蒙古文网站Logo
ᠰᠢᠨᠬᠤᠸᠠ ᠮᠤᠩᠭ᠋ᠤᠯ ᠨᠧᠲ

Wsuna Emily ᠪᠷᠧᠨ᠋ᠳ᠋ 2018 ᠤᠨ ᠤ ᠰᠢᠨ᠎ᠠ ᠵᠠᠭᠪᠤᠷ ᠢᠶᠡᠨ ᠨᠡᠶᠢᠲᠡᠯᠡᠪᠠ

2017-12-26 11:10

    ᠰᠢᠨᠬᠤᠸᠠ ᠮᠣᠩᠭᠣᠯ ᠨᠧᠲ   ᠬᠦᠬᠡᠬᠤᠲᠠ ᠶᠢᠨ 12 ᠰᠠᠷ᠎᠎ᠠ ᠶᠢᠨ 25 ᠤ ᠡᠳᠦᠷ ᠤᠨ ᠴᠠᠬᠢᠯᠭᠠᠨ ᠮᠡᠳᠡᠭᠡ (ᠬᠡᠤᠬᠡᠨᠰᠤᠯᠢ) ᠠᠩᠬᠠᠨ ᠤ ᠮᠣᠩᠭᠣᠯ ᠡᠯᠧᠮᠧᠨ᠋ᠲ ᠲᠠᠢ ᠤᠮᠪᠠᠯᠲᠠ ᠶᠢᠨ ᠬᠤᠪᠴᠠᠰᠤᠨ ᠤ ᠦᠵᠡᠭᠦᠯᠭᠡ ᠪᠡᠷ ᠢᠶᠡᠨ ᠬᠦᠮᠦᠰ ᠤᠨ ᠲᠠᠭᠠᠰᠢᠶᠠᠯ ᠳᠤ ᠬᠦᠷᠴᠤ ᠪᠠᠶᠢᠭᠰᠠᠨ Wsuna Emily (ᠤᠰᠤᠨ᠎ᠠ ᠠᠮᠢᠯᠢ) ᠪᠷᠧᠨ᠋ᠳ᠋ ᠤᠨ 2018 ᠤᠨ ᠤ ᠰᠢᠨ᠎ᠠ ᠵᠠᠭᠪᠤᠷ  ᠨᠡᠶᠢᠲᠡᠯᠡᠬᠦ ᠠᠵᠢᠯᠯᠠᠭ᠎ᠠ 23 ᠤ ᠡᠳᠦᠷ ᠬᠦᠬᠡᠬᠤᠲᠠ ᠳᠤ ᠶᠠᠪᠤᠭᠳᠠᠪᠠ᠃

    ᠡᠨᠡᠬᠦ ᠠᠵᠢᠯᠯᠠᠭ᠎ᠠ ᠪᠠᠷ ᠲᠤᠰ ᠪᠷᠧᠨ᠋ᠳ᠋ ᠤᠨ 2016᠂ 2017 ᠤᠨ ᠪᠤᠯᠤᠨ ᠰᠢᠨ᠎ᠠ ᠪᠡᠷ ᠨᠡᠶᠢᠲᠡᠯᠡᠵᠤ ᠪᠤᠢ 2018 ᠤᠨ ᠤ ᠮᠣᠩᠭᠣᠯ ᠤᠨᠴᠠᠯᠢᠭᠲᠤ ᠬᠤᠪᠴᠠᠰᠤ ᠵᠠᠰᠠᠯ ᠢ ᠭᠤᠷᠪᠠᠨ ᠪᠦᠯᠦᠭ ᠬᠤᠪᠢᠶᠠᠨ ᠵᠠᠭᠪᠤᠷ ᠤᠨ ᠲᠠᠶᠢᠰᠠᠨ᠎ᠠ ᠡᠮᠦᠰᠴᠤ ᠦᠵᠡᠭᠦᠯᠪᠠ᠃ Wsuna Emily ᠪᠷᠧᠨ᠋ᠳ᠋ ᠤᠨ 2018 ᠤᠨ ᠤ ᠰᠢᠨ᠎ᠠ ᠵᠠᠭᠪᠤᠷ ᠨᠢ ᠳ᠋ᠢᠽᠶᠢᠨ᠋᠌ᠧᠷ ᠤᠷᠢᠬᠠᠨ ᠬᠠᠳᠤᠭᠲᠠᠢ ᠶᠢᠨ 12 ᠨᠠᠰᠤᠲᠠᠢ ᠬᠠᠶᠢᠷᠠᠲᠤ ᠦᠬᠢᠨ ᠤᠰᠤᠨ᠎ᠠ ᠶᠢᠨ ᠢᠶᠡᠨ ᠬᠡᠨᠡᠨ ᠴᠠᠶᠢᠯᠭᠠᠨ ᠬᠡᠤᠬᠡᠳ ᠨᠠᠰᠤ ᠶᠢ ᠳᠤᠷᠠᠰᠬᠠᠨ ᠲᠡᠮᠳᠡᠭᠯᠡᠵᠤ᠂ 12 ᠨᠠᠰᠤᠲᠠᠢ ᠦᠬᠢᠳ  ᠤᠨ ᠰᠢᠳᠢᠲᠤ ᠦᠯᠢᠭᠡᠷ ᠮᠡᠲᠤ ᠬᠦᠩᠵᠤ ᠶᠢᠨ ᠬᠦᠰᠡᠯ ᠢ ᠨᠢ ᠪᠡᠶᠡᠯᠡᠭᠦᠯᠬᠦ ᠶᠢᠨ ᠲᠦᠯᠦᠭᠡ ᠤᠷᠠᠯᠠᠭᠰᠠᠨ ᠮᠣᠩᠭᠣᠯ ᠡᠯᠧᠮᠧᠨ᠋ᠲ ᠬᠢᠭᠡᠳ ᠮᠤᠤᠳ᠋ ᠮᠠᠶ᠊ᠢᠭ ᠢ ᠤᠶᠠᠯᠳᠤᠭᠤᠯᠵᠤ ᠪᠦᠬᠦᠢ ᠴᠤ᠋ ᠰᠢᠨ᠎ᠠ ᠶᠤᠰᠤᠯᠠᠯ ᠤᠨ ᠬᠤᠪᠴᠠᠰᠤ ᠨᠤᠭᠤᠳ ᠪᠠᠶᠢᠵᠤ᠂ ᠭᠤᠤᠯᠳᠠᠭᠤ ᠬᠤᠷᠴᠠ ᠬᠡᠬᠡᠨᠴᠢᠷ ᠦᠩᠭᠡ ᠶᠢᠨ ᠲᠤᠷᠭ᠎ᠠ᠂ ᠱᠠ᠂ ᠬᠦᠪᠰᠤᠭᠡᠷ ᠬᠦᠪᠦᠩ ᠬᠢᠭᠡᠳ ᠵᠢᠨᠰᠡ ᠵᠡᠷᠭᠡ ᠮᠠᠲ᠋ᠧᠷᠢᠶᠠᠯ ᠳᠡᠭᠡᠷ᠎ᠠ ᠠᠯᠮᠠᠰ᠂ ᠱᠢᠷᠦ᠂ ᠰᠤᠪᠤᠳ ᠢ ᠭᠠᠷ ᠢᠶᠡᠷ ᠰᠢᠭᠢᠳᠭᠡᠨ ᠬᠡ ᠭᠠᠷᠭᠠᠬᠰᠠᠨ ᠬᠦᠬᠡᠷᠦᠭᠦᠨ ᠬᠢᠷᠢᠨ᠎ᠠ ᠡᠷᠬᠢᠮᠰᠤᠭ᠌ ᠶᠤᠰᠤᠯᠠᠯ ᠤᠨ ᠬᠤᠪᠴᠠᠰᠤ ᠨᠤᠭᠤᠳ ᠢ ᠨᠡᠶᠢᠲᠡ ᠤᠯᠠᠨ ᠳᠤ ᠪᠡᠨ ᠳᠡᠯᠭᠡᠨ ᠦᠵᠡᠭᠦᠯᠦᠭᠰᠡᠨ ᠪᠠᠶᠢᠨ᠎ᠠ᠃ ᠪᠢᠴᠢᠬᠠᠨ ᠵᠠᠭᠪᠤᠷ ᠡᠮᠦᠰᠦᠭᠴᠢ ᠶᠢᠨ ᠬᠤᠪᠢ ᠳᠤ Milan Fashion Week ᠳᠤ ᠤᠷᠢᠯᠭ᠎ᠠ ᠪᠡᠷ ᠤᠷᠤᠯᠴᠠᠬᠤ ᠪᠡᠷ ᠪᠠᠶᠢᠭ᠎ᠠ 6 ᠵᠠᠭᠪᠤᠷ ᠡᠮᠦᠰᠦᠭᠴᠢ ᠶᠢ ᠪᠠᠭᠲᠠᠭᠠᠭᠰᠠᠨ ᠾᠧᠪᠸᠢ ᠮᠤᠵᠢ᠂ ᠭᠠᠨᠰᠤ ᠮᠤᠵᠢ ᠶᠢᠨ ᠯᠠᠨᠵᠸᠤ ᠬᠤᠲᠠ᠂ ᠦᠪᠦᠷ ᠮᠣᠩᠭᠣᠯ ᠤᠨ ᠬᠦᠬᠡᠬᠤᠲᠠ᠂ ᠪᠤᠭᠤᠲᠤ᠂ ᠵᠢᠨᠢᠩ᠂ ᠰᠢᠯᠢ ᠶᠢᠨ ᠭᠤᠤᠯ᠂ ᠤᠯᠠᠭᠠᠨᠬᠠᠳᠠ ᠵᠡᠷᠭᠡ ᠠᠶᠢᠮᠠᠭ ᠬᠤᠲᠠ ᠶᠢᠨ 90 ᠭᠠᠷᠤᠢ ᠬᠡᠤᠬᠡᠳ ᠪᠠᠭᠠᠴᠤᠳ ᠤᠷᠤᠯᠴᠠᠵᠤ᠂ ᠨᠡᠶᠢᠲᠡ 90 ᠭᠠᠷᠤᠢ ᠵᠠᠬ᠎ᠠ ᠬᠤᠪᠴᠠᠰᠤ ᠶᠢ ᠵᠠᠭᠪᠤᠷ ᠤᠨ ᠲᠠᠶᠢᠰᠠᠨ᠎ᠠ ᠡᠮᠦᠰᠦᠨ ᠦᠵᠡᠭᠦᠯᠪᠠ᠂ ᠡᠭᠦᠨ ᠳᠤ 30 ᠭᠠᠷᠤᠢ ᠵᠠᠬ᠎ᠠ Wsuna Emily ᠪᠷᠧᠨ᠋ᠳ᠋ ᠤᠨ 2018 ᠤᠨ ᠤ ᠰᠢᠨ᠎ᠠ ᠵᠠᠭᠪᠤᠷ ᠢ ᠨᠢ ᠠᠩᠬ ᠠ ᠢᠯᠡ ᠪᠡᠷ ᠵᠠᠷᠯᠠᠵᠤ ᠪᠤᠢ᠃

    ᠲᠤᠰ ᠤᠳᠠᠭᠠᠨ ᠤ ᠠᠵᠢᠯᠯᠠᠭ᠎ᠠ ᠶᠢ ᠦᠪᠦᠷ ᠮᠣᠩᠭᠣᠯ ᠤᠨ ᠽᠢ ᠢᠦᠢ ᠰᠤᠶᠤᠯ ᠵᠠᠭᠤᠴᠢ ᠶᠢᠨ ᠺᠤᠮᠫᠠᠨᠢ  ᠰᠠᠨᠠᠭᠠᠴᠢᠯᠠᠵᠤ ᠵᠤᠬᠢᠶᠠᠨ ᠪᠠᠶᠢᠭᠤᠯᠤᠬᠰᠠᠨ ᠶᠤᠮ᠃ ᠲᠤᠰ ᠺᠤᠮᠫᠠᠨᠢ ᠪᠤᠯ 2015 ᠤᠨ ᠳᠤ ᠪᠠᠶᠢᠭᠤᠯᠤᠭᠲᠠᠭᠰᠠᠨ ᠰᠤᠶᠤᠯ ᠤᠨ ᠡᠭᠦᠳᠦᠯᠲᠠ ᠬᠢᠬᠡᠳ ᠲᠤᠭᠯᠠᠯᠲᠠ᠂ ᠲᠤᠰᠬᠠᠶᠢᠵᠢᠭᠰᠠᠨ ᠳ᠋ᠢᠽᠶᠢᠨ ᠤ ᠦᠢᠯᠡᠴᠢᠯᠡᠭᠡ᠂ ᠬᠤᠪᠴᠠᠰᠤ ᠵᠠᠰᠠᠯ ᠤᠶᠤᠬᠤ ᠵᠢᠴᠢ ᠪᠤᠷᠤᠯᠠᠭᠤᠯᠭ᠎ᠠ ᠶᠢ ᠨᠢᠭᠡ ᠴᠤᠭᠴᠠᠯᠠᠭᠰᠠᠨ ᠵᠠᠭᠤᠴᠢ ᠶᠢᠨ ᠡᠵᠡᠩᠨᠠᠯᠲᠠ ᠶᠢᠨ ᠺᠤᠮᠫᠠᠨᠢ ᠪᠢᠯᠡ᠃ 2016 ᠤᠨ ᠳᠤ ᠰᠢᠨ᠎ᠠ ᠪᠡᠷ ᠨᠡᠶᠢᠲᠡᠯᠡᠭᠰᠡᠨ ᠺᠤᠮᠫᠠᠨᠢ ᠶᠢᠨ ᠭᠤᠤᠯᠯᠠᠬᠤ ᠪᠷᠧᠨ᠋ᠳ᠋ ᠪᠤᠯᠬᠤ Wsuna Emily ᠨᠢ 《ᠱᠠᠩᠬᠠᠢ ᠶᠢᠨ ᠤᠯᠠᠨ ᠤᠯᠤᠰ ᠤᠨ ᠬᠡᠤᠬᠡᠳ ᠪᠠᠭᠠᠴᠤᠳ ᠤᠨ ᠬᠤᠪᠴᠠᠰᠤ ᠵᠠᠰᠠᠯ ᠤᠨ ᠭᠠᠷᠠᠭ》 ᠤᠨ ᠠᠵᠢᠯᠯᠠᠭ᠎ᠠ ᠳᠤ ᠤᠷᠤᠯᠴᠠᠵᠤ ᠥᠨᠭᠭᠡᠷᠡᠭᠰᠡᠨ᠃ ᠺᠤᠮᠫᠠᠨᠢ ᠪᠠᠶᠢᠭᠤᠯᠤᠭᠳᠠᠭᠰᠠᠨ ᠡᠴᠡ ᠨᠠᠰᠢ᠂ ᠦᠪᠦᠷ ᠮᠣᠩᠭᠣᠯ ᠤᠨ ᠡᠯ᠎ᠠ ᠪᠦᠰᠡ ᠨᠤᠲᠤᠭ ᠤᠨ ᠪᠢᠴᠢᠬᠠᠨ ᠵᠠᠭᠪᠤᠷ ᠡᠮᠦᠰᠦᠭᠴᠢᠳ ᠢ ᠳᠠᠭᠠᠭᠤᠯᠤᠨ ᠤᠯᠤᠰ ᠤᠨ ᠳᠤᠲᠤᠭᠠᠲᠤᠬᠢ ᠮᠠᠰᠢ ᠠᠷᠪᠢᠨ ᠤᠷᠤᠯᠳᠤᠭᠠᠨ ᠬᠦᠳᠡᠯᠭᠡᠭᠡᠨ ᠳᠤ ᠤᠷᠤᠯᠴᠠᠭᠤᠯᠤᠭᠰᠠᠨ ᠶᠤᠮ᠃ 2017 ᠤᠨ ᠤ 9 ᠰᠠᠷ᠎᠎ᠠ ᠳᠤ ᠦᠪᠦᠷ ᠮᠣᠩᠭᠣᠯ ᠤᠨ 23 ᠪᠢᠴᠢᠬᠠᠨ ᠵᠠᠭᠪᠤᠷ ᠡᠮᠦᠰᠦᠭᠴᠢ ᠢᠢ ᠳᠠᠭᠠᠭᠤᠯᠤᠨ 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠣ᠋ ᠤᠷᠠᠯᠢᠭ ᠤᠨ ᠨᠠᠶᠢᠷ ᠤᠨ ᠤᠯᠠᠭᠠᠨ ᠬᠡᠪᠢᠰ ᠤᠨ ᠶᠤᠰᠤᠯᠠᠯ ᠪᠤᠯᠤᠨ ᠱᠠᠩᠨᠠᠯ ᠤᠯᠭᠤᠬᠤ ᠶᠤᠰᠤᠯᠠᠯ ᠳᠤ ᠤᠷᠤᠯᠴᠠᠪᠠ᠂ 2017 ᠤᠨ ᠤ 10 ᠰᠠᠷ᠎ᠠ ᠳᠤ᠂ ᠺᠤᠮᠫᠠᠨᠢ ᠡᠴᠡ 30 ᠪᠢᠴᠢᠬᠠᠨ ᠵᠠᠭᠪᠤᠷ ᠡᠮᠦᠰᠦᠭᠴᠢ ᠶᠢ ᠳᠠᠭᠠᠭᠤᠯᠤᠨ 2017MILAN KIDS ᠤᠨ ᠳᠤᠮᠳᠠᠳᠤ ᠤᠯᠤᠰ ᠲᠡᠬᠢ ᠰᠢᠯᠭᠠᠷᠠᠭᠤᠯᠤᠯᠲᠠ ᠳᠤ ᠤᠷᠤᠯᠴᠠᠭᠠᠳ ᠠᠰᠠᠨ᠎ᠠ᠂ ᠵᠠᠯᠮ᠎ᠠ᠂ ᠤᠷᠤᠰᠬᠠᠯ᠂ ᠠᠰᠪᠤᠷᠢ ᠨᠠᠷ ᠢ ᠪᠠᠭᠲᠠᠭᠠᠭᠰᠠᠨ 6 ᠪᠢᠴᠢᠬᠠᠨ ᠵᠠᠭᠪᠤᠷ ᠡᠮᠦᠰᠦᠭᠴᠢ 2018 ᠤᠨ ᠤ 9 ᠰᠠᠷ᠎᠎ᠠ ᠳᠤ ᠪᠤᠯᠬᠤ Milan Fashion Week ᠳᠤ ᠤᠷᠢᠯᠭ᠎ᠠ ᠪᠡᠷ ᠤᠷᠤᠯᠴᠠᠬᠤ ᠪᠡᠷ ᠪᠤᠯᠤᠬᠰᠠᠨ ᠶᠤᠮ᠃

    Wsuna Emily ᠪᠷᠧᠨ᠋ᠳ᠋ ᠤᠨ ᠬᠤᠪᠴᠠᠰᠤ ᠵᠠᠰᠠᠯ ᠨᠢ ᠦᠪᠦᠷ ᠮᠣᠩᠭᠣᠯ ᠤᠨ ᠪᠠᠶᠠᠲᠤ ᠪᠤᠰᠤ ᠰᠤᠶᠤᠯ ᠤᠨ ᠦᠪ ᠪᠤᠯᠬᠤ ᠮᠣᠩᠭᠣᠯ ᠬᠤᠪᠴᠠᠰᠤ ᠵᠠᠰᠠᠯ ᠢ ᠮᠤᠤᠳ᠋ ᠮᠠᠶ᠊ᠢᠭ ᠤᠨ ᠬᠠᠷᠠᠭᠠᠰᠤ ᠡᠴᠡ ᠬᠦᠮᠦᠰ ᠲᠤ ᠦᠵᠡᠭᠦᠯᠵᠤ ᠴᠢᠳᠠᠭᠰᠠᠨ ᠶᠤᠮ᠃

ᠢᠷᠡᠯᠳᠡ᠄ ᠰᠢᠨᠬᠤᠸᠠ ᠮᠣᠩᠭᠣᠯ ᠨᠧᠲ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122166901