蒙古文网站Logo
ᠰᠢᠨᠬᠤᠸᠠ ᠮᠤᠩᠭ᠋ᠤᠯ ᠨᠧᠲ

ᠦᠪᠦᠷ ᠮᠤᠩᠭᠤᠯ ᠤᠨ ᠷᠠᠳᠢᠣ᠋ ᠲᠧᠯᠧᠶ᠋ᠰ ᠬᠤᠷᠢᠶ᠎ᠠ ᠶᠢᠨ ᠮᠤᠩᠭᠤᠯ ᠺᠢᠨᠣ᠋ ᠲᠧᠯᠧᠶ᠋ᠰ ᠵᠦᠴᠦᠭᠡ ᠶᠢᠨ ᠬᠡᠯᠳᠡᠰ ᠪᠠᠶᠢᠭᠤᠯᠤᠭᠳᠠᠭᠰᠠᠨ 30 ᠵᠢᠯ ᠤᠨ ᠤᠢ ᠪᠠᠨ ᠪᠠᠶᠠᠷᠯᠠᠨ ᠲᠡᠮᠳᠡᠭᠯᠡᠬᠦ 《ᠲᠠᠰᠤᠯ ᠲᠠᠭᠤᠨ》 ᠦᠳᠡᠰᠢᠯᠡᠭᠡ ᠶᠢᠨ ᠰᠢᠩᠬᠡᠬᠡᠯᠳᠡ ᠪᠤᠯᠤᠯ᠎ᠠ

2017-12-27 11:03

   ᠰᠢᠨᠬᠤᠸᠠ ᠮᠤᠩᠭᠤᠯ ᠨᠧᠲ  ᠬᠦᠬᠡᠬᠤᠳᠠ ᠶᠢᠨ 12 ᠰᠠᠷ᠎ᠠ ᠶᠢᠨ 26 ᠤ ᠡᠳᠤᠷ ᠤᠨ ᠴᠠᠬᠢᠯᠭᠠᠨ ᠮᠡᠳᠡᠬᠡ ( ᠪᠠᠢ ᠯᠢᠩ ᠳ᠋ᠢ ᠰᠤᠷᠤᠶ᠎ᠠ) ᠦᠪᠦᠷ ᠮᠤᠩᠭᠤᠯ ᠤᠨ ᠷᠠᠳᠢᠣ᠋ ᠲᠧᠯᠧᠶ᠋ᠰ ᠬᠤᠷᠢᠶ᠎ᠠ ᠶᠢᠨ ᠮᠤᠩᠭᠤᠯ ᠲᠧᠯᠧᠶ᠋ᠰ ᠤᠨ ᠮᠤᠩᠭᠤᠯ ᠺᠢᠨᠣ᠋ ᠲᠧᠯᠧᠶ᠋ᠰ ᠵᠦᠴᠦᠭᠡ ᠶᠢᠨ ᠬᠡᠯᠳᠡᠰ ᠪᠠᠶᠢᠭᠤᠯᠤᠭᠳᠠᠭᠰᠠᠨ 30 ᠵᠢᠯ ᠤᠨ ᠤᠢ ᠪᠠᠨ ᠪᠠᠶᠠᠷᠯᠠᠨ ᠲᠡᠮᠳᠡᠭᠯᠡᠬᠦ ᠪᠡᠷ ᠵᠤᠬᠢᠶᠠᠨ ᠪᠠᠶᠢᠭᠤᠯᠤᠭᠰᠠᠨ《ᠲᠠᠰᠤᠯ ᠲᠠᠭᠤᠨ》 ᠦᠳᠡᠰᠢᠯᠡᠭᠡ ᠪᠠᠨ ᠰᠢᠨ᠎ᠡ ᠤᠨ ᠤ ᠪᠠᠶᠠᠷᠳᠤ ᠭᠱᠠᠨ ‍ᠢ ᠲᠤᠬᠢᠶᠠᠯᠳᠤᠭᠤᠯᠤᠨ ᠥᠵᠡᠭᠴᠢ ᠲᠥᠮᠡᠨ ᠲᠠᠢ ᠪᠠᠨ ᠵᠤᠯᠭᠠᠭᠤᠯᠬᠤ ᠪᠡᠷ ᠪᠤᠯᠤᠯ᠎ᠠ᠃

    ᠡᠨᠡᠬᠦ ᠦᠳᠡᠰᠢᠯᠡᠭᠡ ᠳᠤ ᠲᠠᠭᠤᠤ ᠪᠦᠵᠢᠭ᠌᠂ ᠠᠪᠢᠶᠠᠯᠠᠭ᠎ᠠ ᠶᠢᠨ ᠪᠦᠲᠦᠬᠡᠯ ᠵᠡᠷᠬᠡ ᠤᠷᠠᠨ ᠰᠠᠶᠢᠬᠠᠨ ᠤ ᠲᠤᠭᠯᠠᠯᠳᠠ ᠪᠠᠶᠢᠬᠤ ᠶᠢᠨ ᠲᠠᠭᠠᠤ ᠭᠤᠴᠢᠨ ᠵᠢᠯ ᠤᠨ ᠬᠤᠪᠢ ᠨᠡᠮᠡᠷᠢ ᠪᠦᠬᠦᠢ ᠠᠵᠢᠯᠳᠠᠳ ᠲᠤ ᠪᠠᠨ ᠢᠷᠠᠭᠤ ᠠᠯᠳᠠᠷ ᠤᠯᠭᠤᠵᠤ᠂ ᠵᠠᠯᠠᠭᠤ ᠵᠦᠴᠦᠭᠡᠴᠢᠳ ᠢᠶᠡᠨ ᠲᠠᠨᠢᠯᠴᠠᠭᠤᠯᠤᠭᠰᠠᠨ ᠪᠠᠶᠢᠨ᠎ᠠ᠃

    ᠦᠪᠦᠷ ᠮᠤᠩᠭᠤᠯ ᠤᠨ ᠷᠠᠳᠢᠣ᠋ ᠲᠧᠯᠧᠶ᠋ᠰ ᠬᠤᠷᠢᠶ᠎ᠠ ᠶᠢᠨ ᠮᠤᠩᠭᠤᠯ ᠺᠢᠨᠣ᠋ ᠲᠧᠯᠧᠶ᠋ᠰ ᠵᠦᠴᠦᠭᠡᠴᠢᠳ ᠤᠨ 30 ᠵᠢᠯ ᠤᠨ ᠠᠶᠠᠨ

    1979 ᠤᠨ ᠳ᠋ᠤ ᠥᠪᠥᠷ ᠮᠤᠩᠭᠤᠯ ‍ᠤᠨ ᠲᠧᠯᠸᠢᠰ ᠬᠤᠷᠢᠶᠠᠨ ‍ᠤ ᠺᠢᠨᠣ᠋‍ ᠤᠷᠴᠢᠭᠤᠯᠭ᠎ᠠ ᠶ᠋ᠢᠨ ᠠᠵᠢᠯ ᠨᠢ《 ᠨᠢᠭᠤᠴᠠ ᠶ᠋ᠢ ᠬᠠᠮᠠᠭᠠᠯᠠᠬᠤ ᠲᠤᠪᠴᠢᠶᠠᠨ ‍ᠤ ᠫᠤᠤ ᠶ᠋ᠢᠨ ᠲᠠᠭᠤᠨ》 ᠭᠡᠬᠥ ᠺᠢᠨᠣ᠋ ᠶ᠋ᠢ ᠲᠠᠶᠢᠯᠪᠤᠷᠢᠯᠠᠨ ᠤᠷᠴᠢᠭᠤᠯᠤᠭᠰᠠᠨ ᠢᠶᠡᠷ ᠠᠩᠬᠠᠨ ᠤ ᠭᠠᠷᠤᠭ᠎ᠠ ᠪᠡᠨ ᠠᠪᠴᠠᠢ᠃ ᠢᠩᠬᠢᠭ᠍ᠰᠡᠨ ᠢᠶᠡᠷ ᠮᠤᠩᠭᠤᠯ ᠭᠡᠯᠡᠨ ‍ᠤ ᠤᠷᠴᠢᠭᠤᠯᠬᠤ ᠲᠤᠭᠤᠶᠢᠯᠠᠩ ᠪᠠᠶᠢᠭᠤᠯᠤᠭᠳᠠᠵᠤ᠂ 1987 ᠤᠨ ᠤ 7 ᠰᠠᠷ᠎ᠠ ᠳᠤ ᠰᠢᠨ᠎ᠡ ᠪᠡᠷ ᠠᠵᠢᠯᠳᠠᠨ ᠡᠯᠰᠡᠬᠡᠳ《ᠤᠷᠴᠢᠭᠤᠯᠤᠨ ᠠᠪᠢᠶᠠᠯᠠᠬᠤ ᠲᠤᠭᠤᠶᠢᠯᠠᠩ》 ᠪᠠᠶᠢᠭᠤᠯᠵᠤ᠂《 ᠠᠭᠤᠯᠠ ᠶ᠋ᠢᠨ ᠭᠡᠥᠭᠡᠨ》 ᠭᠡᠮᠡᠭᠥ ᠺᠢᠨᠣ᠋ ᠶ᠋ᠢ ᠠᠪᠢᠶᠠᠯᠠᠵᠤ ᠡᠬᠢᠯᠡᠭᠰᠡᠨ ᠶᠤᠮ᠃ ᠡᠶᠢᠨᠬᠦ ᠮᠤᠩᠭᠤᠯ ᠲᠧᠯᠸᠢᠰ ᠨᠡᠪᠳᠡᠷᠡᠭᠥᠯᠭᠡ ᠭᠠᠷᠠᠭ ᠲᠤ ᠬᠤᠶᠠᠷ ᠤᠳᠠᠭ᠎ᠠ ᠪᠠᠶᠢᠭᠰᠠᠨ ᠡᠴᠠ ᠪᠠᠨ ᠲᠤᠯᠤᠭ᠎ᠠ ᠤᠳᠠᠭ᠎ᠠ ᠨᠡᠪᠳᠡᠷᠡᠭᠥᠯᠭᠥ ᠪᠤᠯᠵᠤ ᠠᠪᠢᠶᠠᠯᠠᠭᠴᠢ ᠶ᠋ᠢᠨ ᠡᠩᠨᠡᠭᠡ ᠨᠢ ᠴᠦ ᠤᠯᠠᠮ ᠢᠶᠠᠷ ᠥᠷᠭᠡᠵᠢᠨ ᠪᠤᠵᠠᠭᠠᠶᠢᠷᠠᠵᠠᠢ᠃ 1994 ᠤᠨ ᠳ᠋ᠤ 《ᠤᠷᠴᠢᠭᠤᠯᠤᠨ ᠥᠢᠯᠡᠳᠭᠥ ᠲᠥᠪ》 ᠨᠢ ᠹᠢᠯᠢᠮ ᠥᠢᠯᠡᠳᠭᠥ ᠭᠡᠯᠳᠡᠰ᠂ ᠤᠷᠴᠢᠭᠤᠯᠭ᠎ᠠ ᠶ᠋ᠢᠨ ᠭᠡᠯᠳᠡᠰ᠂ ᠤᠳᠤᠷᠢᠳᠤᠭᠠᠴᠢ ᠶ᠋ᠢᠨ ᠭᠡᠯᠳᠡᠰ᠂ ᠠᠪᠢᠶᠠᠯᠠᠭᠴᠢ ᠶ᠋ᠢᠨ ᠠᠩᠬᠢ᠂ ᠮᠠᠰᠢᠨ ᠮᠡᠷᠭᠡᠵᠢᠯ ‍ᠤᠨ ᠭᠡᠯᠳᠡᠰ᠂ ᠤᠷᠴᠢᠭᠤᠯᠤᠨ ᠨᠠᠶᠢᠷᠠᠭᠤᠯᠬᠤ ᠭᠡᠯᠳᠡᠰ ᠵᠡᠷᠭᠡ ᠵᠢᠷᠭᠤᠭᠠᠨ ᠭᠡᠯᠳᠡᠰ ᠲᠠᠢ ᠪᠡᠷ ᠪᠠᠶᠢᠭᠤᠯᠤᠭᠳᠠᠵᠤ᠂ 1998 ᠤᠨ ᠳᠤ ᠠᠪᠢᠶᠠᠯᠠᠭᠴᠢ ᠶᠢᠨ ᠠᠩᠬᠢ ᠪᠠᠨ《ᠵᠥᠴᠥᠭᠡᠴᠢᠨ ‍ᠤ ᠭᠡᠯᠳᠡᠰ》 ᠪᠤᠯᠭᠠᠨ ᠪᠠᠶᠢᠭᠤᠯᠤᠭᠰᠠᠨ ᠡᠴᠡ ᠤᠷᠴᠢᠭᠤᠯᠭ᠎ᠠ ᠶ᠋ᠢᠨ ᠺᠢᠨᠣ᠋ ᠨᠢ ᠲᠠᠭᠤᠤ ᠬᠥᠭ᠍ᠵᠢᠮ᠂ ᠠᠬᠤᠢ ᠴᠢᠮᠡᠭᠡ᠂ ᠠᠪᠢᠶᠠᠯᠠᠭ᠎ᠠ ᠶ᠋ᠢ ᠨᠡᠶᠢᠳᠭᠡᠭ᠍ᠰᠡᠨ ᠪᠥᠬᠥᠯᠢ ᠴᠤᠭᠴᠠ ᠪᠤᠯᠤᠨ ᠪᠥᠷᠢᠯᠳᠥᠭᠰᠡᠨ ᠡᠴᠡ ᠮᠤᠩᠭᠤᠯ ᠲᠧᠯᠸᠢᠰ ‍ᠤᠨ ᠠᠪᠢᠶᠠᠯᠠᠭ᠎ᠠ ᠶ᠋ᠢᠨ ᠲᠦᠪᠰᠢᠨ ᠳᠤ ᠲᠡᠦᠬᠡᠳᠤ ᠴᠢᠨᠠᠷᠳᠠᠢ ᠦᠰᠦᠷᠦᠯᠳᠡ ᠭᠠᠷᠴᠦ᠂ ᠤᠷᠴᠢᠭᠤᠯᠭ᠎ᠠ ᠶ᠋ᠢᠨ ᠦᠢᠯᠡᠰ ᠨᠢ ᠪᠠᠶᠢᠭᠤᠯᠤᠮᠵᠢ ᠪᠠ ᠵᠤᠬᠢᠶᠠᠨ ᠪᠠᠶᠢᠭᠤᠯᠤᠯᠳᠠ ᠶ᠋ᠢᠨ ᠲᠠᠯ᠎ᠠ ᠳ᠋ᠤ ᠵᠢᠩᠬᠢᠨᠢ ᠪᠠᠷ ᠲᠦᠯᠦᠪᠰᠢᠷᠡᠨ ᠬᠦᠭ᠍ᠵᠢᠭᠰᠡᠨ ᠶᠤᠮ᠃ ᠭᠤᠴᠢᠨ ᠵᠢᠯ ᠤᠨ ᠳᠤᠷᠰᠢ᠂ ᠵᠥᠴᠥᠭᠡᠴᠢᠨ ‍ᠤ ᠭᠡᠯᠳᠡᠰ ᠨᠢ ᠨᠡᠶᠢᠳᠡ 28473 ᠠᠩᠬᠢ ᠲᠧᠯᠸᠢᠰ ᠵᠥᠴᠥᠭᠡ ᠰᠢᠩᠭᠡᠭᠡᠨ ᠦᠢᠯᠡᠳᠴᠦ᠂ ᠵᠦᠴᠦᠭᠡ ᠶ᠋ᠢᠨ ᠲᠤᠭ᠎ᠠ᠂ ᠵᠥᠴᠥᠭᠡᠴᠢᠳ ᠤᠨ ᠪᠡᠶ᠎ᠡ ᠳᠠᠭᠠᠭᠠᠨ ᠪᠥᠲᠥᠭᠡᠭ᠍ᠰᠡᠨ ᠲᠦᠷᠢ ᠪᠠᠷ ᠢᠶᠡᠨ ᠲᠡᠮᠳᠡᠭᠯᠡᠯ ᠡᠬᠦᠳᠦᠭᠰᠡᠨ ᠠᠤᠭ᠎ᠠ ᠠᠮᠵᠢᠯᠳᠠ ᠳ᠋ᠤ ᠬᠦᠷᠦᠭᠰᠡᠨ ᠪᠢᠯᠡ᠃ ᠍

    ᠤᠳᠤ ᠪᠤᠯᠬᠤ ᠳᠤ ᠮᠤᠩᠭᠤᠯ ᠲᠧᠯᠧᠶ᠋ᠰ ᠤᠨ ᠵᠦᠴᠦᠭᠡᠴᠢᠨ ᠤ ᠬᠡᠯᠳᠡᠰ ᠰᠠᠷ᠎ᠠ ᠳ᠋ᠤ  105 ᠠᠩᠬᠢ ᠲᠧᠯᠸᠢᠰ ᠵᠥᠴᠥᠭᠡ᠂ 30 ᠠᠩᠬᠢ ᠭᠡᠥᠭᠡᠯᠳᠡᠢ ᠵᠥᠴᠥᠭᠡ ᠨᠡᠪᠳᠡᠷᠡᠭᠥᠯᠵᠥ᠂ ᠵᠢᠯ ᠳ᠋ᠤ ᠨᠡᠶᠢᠳᠡ 1400 ᠭᠠᠷᠤᠢ ᠠᠩᠬᠢ ᠲᠧᠯᠸᠢᠰ ᠵᠥᠴᠥᠭᠡ ᠰᠢᠩᠭᠡᠭᠡᠨ ᠥᠢᠯᠡᠳᠴᠥ ᠪᠤᠢ᠃ ᠡᠬᠦᠨ ᠳᠤ 《 ᠪᠠᠷᠠᠭᠤᠨᠰᠢ ᠵᠤᠷᠴᠢᠭᠰᠠᠨ ᠥᠯᠢᠭᠡᠷ》᠂《ᠤᠯᠠᠭᠠᠨ ᠠᠰᠠᠷ ‍ᠤᠨ ᠵᠡᠭᠥᠳᠥᠨ》᠂《 ᠭᠤᠷᠪᠠᠨ ᠤᠯᠤᠰ ‍ᠤᠨ ᠥᠯᠢᠭᠡᠷ》 ᠂《 ᠱᠥᠢ ᠬᠸ ᠱᠠᠰᠳᠢᠷ 》 ᠵᠡᠷᠭᠡ ᠲᠤᠮᠳᠠᠳᠤ ᠤᠯᠤᠰ ‍ᠤᠨ ᠡᠷᠳᠡᠨ ‍ᠤ ᠲᠥᠷᠪᠡᠨ ᠰᠤᠩᠭᠤᠳᠠᠭ ᠪᠥᠲᠥᠭᠡᠯ ‍ᠢ ᠮᠤᠩᠭᠤᠯ ᠢᠶᠠᠷ ᠨᠡᠪᠳᠡᠷᠡᠭᠥᠯᠥᠭᠡᠳ ᠤᠯᠤᠰ ᠪᠠ ᠣᠷᠣᠨ ᠤ ᠲᠡᠰ ‍ᠤᠨ《 ᠠᠵᠢᠨᠠᠢ 》᠂《 ᠰᠠᠷᠠᠨ᠎ᠠ》 ᠱᠠᠩᠨᠠᠯ᠂ 《 ᠲᠠᠪᠤᠨ ᠨᠢᠭᠡ ᠢᠨᠵᠧᠨ᠋᠋ᠧᠷᠢᠩ ‍ᠤᠨ ᠱᠠᠩᠨᠠᠯ》 ‍ᠢ ᠤᠳᠠᠭ᠎ᠠ ᠲᠠᠷᠠᠭᠠᠯᠠᠨ ᠬᠥᠷᠳᠡᠵᠤ ᠪᠢᠯᠡ᠃ ᠮᠦᠨ《 ᠪᠤᠯᠤᠳ ᠬᠡᠷᠭᠢᠨ ᠬᠠᠳᠠᠭᠠᠭᠳᠠᠭᠰᠠᠨ ᠪᠤᠢ》᠂《 ᠴᠢᠩᠭᠢᠰ ᠬᠠᠭᠠᠨ》᠂《 ᠳᠥᠯᠭᠡᠨ ᠳ᠋ᠤᠨ》᠂《 ᠠᠨᠨᠠ ᠺᠠᠷᠧᠨᠢᠨᠠ》 ᠵᠡᠷᠭᠡ ᠣᠯᠣᠰ ‍ᠤᠨ ᠲᠤᠳᠤᠭᠠᠳᠤ ᠶ᠋ᠢᠨ ᠪᠠ ᠲᠡᠯᠡᠭᠡᠢ ᠶ᠋ᠢᠨ ᠨᠡᠷᠡᠳᠥ ᠪᠥᠲᠥᠭᠡᠯ ‍ᠤᠳ ᠢ ᠮᠤᠩᠭᠤᠯ ᠭᠡᠯᠡ ᠪᠡᠷ ᠴᠡᠭᠡᠨ ᠬᠥᠰᠢᠭᠡᠨ᠎ᠡ ᠲᠤᠳᠤᠷᠠᠭᠤᠯᠤᠭᠠᠳ ᠤᠯᠤᠰ ᠤᠨ ᠲᠤᠳᠤᠭᠠᠳᠤ ᠭᠠᠳᠠᠭᠠᠳᠤ ᠶ᠋ᠢᠨ ᠦᠵᠡᠭᠴᠢᠳ ᠤᠨ ᠬᠠᠯᠠᠭᠤᠨ ᠬᠥᠷᠢᠶᠡᠯᠡᠯ᠂ ᠦᠨᠡᠯᠡᠯ ᠮᠠᠭᠳᠠᠭᠠᠯ ‍ᠢ ᠤᠯᠠᠨᠲᠠ ᠲᠤᠰᠤᠬᠰᠠᠨ ᠶᠤᠮ᠃

    ᠰᠢᠨ᠎ᠡ ᠤᠨ ᠤ ᠲᠠᠰᠢᠷᠠᠮ ᠢᠶᠡᠷ ᠦᠵᠡᠭᠴᠢᠳ ᠲᠤ ᠪᠠᠨ ᠲᠤᠭᠤᠯᠭᠠᠬᠤ ᠨᠢᠬᠡᠨ ᠪᠠᠶᠠᠷ ᠤᠨ ᠴᠢᠮᠡᠬᠡ ᠪᠤᠯ ᠵᠥᠴᠥᠭᠡᠴᠢᠨ ᠤ ᠭᠡᠯᠳᠡᠰ ᠤᠨ ᠬᠢᠨ ᠵᠥᠴᠥᠭᠡᠴᠢᠳ ᠤᠨ ᠢᠶᠡᠨ ᠠᠵᠢᠯ ᠠᠮᠢᠳᠤᠷᠠᠯ ᠢᠶᠠᠷ ᠰᠡᠳᠥᠪᠯᠡᠵᠤ ᠦᠢᠯᠡᠳᠤᠭ᠍ᠰᠡᠨ ᠠᠷᠪᠠᠨ ᠲᠥᠷᠪᠡᠨ ᠠᠩᠬᠢᠳᠤ《ᠠᠮᠢᠳᠤᠷᠠᠬᠤ ᠰᠠᠶᠢᠬᠠᠨ》ᠬᠡᠮᠡᠬᠦ ᠬᠢᠨᠣ᠋ ᠪᠡᠨ ᠤᠳᠠᠬᠤ ᠦᠬᠡᠢ ᠲᠠ ᠪᠦᠬᠦᠨ ᠤ ᠪᠠᠨ ᠲᠤᠷᠭᠠᠨ ᠮᠡᠯᠮᠡᠢ ᠳᠤ ᠲᠤᠯᠢᠯᠠᠭᠤᠯᠬᠤ ᠪᠤᠯᠤᠨ᠎ᠠ᠃

ᠢᠷᠡᠯᠳᠡ᠄ ᠰᠢᠨᠬᠤᠸᠠ ᠮᠤᠩᠭᠤᠯ ᠨᠧᠲ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122172396