蒙古文网站Logo
ᠰᠢᠨᠬᠤᠸᠠ ᠮᠤᠩᠭ᠋ᠤᠯ ᠨᠧᠲ

ᠳᠤᠭ᠎ᠠ ᠪᠦᠷᠢᠳᠬᠡᠯ ᠤᠨ ᠳᠤᠪᠴᠢᠶ᠎ᠠ᠄ 11 ᠰᠠᠷ᠎ᠠ ᠶᠢᠨ CPI ᠦᠩᠬᠡᠷᠡᠭᠰᠡᠨ ᠤᠨ ᠤ ᠮᠦᠨ ᠦᠶ᠎ᠡ ᠶᠢᠨ ᠬᠢ ᠡᠴᠡ 2.3% ᠪᠡᠷ ᠦᠰᠪᠡ

2016-12-13 12:55

    2016 ᠤᠨ ᠤ 11 ᠰᠠᠷ᠎ᠠ ᠳᠤ᠂ ᠤᠯᠤᠰ ᠲᠠᠶᠠᠭᠠᠷ ᠤᠨ ᠰᠠᠭᠤᠭᠠᠯᠢ ᠢᠷᠬᠡᠳ ᠤᠨ ᠬᠡᠷᠡᠭᠯᠡᠬᠡᠨ ᠤ ᠦᠨ᠎ᠡ ᠶᠢᠨ ᠶᠡᠷᠦᠩᠬᠡᠢ ᠳᠦᠪᠰᠢᠨ ᠦᠩᠬᠡᠷᠡᠭᠰᠡᠨ ᠤᠨ ᠤ ᠮᠦᠨ ᠦᠶ᠎ᠡ ᠶᠢᠨ ᠬᠢ ᠡᠴᠡ 2.3% ᠪᠡᠷ ᠦᠰᠴᠠᠢ᠃ ᠡᠬᠦᠨ ᠳᠤ ᠬᠤᠳᠠ ᠶᠢᠨ ᠬᠢ 2.3% ᠪᠡᠷ ᠦᠰᠴᠤ᠂ ᠬᠦᠳᠡᠬᠡ ᠤᠷᠤᠨ ᠨᠤᠳᠤᠭ ᠤᠨ ᠬᠢ 2.0% ᠪᠡᠷ ᠦᠰᠪᠡ᠃ ᠬᠦᠨᠡᠰᠦᠨ ᠤ ᠪᠦᠳᠦᠬᠡᠭᠳᠡᠬᠦᠨ ᠤ ᠦᠨ᠎ᠡ 4.0% ᠪᠡᠷ ᠦᠰᠴᠤ᠂ ᠬᠦᠨᠡᠰᠦᠨ ᠤ ᠪᠤᠰᠤ ᠪᠦᠳᠦᠬᠡᠭᠳᠡᠬᠦᠨ ᠤ ᠦᠨ᠎ᠡ 1.8% ᠪᠡᠷ ᠦᠰᠪᠡ᠃ ᠬᠡᠷᠡᠭᠯᠡᠬᠡᠨ ᠤ ᠪᠦᠳᠦᠬᠡᠭᠳᠡᠬᠦᠨ ᠤ ᠦᠨ᠎ᠡ 2.1% ᠪᠡᠷ ᠦᠰᠴᠤ᠂ ᠦᠢᠯᠡᠴᠢᠯᠡᠬᠡᠨ ᠤ ᠦᠨ᠎ᠡ 2.4% ᠪᠡᠷ ᠦᠰᠴᠠᠢ᠃

    1-11 ᠰᠠᠷ᠎ᠠ ᠳᠤ ᠤᠯᠤᠰ ᠲᠠᠶᠠᠭᠠᠷ ᠤᠨ ᠰᠠᠭᠤᠭᠠᠯᠢ ᠢᠷᠬᠡᠳ ᠤᠨ ᠬᠡᠷᠡᠭᠯᠡᠬᠡᠨ ᠤ ᠦᠨ᠎ᠡ ᠶᠢᠨ ᠶᠡᠷᠦᠩᠬᠡᠢ ᠳᠦᠪᠰᠢᠨ ᠦᠩᠬᠡᠷᠡᠭᠰᠡᠨ ᠤᠨ ᠤ ᠮᠦᠨ ᠦᠶ᠎ᠡ ᠶᠢᠨ ᠬᠢ ᠡᠴᠡ ᠳᠤᠮᠳᠠᠴᠢ ᠪᠡᠷ 2.0% ᠪᠡᠷ ᠦᠰᠦᠭᠰᠡᠨ ᠪᠠᠶᠢᠨ᠎ᠠ᠃

    11 ᠰᠠᠷ᠎ᠠ ᠳᠤ᠂ ᠤᠯᠤᠰ ᠲᠠᠶᠠᠭᠠᠷ ᠤᠨ ᠰᠠᠭᠤᠭᠠᠯᠢ ᠢᠷᠬᠡᠳ ᠤᠨ ᠬᠡᠷᠡᠭᠯᠡᠬᠡᠨ ᠤ ᠦᠨ᠎ᠡ ᠶᠢᠨ ᠶᠡᠷᠦᠩᠬᠡᠢ ᠳᠦᠪᠰᠢᠨ ᠦᠩᠬᠡᠷᠡᠭᠰᠡᠨ ᠡᠬᠡᠯᠵᠢ ᠶᠢᠨ ᠬᠢ ᠡᠴᠡ 0.1% ᠪᠡᠷ ᠦᠰᠴᠠᠢ᠃ ᠡᠬᠦᠨ ᠳᠤ ᠬᠤᠳᠠ ᠶᠢᠨ ᠬᠢ 0.1% ᠪᠡᠷ ᠦᠰᠴᠤ᠂ ᠬᠦᠳᠡᠬᠡ ᠤᠷᠤᠨ ᠨᠤᠳᠤᠭ ᠤᠨ ᠬᠢ 0.2% ᠢᠶᠡᠷ ᠦᠰᠪᠡ᠃ ᠬᠦᠨᠡᠰᠦᠨ ᠤ ᠪᠦᠳᠦᠬᠡᠭᠳᠡᠬᠦᠨ ᠤ ᠦᠨ᠎ᠡ 0.2% ᠢᠶᠡᠷ ᠦᠰᠴᠤ᠂ ᠬᠦᠨᠡᠰᠦᠨ ᠤ ᠪᠤᠰᠤ ᠪᠦᠳᠦᠬᠡᠭᠳᠡᠬᠦᠨ ᠤ ᠦᠨ᠎ᠡ 0.1% ᠪᠡᠷ ᠦᠰᠪᠡ᠃ ᠬᠡᠷᠡᠭᠯᠡᠬᠡᠨ ᠤ ᠪᠦᠳᠦᠬᠡᠭᠳᠡᠬᠦᠨ ᠤ ᠦᠨ᠎ᠡ 0.3% ᠪᠡᠷ ᠦᠰᠴᠤ᠂ ᠦᠢᠯᠡᠴᠢᠯᠡᠬᠡᠨ ᠤ ᠦᠨ᠎ᠡ 0.1% ᠪᠡᠷ ᠪᠠᠭᠤᠷᠠᠵᠠᠢ᠃

ᠢᠷᠡᠯᠳᠡ᠄ ᠰᠢᠨᠬᠤᠧᠠ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠵᠢᠷᠭᠤᠭᠠᠨ ᠮᠤᠵᠢ ᠤᠷᠤᠨ ᠤ ᠦᠨᠳᠦᠰᠦᠳᠡᠨ ᠤ ᠴᠦᠬᠡᠩᠬᠢ ᠶᠢᠨ ᠤᠷᠠᠨ ᠰᠠᠶᠢᠬᠠᠨ ᠤ ᠳᠤᠭᠯᠠᠯᠳᠠ ᠦᠨᠳᠦᠷᠯᠡᠯ᠎᠎ᠡ
  • ᠠᠩᠬᠠᠳᠤᠭᠠᠷ ᠤᠳᠠᠭᠠᠨ ᠤ 《ᠠᠯᠲᠠᠨ ᠳᠡᠯᠡᠬᠡᠢ》 ᠨᠡᠷᠡᠮᠵᠢᠲᠤ ᠦᠪᠦᠷ ᠮᠣᠩᠭᠣᠯ ᠤᠨ ᠤᠶᠤᠲᠠᠳ ᠤᠨ ᠮᠤᠩ᠋ᠭᠤᠯ ᠰᠢᠲᠠᠷ᠎ᠠ ᠶᠢᠨ ᠤᠷᠤᠯᠳᠤᠭᠠᠨ ᠠᠮᠵᠢᠯᠲᠠ ᠲᠠᠢ ᠶᠠᠪᠤᠭᠳᠠᠯ᠎ᠠ
  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
关闭
010070230030000000000000011120701120108492