蒙古文网站Logo
ᠰᠢᠨᠬᠤᠸᠠ ᠮᠤᠩᠭ᠋ᠤᠯ ᠨᠧᠲ

ᠤᠯᠤᠰ ᠪᠠᠶᠢᠭᠤᠯᠤᠭᠳᠠᠭᠰᠠᠨ 70 ᠵᠢᠯ ᠤᠨ ᠣᠢ ᠳᠤ ᠵᠣᠷᠢᠭᠤᠯᠵᠤ《ᠬᠤᠨ ᠭᠠᠯᠠᠭᠤ》ᠬᠡᠮᠡᠬᠦ ᠤᠯᠠᠨ ᠠᠩᠬᠢᠳᠤ ᠺᠢᠨᠣ᠋ ᠰᠡᠬᠦᠳᠡᠷᠯᠡᠨ᠎ᠡ

2017-12-25 16:06

    ᠰᠢᠨᠬᠤᠸᠠ ᠮᠣᠩᠭᠣᠯ ᠨᠧᠲ   ᠬᠦᠬᠡᠬᠣᠲᠠ  ᠶᠢᠨ 12 ᠰᠠᠷ᠎ᠠ ᠶᠢᠨ 23 ᠤ ᠡᠳᠦᠷ ᠤᠨ ᠴᠠᠬᠢᠯᠭᠠᠨ ᠮᠡᠳᠡᠭᠡ (ᠪᠣᠯᠣᠷᠴᠡᠴᠡᠭ᠂ ᠣᠶᠠᠬᠠᠨ) 23 ᠤ ᠡᠳᠦᠷ᠂ ᠤᠯᠤᠰ ᠪᠠᠶᠢᠭᠤᠯᠤᠭᠳᠠᠭᠰᠠᠨ 70 ᠵᠢᠯ ᠤᠨ ᠣᠢ ᠳᠤ ᠪᠡᠯᠡᠭ ᠪᠤᠯᠭᠠᠨ ᠪᠠᠷᠢᠬᠤ ᠪᠡᠷ ᠪᠠᠶᠢᠭ᠎ᠠ ᠬᠤᠪᠢᠰᠬᠠᠯᠳᠤ ᠳᠡᠤᠬᠡᠨ ᠰᠡᠳᠦᠪᠲᠦ ᠤᠯᠠᠨ ᠠᠩᠬᠢᠳᠤ ᠺᠢᠨᠣ᠋《ᠬᠤᠨ ᠭᠠᠯᠠᠭᠤ》 ᠶ᠋ᠢᠨ ᠳᠤᠬᠠᠢ ᠬᠡᠪᠯᠡᠯ ᠮᠡᠳᠡᠬᠡᠯᠡᠯ ᠤᠨ ᠪᠠᠭ᠎ᠠ ᠬᠤᠷᠠᠯ ᠬᠦᠬᠡᠬᠤᠳᠠ ᠳᠤ ᠪᠣᠯᠤᠯ᠎ᠠ᠃

    ᠤᠶᠢᠯᠠᠭᠠᠭᠰᠠᠨ ᠢᠶᠡᠷ᠂ ᠺᠢᠨᠣ᠋ ᠨᠢ ᠨᠡᠶᠢᠳᠡ 30 ᠠᠩᠬᠢ ᠲᠠᠢ᠂ ᠪᠢᠴᠢᠯᠬᠡ ᠶᠢ ᠦᠪᠦᠷ ᠮᠤᠩᠭᠤᠯ ᠤᠨ ᠤᠷᠠᠳ ᠤᠨ ᠳᠤᠮᠳᠠᠳᠤ ᠬᠤᠰᠢᠭᠤ᠂ ᠡᠵᠡᠨ ᠬᠤᠷᠤᠭ᠎ᠠ ᠬᠤᠰᠢᠭᠤ᠂ ᠬᠦᠬᠡᠬᠣᠲᠠ ᠵᠡᠷᠬᠡ ᠭᠠᠵᠠᠷ ᠤᠳ ᠲᠤ ᠰᠡᠬᠦᠳᠡᠷᠯᠡᠵᠤ ᠤᠯᠤᠰ ᠪᠠᠶᠢᠭᠤᠯᠤᠭᠳᠠᠭᠰᠠᠨ 70 ᠵᠢᠯ ᠤᠨ ᠤᠢ ᠶᠢᠨ ᠦᠶ᠎ᠡ ᠪᠡᠷ ᠦᠵᠡᠭᠴᠢᠳ ᠲᠠᠢ ᠵᠤᠯᠭᠠᠭᠤᠯᠤᠨ᠎ᠠ᠂ ᠮᠤᠩᠭᠤᠯ ᠦᠨᠳᠦᠰᠦᠳᠡᠨ ᠤ ᠨᠡᠷᠡᠳᠦ ᠳᠤᠭᠯᠠᠭᠴᠢ ᠨᠠᠷᠠᠨᠬᠤᠸᠠᠷ ᠪᠤᠯᠤᠨ ᠵᠠᠯᠠᠭᠤ ᠳᠤᠭᠯᠠᠭᠴᠢ ᠸᠠᠩ ᠲᠢᠶᠠᠨ ᠶᠧ᠂ ᠵᠧᠤ ᠰᠢᠶᠠᠨ ᠰᠢᠨ᠂ ᠦᠷᠬᠡᠨ ᠨᠠᠷ ᠭᠣᠣᠯ ᠳᠦᠷᠢ ᠳᠤ ᠲᠤᠭᠯᠠᠬᠤ ᠶᠤᠮ ᠪᠠᠶᠢᠨ᠎ᠠ᠃

    ᠳᠤᠰ ᠤᠯᠠᠨ ᠠᠩᠬᠢᠳᠤ ᠺᠢᠨᠣ᠋ ᠨᠢ ᠶᠠᠫᠤᠨ ᠢ ᠡᠰᠡᠷᠭᠦᠴᠡᠬᠦ ᠳᠠᠶᠢᠨ ᠤ ᠦᠶ᠎ᠡ ᠳᠡᠬᠢ ᠤᠷᠠᠳ ᠤᠨ ᠳᠠᠯ᠎ᠠ ᠨᠤᠲᠤᠭ ᠤᠨ ᠡᠮᠡᠭᠲᠡᠢ ᠸᠠᠩ ᠨᠣᠶᠠᠨ ᠴᠡᠯᠡᠭᠡᠷ᠂ ᠦᠪᠦᠷ ᠮᠣᠩᠭᠤᠯ ᠤᠨ ᠦᠨᠳᠦᠰᠦᠲᠡᠨ ᠤ ᠬᠣᠪᠢᠰᠬᠠᠯᠴᠢ ᠶᠦᠨ ᠽᠧ ᠶᠢᠨ ᠨᠦᠯᠦᠭᠡ ᠪᠠ ᠡᠪ ᠬᠠᠮᠲᠤ ᠨᠠᠮ ᠤᠨ ᠬᠡᠰᠢᠬᠦᠨ ᠢᠦᠢ ᡁᠢ ᠰᠢᠶᠠᠨ᠂ ᠪᠢᠯᠢᠭᠲᠦ ᠨᠠᠷ ᠤᠨ ᠤᠳᠤᠷᠢᠳᠤᠯᠭ᠎ᠠ ᠪᠡᠷ ᠡᠮᠡᠭᠲᠡᠢ ᠸᠠᠩ ᠨᠣᠶᠠᠨ ᠪᠠᠶᠢᠭᠰᠠᠨ ᠡᠴᠡ ᠪᠡᠨ ᠶᠠᠫᠤᠨ ᠢ ᠡᠰᠡᠷᠭᠦᠴᠡᠭᠰᠡᠨ ᠪᠠᠭᠠᠲᠤᠷ᠂ ᠬᠤᠪᠢᠰᠬᠠᠯ ᠤᠨ ᠪᠠᠶᠢᠯᠳᠤᠭᠴᠢ ᠪᠣᠯᠤᠭᠰᠠᠨ ᠦᠯᠢᠭᠡᠷ  ᠢᠶᠡᠷ ᠰᠡᠳᠦᠪᠯᠡᠵᠤ᠂ ᠦᠪᠦᠷ ᠮᠣᠩᠭᠣᠯ ᠤᠨ ᠪᠤᠰᠤᠳ ᠣᠯᠠᠨ ᠶᠠᠫᠤᠨ ᠢ ᠡᠰᠡᠷᠭᠦᠴᠡᠭᠰᠡᠨ ᠪᠠᠭᠠᠲᠤᠷᠴᠤᠳ ᠤᠨ ᠪᠣᠳᠠᠲᠤ ᠦᠢᠯᠡ ᠬᠡᠷᠡᠭ ᠢ ᠠᠭᠤᠯᠤᠨ ᠲᠤᠭᠤᠷᠪᠢᠵᠦ᠂ ᠴᠡᠯᠡᠭᠡᠷ ᠪᠣᠯᠣᠨ ᠪᠢᠯᠢᠭᠲᠦ ᠶᠢᠨ ᠤᠯᠤᠰ ᠭᠡᠷ ᠤᠨ ᠦᠰᠢᠶ᠎ᠡ ᠬᠣᠷᠤᠰᠤᠯ᠂ ᠦᠨᠳᠦᠰᠦᠲᠡᠨ ᠤ ᠰᠢᠳᠤᠷᠭᠤ ᠵᠢᠷᠤᠮ ᠤᠨ ᠳᠦᠯᠦᠬᠡ ᠬᠠᠶᠢᠷ᠎ᠠ ᠳᠤᠷᠠᠯᠠᠯ ᠢᠶᠡᠨ ᠦᠷᠡᠭᠳᠡᠭᠦᠯᠦᠭᠰᠡᠨ ᠪᠦᠭᠡᠳ ᠪᠠᠭᠠᠲᠤᠷᠯᠢᠭ ᠢᠶᠡᠷ ᠪᠡᠶ᠎ᠡ ᠦᠷᠡᠭᠳᠡᠭᠰᠡᠨ ᠠᠭᠤᠤ ᠶᠡᠬᠡ ᠦᠢᠯᠡ ᠬᠡᠷᠡᠭ ᠢ ᠮᠠᠭᠲᠠᠨ ᠳᠠᠭᠤᠯᠠᠭᠰᠠᠨ ᠪᠠᠶᠢᠨ᠎ᠠ᠃ ᠦᠨᠳᠦᠰᠦᠲᠡᠨ ᠤ ᠪᠦᠯᠬᠦᠮᠳᠡᠯ᠂ ᠶᠠᠫᠤᠨ ᠤ ᠡᠰᠡᠷᠭᠦ ᠳᠠᠶᠢᠨ᠂ ᠦᠨᠳᠦᠰᠦᠲᠡᠨ ᠤ ᠴᠢᠯᠦᠭᠡᠯᠡᠯᠳᠡ ᠶᠢᠨ ᠪᠠᠭᠠᠲᠤᠷ ᠤᠨ ᠲᠤᠤᠯᠢ ᠪᠣᠯᠤᠭᠰᠠᠨ ᠤ ᠬᠣᠪᠢ ᠳᠤ᠂ ᠲᠤᠰ ᠵᠦᠴᠦᠭᠡ ᠨᠢ ᠪᠠᠶᠠᠯᠢᠭ ᠠᠭᠤᠯᠭ᠎ᠠ ᠲᠠᠢ ᠦᠢᠯᠡ ᠶᠠᠪᠤᠳᠠᠯ᠂ ᠦᠪᠡᠷᠮᠢᠴᠡ ᠰᠢᠨᠵᠢ ᠪᠦᠬᠦᠢ ᠳᠦᠷᠢ᠂ ᠪᠦᠰᠡ ᠨᠤᠲᠤᠭ ᠤᠨ ᠢᠯᠡᠷᠬᠡᠢ ᠣᠨᠴᠠᠯᠢᠭ ᠪᠠ ᠠᠮᠢᠳᠤ ᠲᠦᠷᠰᠦᠯᠢᠭ ᠬᠡᠯᠡ ᠶᠠᠷᠢᠶ᠎ᠠ ᠪᠠᠷ ᠢᠶᠠᠨ ᠮᠣᠩᠭᠣᠯ ᠬᠢᠲᠠᠳ ᠦᠨᠳᠦᠰᠦᠲᠡᠨ ᠤ ᠠᠷᠠᠳ ᠲᠦᠮᠡᠨ ᠤ ᠬᠠᠷᠢ ᠶᠢᠨ ᠲᠦᠷᠢᠮᠡᠬᠡᠶᠢᠲᠡᠨ ᠢ ᠪᠦᠯᠬᠦᠮᠳᠡᠨ ᠡᠰᠡᠷᠭᠦᠴᠡᠭᠰᠡᠨ ᠮᠣᠩᠭᠣᠯ ᠤᠨ ᠲᠠᠯ᠎ᠠ ᠨᠤᠲᠤᠭ ᠲᠤ ᠪᠣᠯᠤᠭᠰᠠᠨ ᠭᠣᠨᠢᠭᠲᠤ ᠦᠯᠢᠭᠡᠷ ᠢ ᠳᠡᠯᠬᠡᠨ ᠦᠵᠡᠬᠦᠯᠬᠦ ᠶᠢᠨ ᠬᠠᠮᠲᠤ᠂ ᠵᠦᠪᠬᠡᠨ ᠤᠯᠤᠰ ᠭᠡᠷ ᠤᠨ ᠨᠢᠭᠡᠲᠦᠯ᠂ ᠦᠨᠳᠦᠰᠦᠲᠡᠨ ᠤ ᠪᠦᠯᠬᠦᠮᠳᠡᠯ ᠪᠣᠯ ᠰᠠᠶ᠊ᠢ ᠭᠠᠳᠠᠭᠠᠳᠤ ᠶᠢᠨ ᠲᠦᠷᠢᠮᠡᠬᠡᠶᠢᠯᠡᠭᠴᠢᠳ ᠢ ᠬᠣᠷᠢᠭᠯᠠᠵᠤ᠂ ᠪᠠᠶᠠᠵᠢᠨ ᠬᠦᠴᠦᠷᠬᠡᠭᠵᠢᠬᠦ ᠶᠢ ᠪᠡᠶᠡᠯᠡᠬᠦᠯᠵᠤ ᠴᠢᠳᠠᠨ᠎ᠠ ᠭᠡᠰᠡᠨ ᠢ ᠬᠠᠷᠠᠭᠤᠯᠵᠠᠢ᠃

ᠢᠷᠡᠯᠳᠡ᠄ ᠰᠢᠨᠬᠤᠸᠠ ᠮᠣᠩᠭᠣᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122162908