᠭ᠋ᠤᠯ ᠨᠧᠲ

ᠲᠡᠣᠭᠡ ᠰᠣᠶᠣᠯ ‍ᠤᠨ ᠲᠣᠷᠪᠢᠲᠠᠢ ᠪᠦᠳᠦᠭᠡᠯ《ᠪᠠᠭᠠᠷᠢᠨ ᠲᠡᠣᠭᠡ ᠶ᠋ᠢᠨ ᠡᠷᠢᠬᠡᠨ ᠮᠦᠬᠦᠯᠢᠭ》ᠭᠡᠪᠯᠡᠭᠳᠡᠪᠡ

2017-12-19 13:32

    ᠰᠢᠨᠬᠤᠧᠠ ᠮᠤᠩᠭᠤᠯ ᠨᠧᠲ   ᠬᠦᠬᠡᠬᠤᠳᠠ ᠶᠢᠨ 12 ᠰᠠᠷ᠎ᠠ ᠶᠢᠨ 19 ᠤ ᠡᠳᠦᠷ ᠤᠨ ᠴᠠᠬᠢᠯᠭᠠᠨ ᠮᠡᠳᠡᠬᠡ   ᠠᠬᠠᠮᠠᠳ ᠵᠣᠬᠢᠶᠠᠯᠴᠢ ᠲᠣᠷᠵᠢᠰᠠᠩᠪᠦ ᠶ᠋ᠢᠨ ᠪᠠᠰᠨ ᠨᠢᠭᠡᠨ ᠲᠡᠣᠭᠡ ᠰᠣᠶᠣᠯ ‍ᠤᠨ ᠲᠣᠷᠪᠢᠲᠠᠢ ᠪᠦᠳᠦᠭᠡᠯ《ᠪᠠᠭᠠᠷᠢᠨ ᠲᠡᠣᠭᠡ ᠶ᠋ᠢᠨ ᠡᠷᠢᠬᠡᠨ ᠮᠦᠬᠦᠯᠢᠭ》ᠦᠢᠷ᠎ᠡ ᠳ᠋ᠥ ᠦᠪᠦᠷ ᠮᠣᠩᠭᠣᠯ ‍ᠤᠨ ᠰᠣᠶᠣᠯ ‍ᠤᠨ ᠭᠡᠪᠯᠡᠯ ‍ᠤᠨ ᠬᠣᠷᠢᠶ᠎ᠠ ᠡᠴᠠ ᠭᠡᠪᠯᠡᠭᠳᠡᠨ ᠲᠠᠷᠬᠠᠭᠠᠭᠳᠠᠪᠠ ᠃

    ᠲᠦᠴᠢᠨ ᠲᠦᠮᠡᠨ ᠰᠢᠬᠠᠮ ᠦᠰᠦᠭ ᠪᠦᠬᠦᠢ 《ᠪᠠᠭᠠᠷᠢᠨ ᠲᠡᠣᠭᠡ ᠶ᠋ᠢᠨ ᠡᠷᠢᠬᠡᠨ ᠮᠦᠬᠦᠯᠢᠭ》 ᠲᠤ 《ᠴᠢᠩ ᠣᠯᠣᠰ ‍ᠤᠨ ᠦᠶ᠎ᠡ ᠶ᠋ᠢᠨ ᠪᠠᠭᠠᠷᠢᠨ ‍ᠤ ᠲᠡᠣᠭᠡᠨ ᠬᠦᠮᠦᠰ》᠂《ᠪᠠᠭᠠᠷᠢᠨ ᠳ᠋ᠥ ᠮᠣᠷᠳᠠᠵᠣ ᠢᠷᠡᠭᠰᠡᠨ ᠴᠢᠩ ᠣᠯᠣᠰ ‍ᠤᠨ ᠭᠦᠩᠵᠤ ᠭᠡᠭᠡ ᠨᠠᠷ》᠂《ᠦᠩᠭᠡᠷᠡᠭᠰᠡᠨ ᠲᠡᠤᠬᠡ ᠶ᠋ᠢᠨ ᠣᠴᠢᠭ ᠰᠦᠪᠡᠭᠴᠢ》᠂《ᠬᠠᠭᠣᠴᠢᠨ ᠴᠠᠭ ‍ᠤᠨ ᠲᠤᠮᠤ ᠪᠠᠶᠠᠴᠤᠳ》᠂《ᠴᠢᠬᠣᠯᠨ ᠬᠡᠷᠡᠭ ‍ᠤᠨ ᠲᠡᠮᠳᠡᠭᠯᠡᠯ》᠂《ᠨᠣᠳᠣᠭ ‍ᠤᠨ ᠴᠤᠤᠳᠤ ᠬᠦᠮᠦᠰ》᠂《ᠦᠪ ᠰᠣᠶᠣᠯ》᠂《ᠡᠷᠳᠡᠨ ‍ᠤ ᠪᠠᠭᠣᠷᠢ》᠂《ᠮᠦᠷᠳᠡᠯᠭᠡ ᠰᠦᠪᠡᠭᠴᠢᠯᠡᠯ》ᠭᠡᠬᠦ ᠠᠩᠬᠢ ᠪᠦᠯᠦᠭ ᠬᠣᠪᠢᠶᠡᠨ ᠨᠠᠶᠢᠷᠠᠭᠣᠯᠣᠨ ᠵᠣᠬᠢᠶᠠᠮᠵᠢᠯᠠᠵᠣ᠂ ᠣᠩᠰᠢᠨ ᠠᠰᠢᠭᠯᠠᠭᠴᠢᠳ ᠲᠤ ᠦᠢᠷ᠎ᠡ ᠦᠶ᠎ᠡ ᠶ᠋ᠢᠨ ᠪᠠᠭᠠᠷᠢᠨ ‍ᠤ ᠰᠣᠶᠣᠯ ᠲᠡᠣᠬᠡ᠂ ᠲᠡᠣᠬᠡᠨ ᠬᠦᠮᠦᠰ᠂ ᠲᠣᠮᠣ ᠲᠣᠮᠣ ᠭᠡᠷᠡᠭ ᠣᠴᠢᠷ ‍ᠢ ᠦᠢᠯᠠᠭᠠᠨ ᠰᠣᠳᠣᠯᠬᠤ ᠳ᠋ᠥ ᠮᠠᠰᠢ ᠦᠨ᠎ᠡ ᠴᠡᠨ᠎ᠡ ᠲᠠᠢ ᠭᠠᠷ ᠠᠪᠣᠯᠭ᠎ᠠ ᠶ᠋ᠢᠨ ᠮᠠᠲ᠋ᠧᠷᠢᠶᠠᠯ ᠬᠠᠩᠭᠠᠵᠠᠢ᠃

    ᠲᠠᠯᠨ ᠭᠠᠷᠣᠭᠰᠠᠨ ᠠᠬᠠᠮᠠᠳ ᠵᠣᠬᠢᠶᠠᠯᠴᠢ ᠲᠣᠷᠵᠢᠰᠠᠩᠪᠣ ᠪᠣᠯ ᠦᠪᠦᠷ ᠮᠤᠩᠭᠤᠯ ᠤᠨ ᠪᠠᠭᠠᠷᠢᠨ ᠪᠠᠷᠠᠭᠣᠨ ᠬᠣᠰᠢᠭᠣᠨ ‍ᠤ ᠨᠠᠮ ‍ᠤᠨ ᠬᠣᠷᠢᠶ᠎ᠠ ᠶ᠋ᠢᠨ ᠠᠵᠢᠯ ᠡᠴᠠ ᠪᠡᠨ ᠠᠮᠠᠷᠠᠭᠰᠠᠨ ᠺᠠᠳ᠋ᠷ᠂ ᠦᠪᠦᠷ ᠮᠣᠩᠭᠣᠯ ‍ᠤᠨ ᠵᠣᠬᠢᠶᠠᠯᠴᠢᠳ ‍ᠤᠨ ᠡᠪᠯᠡᠯ ‍ᠤᠨ ᠭᠡᠰᠢᠬᠦᠨ ᠶᠣᠮ᠃ ᠲᠡᠷᠨ ᠪᠡᠷ᠂ ᠣᠷᠢᠳ ᠬᠣᠵᠢᠳ《ᠠᠷᠪᠠᠨ ᠬᠣᠶᠠᠷ ᠵᠢᠯ ‍ᠤᠨ ᠠᠮᠢᠳᠠᠨ ‍ᠤ ᠦᠯᠢᠭᠡᠷ》᠂《ᠪᠠᠭᠠᠷᠢᠨ ᠪᠠᠷᠠᠭᠣᠨ ᠬᠣᠰᠢᠭᠣᠨ ‍ᠤ ᠭᠠᠵᠠᠷ ᠰᠢᠷᠦᠢ ᠶ᠋ᠢᠨ ᠦᠭᠡᠷᠡᠴᠢᠯᠡᠯᠳᠡ ᠶ᠋ᠢᠨ ᠬᠦᠳᠡᠯᠭᠡᠭᠡᠨ》᠂《ᠪᠠᠷᠠᠭᠣᠨ ᠪᠠᠭᠠᠷᠢᠨ ‍ᠤ ᠰᠦᠮ᠎ᠡ ᠭᠡᠶᠢᠳ》᠂《ᠪᠠᠷᠠᠭᠣᠨ ᠪᠠᠭᠠᠷᠢᠨ ‍ᠤ ᠰᠣᠶᠣᠯ ᠲᠡᠣᠭᠡ ᠶ᠋ᠢᠨ ᠱᠦᠬᠦᠮᠡᠭ》᠂《ᠪᠠᠭᠠᠷᠢᠨ ‍ᠤ ᠪᠣᠭᠣᠷᠣᠯ ᠲᠡᠣᠭᠡ ᠶ᠋ᠢᠨ ᠱᠦᠬᠦᠮᠡᠭ》᠂《ᠴᠠᠭᠠᠨᠮᠦ᠋ᠷᠡᠨ ‍ᠤ ᠰᠣᠶᠣᠯ ᠲᠡᠣᠭᠡ》 ᠵᠡᠷᠭᠡ ᠨᠣᠮ ‍ᠤᠳ ‍ᠢ ᠨᠠᠶᠢᠷᠠᠭᠣᠯᠣᠨ ᠵᠣᠬᠢᠶᠠᠭᠰᠠᠨ ᠪᠣᠶᠣ ᠭᠣᠣᠯᠯᠠᠨ ᠨᠠᠶᠢᠷᠠᠭᠣᠯᠵᠣ ᠭᠡᠪᠯᠡᠬᠦᠯᠪᠡ᠃ 《ᠪᠠᠭᠠᠷᠢᠨ ᠲᠡᠣᠭᠡ ᠶ᠋ᠢᠨ ᠡᠷᠢᠬᠡᠨ ᠮᠦᠬᠦᠯᠢᠭ》 ᠨᠢ ᠲᠡᠬᠦᠨ ‍ᠤ ᠠᠷᠪᠠᠳᠡᠬᠢ ᠰᠣᠶᠣᠯ ᠲᠡᠣᠬᠡ ᠶ᠋ᠢᠨ ᠰᠡᠳᠦᠪᠯᠡᠬᠦᠨ ‍ᠤ ᠰᠣᠷᠪᠣᠯᠵᠢᠯᠠᠵᠤ ᠰᠢᠨᠵᠢᠯᠡᠨ ᠲᠣᠭᠣᠷᠪᠢᠭᠰᠠᠨ ᠵᠣᠬᠢᠶᠠᠯ ᠪᠦᠳᠦᠭᠡᠯ ‍ᠤᠨ ᠲᠡᠬᠦᠪᠦᠷᠢ ᠪᠣᠯᠣᠨ᠎ᠠ᠃

    ᠲᠣᠰ ᠨᠣᠮ ᠳ᠋ᠥ ᠪᠠᠭᠠᠷᠢᠨ ᠪᠠᠷᠠᠭᠣᠨ ᠬᠣᠰᠢᠭᠣᠨ ‍ᠤ ᠣᠯᠣᠰ ᠲᠦᠷᠦ ᠶ᠋ᠢᠨ ᠵᠦᠪᠯᠡᠯᠭᠡᠨ ‍ᠤ ᠪᠠᠶᠢᠩᠭᠣ ᠶ᠋ᠢᠨ ᠭᠡᠰᠢᠬᠦᠨ᠂ ᠪᠠᠭᠠᠷᠢᠨ ᠪᠠᠷᠠᠭᠣᠨ ᠬᠣᠰᠢᠭᠣᠨ ‍ᠤ ᠣᠳᠬ᠎ᠠ ᠣᠷᠠᠯᠢᠭ ‍ᠤᠨ ᠬᠢᠨ ‍ᠤ ᠬᠣᠯᠪᠣᠭ᠎ᠠ ᠶ᠋ᠢᠨ ᠲᠡᠳ᠋ ᠲᠡᠷᠢᠬᠦᠯᠡᠭᠴᠢ ᠡ‍•ᠠᠯᠳᠠᠨᠰᠦ᠋ᠭᠡ ᠣᠷᠣᠰᠢᠯ ᠪᠢᠴᠢᠭᠰᠡᠨ ᠪᠠᠶᠢᠨ᠎ᠠ᠃ (ᠨᠡᠶᠢᠳᠡᠯᠡᠯ ᠵᠢᠷᠤᠭ ᠢ ᠪᠠᠭᠠᠷᠢᠨ ᠵᠠᠰᠠᠭ ᠤᠨ ᠤᠷᠳᠤᠨ ᠤ ᠰᠦᠯᠵᠢᠶ᠎ᠡ ᠶᠢᠨ ᠬᠦᠬᠡᠳᠠᠪᠠᠯᠭᠠᠨ)

ᠢᠷᠡᠯᠳᠡ᠄ ᠰᠢᠨᠬᠤᠧᠠ ᠮᠤᠩᠭᠤᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122134455