蒙古文网站Logo
ᠰᠢᠨᠬᠤᠸᠠ ᠮᠤᠩᠭ᠋ᠤᠯ ᠨᠧᠲ

ᠤᠯᠤᠰ ᠤᠨ ᠳᠡᠷᠢᠬᠦᠯᠡᠭᠴᠢ ᠰᠢ ᠵᠢᠨ ᠫᠢᠩ ᠭᠠᠳᠠᠭᠠᠳᠤ ᠳᠤ ᠰᠠᠭᠤᠭ᠎ᠠ ᠡᠯᠴᠢᠨ ᠰᠠᠶᠢᠳ ᠢ ᠳᠤᠰᠢᠶᠠᠯ ᠳᠤ ᠳᠤᠮᠢᠯᠠᠬᠤ ᠪᠤᠶᠤ ᠳᠤᠰᠢᠶᠠᠯ ᠢ ᠨᠢ ᠬᠠᠰᠤᠪᠠ

2017-02-07 11:16

    ᠰᠢᠨᠬᠤᠧᠠ ᠬᠤᠷᠢᠶ᠎ᠠ   ᠪᠡᠬᠡᠵᠢᠩ ᠤᠨ 2 ᠰᠠᠷ᠎ᠠ ᠶᠢᠨ 6 ᠤ ᠡᠳᠦᠷ ᠤᠨ ᠴᠠᠬᠢᠯᠭᠠᠨ ᠮᠡᠳᠡᠬᠡ   ᠪᠦᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠳᠡᠷᠢᠬᠦᠯᠡᠭᠴᠢ ᠰᠢ ᠵᠢᠨ ᠫᠢᠩ ᠪᠦᠬᠦ ᠤᠯᠤᠰ ᠤᠨ ᠠᠷᠠᠳ ᠤᠨ ᠳᠦᠯᠦᠬᠡᠯᠡᠭᠴᠢᠳ ᠤᠨ ᠶᠡᠬᠡ ᠬᠤᠷᠠᠯ ᠤᠨ ᠪᠠᠶᠢᠩᠭᠤ ᠶᠢᠨ ᠬᠤᠷᠢᠶᠠᠨ ᠤ ᠳᠤᠭᠳᠠᠭᠠᠯ ᠤᠨ ᠳᠠᠭᠠᠤ ᠳᠠᠷᠠᠭᠠᠬᠢ ᠭᠠᠳᠠᠭᠠᠳᠤ ᠳᠤ ᠰᠠᠭᠤᠭ᠎ᠠ ᠡᠯᠴᠢᠨ ᠰᠠᠶᠢᠳ ᠤᠳ ᠢ ᠳᠤᠰᠢᠶᠠᠯ ᠳᠤ ᠳᠤᠮᠢᠯᠠᠬᠤ ᠪᠤᠶᠤ ᠳᠤᠰᠢᠶᠠᠯ ᠢ ᠨᠢ ᠬᠠᠰᠤᠪᠠ᠄

    ᠨᠢᠬᠡ᠂ ᠴᠢᠦ ᠰᠢᠤᠧᠠᠢ ᠵᠢᠶᠦ᠋ᠨ ᠤ ᠪᠦᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠡᠴᠡ ᠡᠧᠷᠢᠲ᠋ᠷᠧᠶᠠ ᠤᠯᠤᠰ ᠲᠤ ᠰᠠᠭᠤᠭ᠎ᠠ ᠪᠦᠷᠢᠨ ᠡᠷᠬᠡᠳᠤ ᠡᠯᠴᠢᠨ ᠰᠠᠶᠢᠳ ᠤᠨ ᠳᠤᠰᠢᠶᠠᠯ ᠢ ᠬᠠᠰᠤᠪᠠ; ᠶᠠᠩ ᠽᠢ ᠭᠠᠩ ᠢ ᠪᠦᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠡᠴᠡ ᠡᠧᠷᠢᠲ᠋ᠷᠧᠶᠠ ᠳᠤ ᠰᠠᠭᠤᠬᠤ ᠪᠦᠷᠢᠨ ᠡᠷᠬᠡᠳᠤ ᠡᠯᠴᠢᠨ ᠰᠠᠶᠢᠳ ᠤᠨ ᠳᠤᠰᠢᠶᠠᠯ ᠳᠤ ᠳᠤᠮᠢᠯᠠᠪᠠ᠃

    ᠬᠤᠶᠠᠷ᠂ ᠫᠠᠨ ᠡᠾᠧ ᠵᠢᠶᠦ᠋ᠨ ᠤ ᠪᠦᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠡᠴᠡ ᠷᠦᠧᠠᠨᠳᠠ ᠪᠦᠬᠦᠳᠡ ᠨᠠᠶᠢᠷᠠᠮᠳᠠᠬᠤ ᠤᠯᠤᠰ ᠲᠤ ᠰᠠᠭᠤᠭ᠎ᠠ ᠪᠦᠷᠢᠨ ᠡᠷᠬᠡᠳᠤ ᠡᠯᠴᠢᠨ ᠰᠠᠶᠢᠳ ᠤᠨ ᠳᠤᠰᠢᠶᠠᠯ ᠢ ᠬᠠᠰᠤᠪᠠ; ᠷᠤᠤ ᠬᠤᠩ ᠸᠧᠢ ᠶᠢ ᠪᠦᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠡᠴᠡ ᠷᠦᠧᠠᠨᠳᠠ ᠪᠦᠬᠦᠳᠡ ᠨᠠᠶᠢᠷᠠᠮᠳᠠᠬᠤ ᠤᠯᠤᠰ ᠲᠤ ᠰᠠᠭᠤᠬᠤ ᠪᠦᠷᠢᠨ ᠡᠷᠬᠡᠳᠤ ᠡᠯᠴᠢᠨ ᠰᠠᠶᠢᠳ ᠤᠨ ᠳᠤᠰᠢᠶᠠᠯ ᠳᠤ ᠳᠤᠮᠢᠯᠠᠪᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠲᠡᠭᠡᠳᠦ ᠮᠤᠩᠭ᠋ᠤᠯ ᠤᠨ ᠤᠲᠤᠳ ᠤᠨ ᠤᠯᠠᠭᠠᠭᠴᠢᠨ ᠲᠠᠬᠢᠶ᠎ᠠ ᠵᠢᠯ ᠤᠨ ᠰᠠᠷ᠎ᠠ ᠰᠢᠨ᠎ᠡ ᠶᠢᠨ ᠲᠠᠭᠤᠤ ᠬᠦᠭ᠍ᠵᠢᠮ ᠤᠨ ᠴᠢᠭᠤᠯᠭᠠᠨ ( ᠨᠢᠭᠡ )
  • ᠦᠪᠦᠷ ᠮᠤᠨᠭᠭᠤᠯ ᠳᠡᠬᠢ ᠯᠢᠶᠤᠤ ᠭᠦᠷᠦᠨ ᠤ ᠲᠠᠲᠠᠪᠤᠷᠢ ᠶᠢᠨ ᠤᠨᠭᠭᠤᠨ ᠡᠴᠡ ᠶᠡᠬᠡ ᠬᠡᠮᠵᠢᠶᠡᠨ ᠤ ᠠᠯᠲᠠ ᠮᠦᠩᠭᠦᠨ ᠰᠢᠭᠢᠳᠬᠡᠭᠡᠷᠢ ᠲᠠᠢ ᠱᠠᠭᠠᠵᠠᠩ ᠰᠠᠪᠠ ᠤᠯᠳᠠᠪᠠ
  • ᠦᠪᠦᠷ ᠮᠤᠨᠭᠭᠤᠯ ᠤᠨ ᠰᠢᠨ᠎ᠡ ᠪᠠᠷᠭᠤ ᠵᠡᠭᠦᠨ ᠬᠤᠰᠢᠭᠤᠨ ᠳᠤ ᠮᠤᠨᠭᠭᠤᠯ ᠦᠨᠳᠦᠰᠦᠲᠡᠨ ᠤ ᠬᠤᠪᠴᠠᠰᠤ ᠵᠠᠰᠠᠯ ᠤᠨ ᠦᠵᠡᠭᠦᠯᠦᠯᠭᠡ ᠪᠤᠯᠪᠠ
  • ᠵᠢᠷᠭᠤᠭᠠᠨ ᠮᠤᠵᠢ ᠤᠷᠤᠨ ᠤ ᠦᠨᠳᠦᠰᠦᠳᠡᠨ ᠤ ᠴᠦᠬᠡᠩᠬᠢ ᠶᠢᠨ ᠤᠷᠠᠨ ᠰᠠᠶᠢᠬᠠᠨ ᠤ ᠳᠤᠭᠯᠠᠯᠳᠠ ᠦᠨᠳᠦᠷᠯᠡᠯ᠎᠎ᠡ
关闭
010070230030000000000000011120701120424099