微信打开
蒙古文网站Logo
ᠰᠢᠨᠬᠤᠸᠠ ᠮᠤᠩᠭ᠋ᠤᠯ ᠨᠧᠲ

《ᠲᠡᠭᠷᠢ ᠶᠢᠨ ᠲᠠᠯᠠᠯᠭ᠎ᠠ ᠲᠠᠢ ᠪᠠᠲᠤᠴᠠᠭᠠᠨ》ᠪᠤᠶᠤ ᠰᠠ‍‍‍‍‍‍‍‍‍‍‍• ᠤᠶᠠᠩᠭ᠋᠎ᠠ

2018-01-05 16:27

    ᠡᠷᠬᠢᠮ ᠬᠦᠨᠳᠦᠲᠡᠢ ᠨᠧᠲ ᠠᠰᠢᠭᠯᠠᠭᠴᠢᠳ ᠮᠠᠨᠢ ᠲᠠ ᠪᠦᠬᠦᠨ ᠦᠩ ᠲᠠᠢ ᠰᠠᠶᠢᠬᠠᠨ ᠡᠪᠦᠯᠵᠢᠵᠦ ᠪᠠᠶᠢᠨ᠎ᠠ ᠤᠤ!ᠤᠲᠤ ᠲᠠ ᠪᠦᠬᠦᠨ ᠳ᠋ᠤ ᠬᠦᠷᠴᠦ ᠪᠠᠶᠢᠭ᠎ᠠ ᠪᠤᠯ ᠵᠠᠯᠠᠭᠤ ᠲᠠᠭᠤᠴᠢᠨ ᠰᠠ‍ᠤᠶᠠᠩᠭ᠋᠎ᠠ ᠶᠢᠨᠲᠡᠭᠷᠢ ᠶᠢᠨ ᠲᠠᠯᠠᠯᠭ᠎ᠠ ᠲᠠᠢ ᠪᠠᠲᠤᠴᠠᠭᠠᠨᠲᠠᠭᠤᠤ ᠪᠤᠯᠤᠨ᠎ᠠ᠃ ᠬᠦᠯᠢᠶᠠᠨ ᠰᠤᠨᠢᠷᠬᠠᠮᠦ!

    ᠰᠠ‍ᠤᠶᠠᠩᠭ᠋᠎ᠠ ᠦᠪᠦᠷ ᠮᠤᠩᠭ᠋ᠤᠯ ᠤᠨ ᠲᠦᠩᠯᠢᠶᠤᠤ ᠬᠤᠲᠠ ᠶᠢᠨ ᠬᠤᠷᠴᠢᠨ ᠵᠡᠬᠦᠨ ᠭᠠᠷᠤᠨ ᠬᠤᠶᠢᠲᠤ ᠬᠤᠰᠢᠭᠤ ᠪᠡᠷ ᠨᠤᠲᠤᠭ ᠲᠠᠢ᠃ ᠲᠡᠷᠡ ᠪᠡᠷ ᠤᠲᠤ ᠬᠦᠬᠡᠬᠤᠲᠠ ᠦᠨᠳᠦᠰᠦᠲᠡᠨ ᠤ ᠲᠡᠭᠡᠳᠦ ᠰᠤᠷᠭᠠᠭᠤᠯᠢ ᠳ᠋ᠤ ᠲᠠᠭᠤᠨ ᠤ ᠮᠡᠷᠭᠡᠵᠢᠯ ᠤᠨ ᠪᠠᠭᠰᠢ ᠪᠡᠷ ᠠᠵᠢᠯᠯᠠᠵᠤ ᠪᠠᠶᠢᠨ᠎ᠠ᠃

    2002 ᠤᠨ ᠡᠴᠡ 2005 ᠤᠨ ᠤ ᠬᠤᠭᠤᠷᠤᠨᠲᠤ ᠬᠦᠬᠡᠬᠤᠲᠠ ᠦᠨᠳᠦᠰᠦᠲᠡᠨ ᠤ ᠲᠡᠭᠡᠳᠦ ᠰᠤᠷᠭᠠᠭᠤᠯᠢ ᠶᠢᠨ ᠲᠠᠭᠤᠤ ᠬᠦᠭ᠍ᠵᠢᠮ ᠤᠨ ᠰᠠᠯᠪᠤᠷᠢ ᠳ᠋ᠤ ᠰᠤᠷᠤᠯᠴᠠᠵᠤ᠂ 2014 ᠤᠨ ᠡᠴᠡ 2016 ᠤᠨ ᠤ ᠬᠤᠭᠤᠷᠤᠨᠲᠤ ᠮᠤᠩᠭ᠋ᠤᠯ ᠤᠯᠤᠰ ᠤᠨ ᠰᠤᠶᠤᠯ ᠤᠷᠠᠯᠢᠭ ᠤᠨ ᠶᠡᠬᠡ ᠰᠤᠷᠭᠠᠭᠤᠯᠢ ᠳ᠋ᠤ ᠰᠤᠷᠤᠯᠴᠠᠵᠤ ᠴᠢᠯᠠᠭᠤᠨᠴᠡᠴᠡᠭ ᠲᠤ ᠱᠠᠪᠢᠯᠠᠨ ᠬᠤᠷᠴᠢᠨ ᠠᠷᠠᠳ ᠤᠨ ᠲᠠᠭᠤᠤ ᠶᠢ ᠤᠤᠭᠠᠯ ᠨᠤᠲᠤᠭ ᠤᠨ ᠦᠨᠦᠷ ᠠᠮᠲᠠ ᠪᠡᠷ ᠨᠢ ᠬᠠᠯᠬ᠎ᠠ ᠮᠤᠩᠭ᠋ᠤᠯ ᠤᠨ ᠲᠦᠪ ᠠᠶᠠᠯᠭᠤ ᠪᠡᠷ ᠲᠠᠭᠤᠯᠠᠬᠤ ᠶᠢ ᠵᠤᠷᠢᠵᠤ᠂ ᠮᠤᠩᠭ᠋ᠤᠯ ᠤᠯᠤᠰ ᠤᠨ ᠤᠷᠲᠤ ᠶᠢᠨ ᠲᠠᠭᠤᠤ ᠶᠢᠨ ᠮᠡᠷᠭᠡᠵᠢᠯ ᠶᠢᠡᠷ ᠮᠠᠭᠢᠰᠲ᠋ᠷ ᠴᠤᠯᠠ ᠬᠠᠮᠠᠭᠠᠯᠠᠵᠠᠢ᠃ ᠮᠦᠨ ᠡᠨᠡᠬᠦ ᠬᠤᠭᠤᠴᠠᠭᠠᠨ ᠳ᠋ᠤ ᠮᠤᠩᠭ᠋ᠤᠯ ᠤᠯᠤᠰ ᠤᠨ ᠬᠦᠭ᠍ᠵᠢᠮ ᠤᠨ ᠨᠡᠷᠡᠲᠦ ᠵᠤᠬᠢᠶᠠᠯᠴᠢ ᠪᠠ‍᠋ᠮᠦᠩᠬᠡᠵᠢᠷᠭᠠᠯ ᠳ᠋ᠤ ᠱᠠᠪᠢᠯᠠᠨ ᠤᠯᠠᠨ ᠰᠠᠶᠢᠬᠠᠨ ᠤᠷᠠᠨ ᠪᠦᠲᠦᠭᠡᠯ ᠤᠨ ᠲᠤᠭᠤᠷᠢᠨ ᠳ᠋ᠤ ᠬᠠᠮᠲᠤᠷᠠᠭᠰᠠᠨ ᠶᠤᠮ᠃

    ᠰᠠ‍ᠤᠶᠠᠩᠭ᠋᠎ᠠ ᠤᠯᠠᠨ ᠵᠢᠯ ᠲᠠᠷᠠᠭᠠᠯᠠᠨ ᠦᠪᠦᠷ ᠮᠤᠩᠭ᠋ᠤᠯ ᠤᠨ ᠮᠤᠩᠭ᠋ᠤᠯ ᠤᠲᠤᠨ ᠲᠧᠯᠸ᠋ᠢᠰ ᠤᠨ ᠴᠠᠭᠠᠨ ᠰᠠᠷ᠎ᠠ ᠶᠢᠨ ᠦᠲᠡᠰᠢᠯᠡᠭᠡ᠂ ᠲᠦᠩᠯᠢᠶᠤᠤ ᠬᠤᠲᠠ ᠶᠢᠨ ᠴᠠᠭᠠᠨ ᠰᠠᠷ᠎ᠠ ᠶᠢᠨ ᠦᠲᠡᠰᠢᠯᠡᠭᠡ ᠵᠡᠷᠭᠡ ᠴᠡᠩᠭᠡᠬᠦᠨ ᠶᠢᠡᠷ ᠤᠷᠤᠯᠴᠠᠭᠰᠠᠨ ᠪᠠᠶᠢᠨ᠎ᠠ᠃ ᠡᠭᠦᠨ ᠳ᠋ᠤ 2016 ᠤᠨ ᠤᠮᠤᠩᠭ᠋ᠤᠯ ᠪᠠᠬᠠᠷᠬᠠᠯᠴᠠᠭᠠᠨ ᠰᠠᠷ᠎ᠠ ᠶᠢᠨ ᠦᠲᠡᠰᠢᠯᠡᠭᠡ ᠳ᠋ᠤᠲᠦᠷᠪᠡᠨ ᠴᠠᠭᠬᠡᠮᠡᠬᠦ ᠮᠤᠩᠭ᠋ᠤᠯ ᠤᠷᠲᠤ ᠶᠢᠨ ᠲᠠᠭᠤᠤ ᠶᠢ ᠮᠤᠩᠭ᠋ᠤᠯ ᠤᠯᠤᠰ ᠤᠨ ᠨᠡᠷᠡᠲᠦ ᠦᠨᠳᠦᠰᠦᠲᠡᠨ ᠤ ᠬᠦᠭ᠍ᠵᠢᠮ ᠤᠨ ᠪᠦᠯᠬᠦᠮᠲᠦᠮᠡᠨ ᠡᠬᠡ ᠴᠢᠭᠤᠯᠭ᠎ᠠᠲᠠᠢ ᠬᠠᠮᠲᠤᠷᠠᠨ ᠳᠤᠭᠯᠠᠭᠰᠠᠨ ᠢᠶᠡᠷ ᠬᠤᠶᠠᠷ ᠤᠷᠤᠨ ᠤ ᠤᠷᠠᠨ ᠪᠦᠲᠦᠭᠡᠯᠴᠢᠳ ᠤᠨ ᠬᠠᠮᠲᠤᠷᠠᠯᠴᠠᠭᠠᠨ ᠳ᠋ᠤ ᠪᠠᠰᠠ ᠨᠢᠭᠡᠨ ᠰᠢᠨ᠎ᠡ ᠬᠠᠭᠤᠲᠠᠰᠤ ᠶᠢ ᠪᠢᠴᠢᠭᠯᠡᠪᠡ᠃

    ᠰᠠ‍ᠤᠶᠠᠩᠭ᠋᠎ᠠ ᠶᠢᠨ ᠲᠠᠭᠤᠤ ᠨᠢ ᠦᠵᠡᠭᠴᠢ ᠰᠤᠨᠤᠰᠤᠭᠴᠢᠳ ᠤᠨ ᠪᠠᠬᠠᠷᠬᠠᠯ ᠰᠠᠶᠢᠰᠢᠶᠠᠯ ᠢ ᠬᠦᠷᠲᠡᠵᠦ ᠬᠦᠮᠦᠰ ᠤᠨ ᠲᠤᠮᠲᠠ ᠬᠦᠷᠢᠶᠡᠯᠡᠯ ᠶᠡᠬᠡᠲᠡᠢ ᠪᠠᠶᠢᠲᠠᠭ᠃ 2014 ᠤᠨ ᠤ 8 ᠰᠠᠷ᠎ᠠ ᠳ᠋ᠤ ᠬᠠᠮᠤᠭ ᠤᠨ ᠠᠩᠬᠠᠨ ᠤ ᠬᠤᠷᠴᠢᠨ ᠠᠷᠠᠳ ᠤᠨ ᠲᠠᠭᠤᠨ ᠤ ᠪᠢᠴᠢᠯᠭᠡ ᠪᠤᠯᠬᠤᠬᠠᠶᠢᠷ᠎ᠠ ᠶᠢᠨ ᠤᠶᠠᠩᠭ᠋᠎ᠠᠪᠠᠨ ᠲᠠᠷᠠᠬᠭᠠᠪᠠ᠃ ᠡᠨᠡᠬᠦ ᠪᠢᠴᠢᠯᠭᠡ ᠨᠢ ᠪᠠᠷᠢᠮᠵᠢᠶ᠎ᠠ ᠠᠪᠢᠶ᠎ᠠ ᠪᠠ ᠬᠠᠯᠬ᠎ᠠ ᠮᠤᠩᠭ᠋ᠤᠯ ᠤᠨ ᠲᠦᠪ ᠠᠶᠠᠯᠭᠤ ᠪᠡᠷ ᠬᠤᠷᠴᠢᠨ ᠠᠷᠠᠳ ᠤᠨ ᠲᠠᠭᠤᠤ ᠶᠢ ᠨᠠᠶᠢᠷᠠᠭᠤᠯᠤᠨ ᠲᠠᠭᠤᠯᠠᠭᠰᠠᠨ ᠶᠢᠡᠷ ᠶᠢᠡᠨ ᠬᠤᠶᠠᠷ ᠤᠷᠤᠨ ᠤ ᠬᠦᠮᠦᠰ ᠤᠨ ᠬᠠᠯᠠᠭᠤᠨ ᠬᠦᠷᠢᠶᠡᠯᠡᠯ ᠪᠠ ᠰᠠᠶᠢᠨ ᠦᠨᠡᠯᠡᠯᠲᠡ ᠶᠢ ᠤᠯᠤᠭᠰᠠᠨ ᠪᠠᠶᠢᠨ᠎ᠠ᠃

    ᠲᠡᠷᠡ 2012 ᠤᠨ᠂ 2014 ᠤᠨ ᠳ᠋ᠤ ᠦᠪᠦᠷ ᠮᠤᠩᠭ᠋ᠤᠯ ᠤᠨ ᠦᠪᠡᠷᠲᠡᠭᠡᠨ ᠵᠠᠰᠠᠬᠤ ᠤᠷᠤᠨ ᠤᠲᠠᠪᠤᠨ ᠨᠢᠭᠡ ᠢᠨᠵᠧᠨ᠋᠋ᠧᠷᠢᠩ》 ᠤ᠋ᠨ ᠱᠠᠩᠨᠠᠯ᠂ 2013 ᠤᠨ ᠤ 9 ᠰᠠᠷ᠎ᠠ ᠳ᠋ᠤᠶᠡᠬᠡ ᠴᠦᠩᠬᠦᠯ ᠤᠨ ᠤᠰᠤᠨᠬᠡᠮᠡᠬᠦ ᠲᠠᠭᠤᠤ ᠨᠢ ᠲᠤᠮᠲᠠᠲᠤ ᠤᠯᠤᠰ ᠤᠨ ᠠᠷᠪᠠᠨ ᠭᠤᠷᠪᠠᠲᠤᠭᠠᠷ ᠬᠤᠭᠤᠴᠠᠭᠠᠨ ᠤ ᠰᠤᠶᠤᠯ ᠤᠷᠠᠯᠢᠭ ᠤᠨ ᠨᠠᠶᠢᠷ ᠤᠨ ᠨᠡᠷᠡᠲᠦ ᠦᠵᠡᠮᠵᠢ ᠶᠢᠨ ᠤᠷᠤᠨ ᠤ ᠲᠠᠭᠤᠤ ᠶᠢᠨ ᠰᠢᠯᠭᠠᠷᠠᠭᠤᠯᠤᠯᠲᠠ ᠳ᠋ᠤ ᠮᠦᠩᠬᠦᠨ ᠮᠧᠳ᠋ᠠᠯ ᠲᠤᠰᠤᠭᠰᠠᠨ ᠶᠤᠮ᠃

    ᠰᠠ‍ᠤᠶᠠᠩᠭ᠋᠎ᠠ ᠬᠤᠷᠴᠢᠨ ᠠᠷᠠᠳ ᠤᠨ ᠲᠠᠭᠤᠤ ᠪᠠᠨ ᠲᠡᠯᠡᠬᠡᠢ ᠶᠢᠨ ᠴᠢᠬᠢᠨ᠎ᠡ ᠲᠠᠭᠤᠷᠢᠰᠬᠠᠵᠤ᠂ ᠲᠠᠭᠤᠯᠠᠬᠤ ᠲᠤᠷᠠᠲᠠᠢ ᠲᠠᠭᠤᠤ ᠪᠠᠨ ᠬᠦᠮᠦᠨ ᠵᠤᠨ ᠳ᠋ᠠᠭᠠᠨ ᠡᠷᠬᠦᠵᠦ ᠶᠠᠪᠤᠨ᠎ᠠ ᠃ 

ᠢᠷᠡᠯᠳᠡ᠄ ᠰᠢᠨᠬᠤᠧᠠ ᠮᠤᠩᠭ᠋ᠤᠯ ᠨᠧᠲ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠨᠠᠷᠢᠯᠢᠬ ᠭᠤᠶᠤᠮᠰᠤᠭ ᠮᠦᠰᠦᠨ ᠱᠤᠭᠤᠮᠠᠯ 
  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
关闭
010070230030000000000000011120701122216968