蒙古文网站Logo
ᠰᠢᠨᠬᠤᠸᠠ ᠮᠤᠩᠭ᠋ᠤᠯ ᠨᠧᠲ

ᠶᠠᠰᠤᠨ ᠪᠢᠴᠢᠭ᠌ 《ᠳᠡᠯᠡᠬᠡᠢ ᠶᠢᠨ ᠳᠤᠷᠠᠰᠤᠮᠵᠢ ᠶᠢᠨ ᠨᠡᠷᠡᠰ》 ᠢᠶᠡᠷ ᠪᠦᠷᠢᠳᠬᠡᠭᠦᠯᠦᠭᠰᠡᠨ ᠢ ᠨᠡᠶᠢᠲᠡᠯᠡᠬᠦ ᠬᠤᠷᠠᠯ ᠪᠡᠭᠡᠵᠢᠩ ᠳᠤ ᠪᠤᠯᠪᠠ

2017-12-28 17:36

    ᠰᠢᠨᠬᠤᠸᠠ ᠬᠤᠷᠢᠶ᠎ᠠ  ᠪᠡᠭᠡᠵᠢᠩ ᠤᠨ 12 ᠰᠠᠷ᠎ᠠ ᠶᠢᠨ 26 ᠤ ᠡᠳᠦᠷ ᠤᠨ ᠴᠠᠬᠢᠯᠭᠠᠨ ᠮᠡᠳᠡᠭᠡ(ᠰᠤᠷᠪᠤᠯᠵᠢᠯᠠᠬᠴᠢ ᠬᠤ ᠬᠤᠤ) ᠲᠤᠰ ᠡᠳᠦᠷ ᠶᠠᠰᠤᠨ ᠪᠢᠴᠢᠭ᠌ 《ᠳᠡᠯᠡᠬᠡᠢ ᠶᠢᠨ ᠳᠤᠷᠠᠰᠤᠮᠵᠢ ᠶᠢᠨ ᠨᠡᠷᠡᠰ》 ᠢᠶᠡᠷ ᠪᠦᠷᠢᠳᠬᠡᠭᠦᠯᠦᠭᠰᠡᠨ ᠢ ᠨᠡᠶᠢᠲᠡᠯᠡᠬᠦ ᠬᠤᠷᠠᠯ ᠪᠡᠭᠡᠵᠢᠩ ᠳᠤ ᠪᠤᠯᠪᠠ᠃

    ᠰᠤᠷᠭᠠᠨ ᠬᠦᠮᠦᠵᠢᠯ ᠤᠨ ᠶᠠᠮᠤᠨ᠂ ᠤᠯᠤᠰ ᠤᠨ ᠦᠬᠡ ᠬᠡᠯᠡ ᠦᠰᠦᠭ ᠪᠢᠴᠢᠭ᠌ ᠤᠨ ᠠᠵᠢᠯ ᠤᠨ ᠺᠤᠮᠢᠰ᠂ ᠤᠯᠤᠰ ᠤᠨ ᠲᠡᠦᠬᠡᠨ ᠳᠤᠷᠠᠰᠬᠠᠯᠲᠤ ᠪᠤᠳᠠᠰ ᠤᠨ ᠲᠤᠪᠴᠢᠶ᠎ᠠ᠂ ᠤᠯᠤᠰ ᠤᠨ ᠳᠠᠨᠭᠰᠠ ᠡᠪᠬᠡᠮᠡᠯ ᠤᠨ ᠲᠤᠪᠴᠢᠶ᠎ᠠ᠂ ᠬᠠᠭᠠᠨ ᠤ ᠤᠷᠳᠤᠨ ᠤ ᠮᠦᠽᠧᠢ᠂ ᠳᠤᠮᠳᠠᠳᠤ ᠤᠯᠤᠰ ᠤᠨ ᠨᠢᠭᠡᠳᠦᠭᠰᠡᠨ ᠦᠨᠳᠦᠰᠦᠨ ᠤ ᠪᠠᠶᠢᠭᠤᠯᠤᠯᠭ᠎ᠠ ᠶᠢᠨ ᠪᠤᠯᠪᠠᠰᠤᠷᠠᠯ ᠰᠢᠨᠵᠢᠯᠡᠬᠦ ᠤᠬᠠᠭᠠᠨ ᠰᠤᠶᠤᠯ ᠤᠨ ᠵᠤᠬᠢᠶᠠᠨ ᠪᠠᠶᠢᠭᠤᠯᠤᠯᠲᠠ ᠶᠢᠨ ᠪᠦᠬᠦ ᠭᠡᠰᠢᠭᠦᠳ ᠤᠨ ᠬᠤᠷᠠᠯ ᠡᠴᠡ ᠬᠠᠮᠲᠤᠷᠠᠨ ᠵᠤᠬᠢᠶᠠᠨ ᠪᠠᠶᠢᠭᠤᠯᠤᠬᠰᠠᠨ ᠡᠨᠡᠬᠦ ᠬᠤᠷᠠᠯ ᠡᠴᠡ ᠤᠶᠢᠯᠠᠭᠠᠬᠰᠠᠨ ᠢᠶᠡᠷ᠂ ᠮᠠᠨ ᠤ ᠤᠯᠤᠰ ᠤᠨ ᠡᠷᠭᠦᠳᠡᠯ ᠳᠡᠪᠰᠢᠭᠦᠯᠦᠭᠰᠡᠨ ᠶᠠᠰᠤᠨ ᠪᠢᠴᠢᠭ᠌ ᠤᠨ ᠲᠦᠰᠦᠯ ᠨᠢ ᠡᠨᠡ ᠤᠨ ᠤ 10 ᠰᠠᠷ᠎ᠠ  ᠳᠤ ᠨᠢᠭᠡᠳᠦᠭᠰᠡᠨ ᠦᠨᠳᠦᠰᠦᠨ ᠤ ᠪᠠᠶᠢᠭᠤᠯᠤᠯᠭ᠎ᠠ ᠶᠢᠨ ᠪᠤᠯᠪᠠᠰᠤᠷᠠᠯ ᠰᠢᠨᠵᠢᠯᠡᠬᠦ ᠤᠬᠠᠭᠠᠨ ᠰᠤᠶᠤᠯ ᠤᠨ ᠵᠤᠬᠢᠶᠠᠨ ᠪᠠᠶᠢᠭᠤᠯᠤᠯᠲᠠ ᠶᠢᠨ ᠳᠡᠯᠡᠬᠡᠢ ᠶᠢᠨ ᠳᠤᠷᠠᠰᠤᠮᠵᠢ ᠲᠦᠰᠦᠯ ᠤᠨ ᠤᠯᠠᠨ ᠤᠯᠤᠰ ᠤᠨ ᠠᠰᠠᠭᠤᠨ ᠯᠠᠪᠯᠠᠬᠤ ᠺᠤᠮᠢᠰ ᠤᠨ ᠦᠨᠡᠯᠡᠯᠲᠡ ᠵᠢ ᠳᠠᠮᠵᠢᠨ ᠠᠮᠵᠢᠯᠲᠠ ᠲᠠᠢ ᠪᠡᠷ《ᠳᠡᠯᠡᠬᠡᠢ ᠶᠢᠨ ᠳᠤᠷᠠᠰᠤᠮᠵᠢ ᠶᠢᠨ ᠨᠡᠷᠡᠰ》ᠲᠤ ᠪᠦᠷᠢᠳᠬᠡᠭᠦᠯᠵᠡᠢ᠃

    1997 ᠤᠨ ᠡᠴᠡ ᠡᠬᠢᠯᠡᠨ ᠮᠠᠨ ᠤ ᠤᠯᠤᠰ ᠤᠨ ᠨᠡᠶᠢᠲᠡ 13 ᠬᠤᠪᠢ ᠰᠤᠷᠪᠤᠯᠵᠢ ᠪᠢᠴᠢᠭ᠌《ᠳᠡᠯᠡᠬᠡᠢ ᠶᠢᠨ ᠳᠤᠷᠠᠰᠤᠮᠵᠢ ᠶᠢᠨ ᠨᠡᠷᠡᠰ》ᠳᠤ ᠵᠢᠬᠰᠠᠭᠠᠬᠳᠠᠬᠰᠠᠨ ᠪᠠᠶᠢᠨ᠎ᠠ᠃

    ᠶᠠᠰᠤᠨ ᠪᠢᠴᠢᠭ᠌《ᠳᠡᠯᠡᠬᠡᠢ ᠶᠢᠨ ᠳᠤᠷᠠᠰᠤᠮᠵᠢ ᠶᠢᠨ ᠨᠡᠷᠡᠰ》 ᠢᠶᠡᠷ ᠪᠦᠷᠢᠳᠬᠡᠭᠦᠯᠦᠭᠰᠡᠨ ᠪᠠᠶᠠᠷ ᠢ ᠳᠡᠮᠳᠡᠭᠯᠡᠬᠦ ᠶᠢᠨ ᠲᠤᠰᠠᠳᠠ ᠰᠤᠷᠭᠠᠨ ᠬᠦᠮᠦᠵᠢᠯ ᠤᠨ ᠶᠠᠮᠤᠨ᠂ ᠤᠯᠤᠰ ᠤᠨ ᠦᠭᠡ ᠬᠡᠯᠡ ᠦᠰᠦᠭ ᠪᠢᠴᠢᠭ᠌ ᠤᠨ ᠠᠵᠢᠯ ᠤᠨ ᠺᠤᠮᠢᠰ ᠳᠤᠮᠳᠠᠳᠤ ᠤᠯᠤᠰ ᠤᠨ ᠰᠢᠦᠳᠡᠨ ᠳᠡᠮᠳᠡᠭ ᠤᠨ ᠳᠤᠷᠠᠰᠤᠮᠵᠢ ᠶᠢᠨ ᠶᠡᠷᠦᠩᠬᠡᠢ ᠺᠤᠮᠫᠠᠨᠢ ᠳᠤ ᠨᠠᠶᠢᠳᠠᠵᠦ ᠳᠤᠷᠠᠰᠬᠠᠯ ᠤᠨ ᠳᠤᠬᠳᠤᠢ ᠦᠢᠯᠡᠳᠦᠨ ᠲᠠᠷᠬᠠᠭᠠᠵᠠᠢ᠃

ᠶᠠᠰᠤᠨ ᠪᠢᠴᠢᠭ᠌《ᠳᠡᠯᠡᠬᠡᠢ ᠶᠢᠨ ᠳᠤᠷᠠᠰᠤᠮᠵᠢ ᠶᠢᠨ ᠨᠡᠷᠡᠰ》 ᠢᠶᠡᠷ ᠪᠦᠷᠢᠳᠬᠡᠭᠦᠯᠦᠭᠰᠡᠨ ᠢ ᠨᠡᠶᠢᠲᠡᠯᠡᠬᠦ ᠬᠤᠷᠠᠯ ᠪᠡᠭᠡᠵᠢᠩ ᠳᠤ ᠪᠤᠯᠤᠯ᠎ᠠ

ᠨᠢᠭᠡᠳᠦᠭᠰᠡᠨ ᠦᠨᠳᠦᠰᠦᠨ ᠤ ᠪᠠᠶᠢᠭᠤᠯᠤᠯᠭ᠎ᠠ ᠶᠢᠨ ᠪᠤᠯᠪᠠᠰᠤᠷᠠᠯ ᠰᠢᠨᠵᠢᠯᠡᠬᠦ ᠤᠬᠠᠭᠠᠨ ᠰᠤᠶᠤᠯ ᠤᠨ ᠵᠤᠬᠢᠶᠠᠨ ᠪᠠᠶᠢᠭᠤᠯᠤᠯᠲᠠ ᠶᠢᠨ ᠳᠤᠮᠳᠠᠳᠤ ᠳᠤ ᠰᠠᠭᠤᠭ᠎ᠠ ᠭᠠᠵᠠᠷ ᠤᠨ ᠲᠦᠯᠦᠭᠡᠯᠡᠭᠴᠢ ᠦᠭᠡ ᠶᠠᠷᠢᠵᠦ ᠪᠤᠢ

 

ᠬᠠᠭᠠᠨ ᠤ ᠤᠷᠳᠤᠨ ᠤ ᠮᠦᠽᠧᠢ ᠶᠢᠨ ᠳᠠᠷᠤᠭ᠎ᠠ ᠱᠠᠨ ᠵᠢᠢ ᠰᠢᠶᠠᠩ ᠦᠭᠡ ᠶᠠᠷᠢᠵᠦ ᠪᠤᠢ

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122180753