ᠯᠢ ᠺᠧ ᠴᠢᠶᠠᠩ᠄ ᠠᠵᠢᠯ ᠳᠦᠷᠦᠯ ᠤᠨ ᠨᠡᠶᠢᠬᠡᠮᠯᠢᠭ᠌ ᠬᠤᠳᠠᠯᠳᠤᠭᠠᠨ ᠤ ᠨᠡᠶᠢᠬᠡᠮᠯᠢᠭ᠌ ᠠᠵᠤ ᠠᠬᠤᠶᠢᠯᠠᠯ ᠢ ᠠᠯᠪᠠᠳᠠᠨ ᠬᠡᠰᠢᠬᠦᠨ ᠨᠢᠬᠡᠴᠡ ᠪᠤᠯᠭᠠᠬᠤ ᠪᠤᠶᠤ ᠳᠦᠷᠢᠮ ᠵᠦᠷᠢᠴᠡᠨ ᠳᠦᠯᠦᠪᠦᠷᠢ ᠬᠤᠷᠢᠶᠠᠵᠤ ᠪᠤᠯᠬᠤ ᠦᠬᠡᠢ 2017-02-09 10:14

    ᠰᠢᠨᠬᠤᠸᠠ ᠬᠤᠷᠢᠶ᠎ᠠ   ᠪᠡᠭᠡᠵᠢᠩ ᠤᠨ 2 ᠰᠠᠷ᠎ᠠ ᠵᠢᠨ 8 ᠤ ᠡᠳᠦᠷ ᠤᠨ ᠴᠠᠬᠢᠯᠭᠠᠨ ᠮᠡᠳᠡᠭᠡ   ᠲᠦᠷ᠋ᠦ ᠵᠢᠨ ᠶᠠᠪᠤᠳᠠᠯ ᠤᠨ ᠬᠤᠷ᠋ᠢᠶᠠᠨ ᠤ ᠶᠡᠷ᠋ᠦᠩᠭᠡᠢ ᠰᠠᠢᠢᠳ ᠯᠢ ᠺᠧ ᠴᠢᠶᠠᠩ 2 ᠰᠠᠷ᠎ᠠ ᠵᠢᠨ 8 ᠤ ᠡᠳᠦᠷ ᠲᠦᠷ᠋ᠦ ᠵᠢᠨ ᠶᠠᠪᠤᠳᠠᠯ ᠤᠨ ᠬᠤᠷ᠋ᠢᠶᠠᠨ ᠤ ᠪᠠᠢᠢᠩᠭᠤ ᠵᠢᠨ ᠬᠤᠷ᠋ᠠᠯ ᠢ ᠡᠷ᠋ᠬᠢᠯᠡᠨ ᠬᠤᠷ᠋ᠠᠯᠳᠤᠭᠤᠯᠵᠦ᠂ ᠠᠵᠤ ᠠᠬᠤᠢᠢᠯᠠᠯ ᠳ᠋ᠦ ᠬᠤᠯᠪᠤᠭᠳᠠᠬᠤ ᠳᠦᠯᠦᠪᠦᠷᠢ ᠶᠢ ᠴᠢᠨᠠᠭᠰᠢᠳᠠ ᠦᠭᠡᠢᠢᠰᠭᠡᠬᠦ ᠪᠠ ᠲᠦᠷ᠋ᠢᠮᠵᠢᠬᠦᠯᠵᠦ᠂ ᠪᠤᠳᠠᠳᠤ ᠴᠤᠭᠴᠠ ᠵᠢᠨ ᠡᠳ᠋ ᠤᠨ ᠵᠠᠰᠠᠭ ᠤᠨ ᠳᠠᠷ᠋ᠤᠭᠠᠰᠤ ᠵᠢ ᠦᠷ᠋ᠬᠦᠯᠵᠢᠯᠡᠨ ᠬᠦᠩᠭᠡᠯᠡᠵᠤ ᠦᠭᠬᠦ ᠪᠡᠷ ᠲᠤᠭᠳᠠᠪᠠ; ᠪᠠᠷ᠋ᠢᠯᠭ᠎ᠠ ᠵᠢᠨ ᠦᠢᠯᠡᠰ ᠤᠨ 《ᠲᠠᠯᠪᠢᠬᠤ ᠬᠠᠮᠢᠶᠠᠷ᠋ᠬᠤ ᠦᠢᠯᠡᠴᠢᠯᠡᠬᠦ》ᠦᠭᠡᠷ᠋ᠡᠴᠢᠯᠡᠯᠳᠠ ᠵᠢ ᠬᠦᠨᠵᠡᠭᠡᠢᠢᠷ᠋ᠡᠬᠦᠯᠵᠦ᠂ ᠠᠵᠤ ᠦᠢᠯᠡᠰ ᠤᠨ ᠲᠡᠰ ᠲᠡᠪᠰᠢᠨ ᠬᠦᠭᠵᠢᠬᠦ ᠵᠢ ᠠᠬᠢᠭᠤᠯᠬᠤ ᠠᠵᠢᠯ ᠢ ᠪᠠᠢᠢᠷ᠋ᠢᠯᠠᠭᠤᠯᠪᠠ; ᠦᠨᠳᠦᠷ ᠪᠠᠷ᠋ᠢᠮᠵᠢᠶ᠎ᠠ ᠪᠦᠬᠦᠢ ᠲᠠᠷ᠋ᠢᠶᠠᠨ ᠭᠠᠵᠠᠷ ᠤᠨ ᠪᠦᠳᠦᠭᠡᠨ ᠪᠠᠢᠢᠭᠤᠯᠤᠯᠳᠠ ᠵᠢᠨ ᠲᠦᠷ᠋ᠦ ᠵᠢᠨ ᠪᠤᠳᠤᠯᠭ᠎ᠠ ᠠᠷ᠋ᠭ᠎ᠠ ᠭᠡᠮᠵᠢᠶ᠎ᠠ ᠵᠢ ᠴᠢᠩᠭᠠᠳᠬᠠᠵᠦ᠂ ᠠᠮᠤ ᠪᠤᠳᠠᠭᠠᠨ ᠤ ᠠᠶᠤᠯᠬᠦᠢ ᠪᠠ ᠤᠳᠤ ᠦᠶ᠎ᠠ ᠵᠢᠨ ᠲᠠᠷ᠋ᠢᠶᠠᠯᠠᠩ᠋ ᠤᠨ ᠰᠠᠭᠤᠷ᠋ᠢ ᠵᠢ ᠪᠡᠬᠢᠵᠢᠬᠦᠯᠬᠦ ᠪᠡᠷ ᠲᠤᠭᠳᠠᠪᠠ; 《ᠲᠠᠷ᠋ᠢᠶᠠᠯᠠᠩ ᠤᠨ ᠬᠠᠮᠢᠶᠠᠷ᠋ᠤᠯᠳᠠ ᠵᠢᠨ ᠲᠦᠷ᠋ᠢᠮ᠋(ᠵᠠᠰᠠᠪᠤᠷ᠋ᠢ ᠤᠷ᠋ᠤᠭᠤᠯᠤᠭᠰᠠᠨ ᠲᠦᠰᠦᠯ)》 ᠢ᠌ ᠪᠠᠳᠤᠯᠠᠵᠠᠢ᠃

    ᠬᠤᠷ᠋ᠠᠯ ᠡᠴᠡ᠂ ᠠᠵᠤ ᠠᠬᠤᠢᠢᠯᠠᠯ ᠳ᠋ᠦ ᠬᠤᠯᠪᠤᠭᠳᠠᠬᠤ ᠳᠦᠯᠦᠪᠦᠷᠢ ᠶᠢ ᠦᠭᠡᠢᠢᠰᠭᠡᠬᠦ ᠪᠠ ᠲᠦᠷ᠋ᠢᠮᠵᠢᠬᠦᠯᠵᠦ᠂ ᠪᠤᠳᠠᠳᠤ ᠴᠤᠭᠴᠠ ᠵᠢᠨ ᠡᠳ᠋ ᠤᠨ ᠵᠠᠰᠠᠭ ᠤᠨ ᠬᠦᠭᠵᠢᠯᠳᠠ ᠵᠢᠨ ᠤᠷ᠋ᠴᠢᠨ ᠲᠤᠭᠤᠷ᠋ᠢᠨ ᠢ ᠰᠢᠯᠢᠳᠡᠭᠵᠢᠬᠦᠯᠬᠦ ᠪᠤᠯ ᠲᠤᠭᠳᠠᠭᠤᠨ ᠪᠠᠢᠢᠯᠭᠠᠬᠤ ᠪᠦᠭᠡᠳ ᠤᠷ᠋ᠤᠭᠰᠢᠯᠠᠨ ᠳᠠᠪᠰᠢᠬᠤ ᠶᠡᠷ᠋ᠦᠩᠭᠡᠢ ᠬᠦᠭ ᠠᠶᠠᠰ ᠢ ᠲᠤᠤᠱᠯᠠᠭᠤᠯᠵᠦ᠂ ᠬᠠᠩᠭᠠᠯᠭ᠎ᠠ ᠵᠢᠨ ᠲᠠᠯ᠎ᠠ ᠵᠢᠨ ᠪᠦᠳᠦᠴᠡ ᠵᠢᠨ ᠴᠢᠨᠠᠷ᠋ᠳᠠᠢ ᠦᠭᠡᠷ᠋ᠡᠴᠢᠯᠡᠯᠳᠠ ᠵᠢ ᠠᠬᠢᠭᠤᠯᠬᠤ ᠴᠢᠬᠤᠯᠠ ᠠᠷ᠋ᠭ᠎ᠠ ᠭᠡᠮᠵᠢᠶ᠎ᠠ᠂ ᠵᠠᠰᠠᠭ ᠢ ᠴᠤᠮᠬᠠᠳᠬᠠᠵᠦ ᠡᠷ᠋ᠭᠡ ᠵᠢ ᠲᠠᠯᠪᠢᠬᠤ ᠵᠢ ᠬᠦᠨᠵᠡᠭᠡᠢᠢᠷ᠋ᠡᠬᠦᠯᠬᠦ ᠵᠠᠩᠬᠢᠯᠠᠭ᠎ᠠ ᠵᠢᠨ ᠠᠭᠤᠯᠭ᠎ᠠ ᠮᠦᠨ᠃ ᠳᠠᠷ᠋ᠠᠭᠠᠴᠢ ᠵᠢᠨ ᠠᠯᠬᠤᠮ᠋ ᠳ᠋ᠤ᠂ ᠲᠦᠷ᠋ᠦ ᠵᠢᠨ ᠶᠠᠪᠤᠳᠠᠯ ᠤᠨ ᠬᠤᠷ᠋ᠢᠶᠠᠨ ᠤ ᠰᠠᠯᠠᠭ᠎ᠠ ᠮᠦᠴᠢᠷ ᠲᠦᠷ᠋ᠦᠬᠦᠯᠡᠨ ᠠᠵᠤ ᠠᠬᠤᠢᠢᠯᠠᠯ ᠳ᠋ᠦ ᠬᠤᠯᠪᠤᠭᠳᠠᠬᠤ ᠳᠦᠯᠦᠪᠦᠷᠢ ᠶᠢ ᠴᠢᠨᠠᠭᠰᠢᠳᠠ ᠦᠭᠡᠢᠢᠰᠭᠡᠬᠦ ᠪᠠ ᠪᠠᠭᠤᠷ᠋ᠠᠭᠤᠯᠵᠦ᠂ ᠨᠢᠭᠡ ᠪᠦᠯᠦᠭ ᠲᠦᠷ᠋ᠢᠮ᠋ ᠤᠨ ᠴᠢᠨᠠᠷ᠋ᠳᠠᠢ᠂ ᠠᠯᠤᠰ ᠭᠡᠳᠦ ᠳ᠋ᠦ ᠬᠤᠯᠪᠤᠭᠳᠠᠬᠤ᠂ ᠪᠤᠳᠠᠳᠠᠢ ᠦᠷ᠎ᠠ ᠪᠦᠳᠦᠮᠵᠢᠳᠠᠢ ᠳᠦᠯᠦᠪᠦᠷᠢ ᠶᠢ ᠦᠭᠡᠢᠢᠰᠭᠡᠬᠦ ᠠᠷ᠋ᠭ᠎ᠡ ᠭᠡᠮᠵᠢᠶ᠎ᠠ ᠵᠢ ᠲᠤᠭᠳᠠᠭᠠᠵᠦ᠂ ᠬᠢᠨᠡᠨ ᠪᠤᠳᠤᠯᠳᠠ᠂ ᠱᠠᠯᠠᠪᠳᠠᠭᠤᠯᠤᠨ ᠪᠠᠢᠢᠴᠠᠭᠠᠬᠤ ᠬᠦᠴᠦᠯᠡᠴᠡ ᠪᠡᠨ ᠨᠡᠮᠡᠭᠳᠡᠬᠦᠯᠵᠦ᠂ ᠠᠵᠢᠯ ᠦᠢᠯᠡᠰ ᠤᠨ ᠪᠠᠢᠢᠭᠤᠯᠤᠯᠭ᠎ᠠ ᠵᠢᠨ ᠵᠤᠬᠢᠰ ᠦᠭᠡᠢ ᠳᠦᠯᠦᠪᠦᠷᠢ ᠶᠢ ᠡᠷ᠋ᠡᠰ ᠦᠭᠡᠢᠢᠰᠭᠡᠵᠦ᠂ ᠵᠠᠭᠤᠴᠢ ᠪᠠᠢᠢᠭᠤᠯᠤᠮᠵᠢ ᠵᠢᠨ ᠲᠦᠷ᠋ᠢᠮ᠋ ᠢ ᠵᠦᠷ᠋ᠢᠴᠡᠨ ᠳᠦᠯᠦᠪᠦᠷᠢ ᠬᠤᠷ᠋ᠢᠶᠠᠬᠤ ᠵᠢ ᠬᠤᠷ᠋ᠢᠬᠯᠠᠵᠦ᠂ ᠠᠵᠢᠯ ᠲᠦᠷ᠋ᠦᠯ ᠤᠨ ᠨᠡᠢᠢᠭᠡᠮᠯᠢᠭ ᠬᠤᠳᠠᠯᠳᠤᠭᠠᠨ ᠤ ᠨᠡᠢᠢᠭᠡᠮᠯᠢᠭ᠌ ᠠᠯᠪᠠᠳᠠᠯᠭ᠎ᠠ ᠪᠡᠷ ᠨᠡᠢᠢᠭᠡᠮᠯᠢᠭ᠌ ᠲᠦ ᠤᠷ᠋ᠤᠬᠤ ᠪᠤᠶᠤ ᠲᠦᠷ᠋ᠢᠮ᠋ ᠢ ᠵᠦᠷ᠋ᠢᠴᠡᠨ ᠳᠦᠯᠦᠪᠦᠷᠢ ᠬᠤᠷ᠋ᠢᠶᠠᠵᠦ ᠪᠤᠯᠬᠤ ᠦᠭᠡᠢ ᠭᠡᠵᠦ ᠵᠢᠭᠠᠵᠦ ᠭᠠᠷ᠋ᠭᠠᠪᠠ᠃

    ᠬᠤᠷ᠋ᠠᠯ ᠡᠴᠡ᠂ ᠪᠠᠷ᠋ᠢᠯᠭ᠎ᠠ ᠵᠢᠨ ᠦᠢᠯᠡᠰ ᠤᠨ《ᠲᠠᠯᠪᠢᠬᠤ ᠬᠠᠮᠢᠶᠠᠷ᠋ᠬᠤ ᠦᠢᠯᠡᠴᠢᠯᠡᠬᠦ》ᠦᠭᠡᠷ᠋ᠡᠴᠢᠯᠡᠯᠲᠡ ᠵᠢ ᠭᠦᠨᠵᠡᠭᠡᠢᠢᠷ᠋ᠡᠭᠦᠯᠦᠨ᠂ ᠠᠵᠤ ᠦᠢᠯᠡᠰ ᠤᠨ ᠳᠡᠰ ᠳᠡᠪᠰᠢᠬᠦ ᠵᠢ ᠲᠦᠷ᠋ᠭᠡᠳᠭᠡᠬᠦ ᠨᠢ ᠠᠵᠢᠯ ᠤᠨ ᠪᠠᠶᠢᠷᠢ ᠬᠠᠩᠭᠠᠬᠤ ᠶᠢ ᠦᠷᠬᠡᠳᠬᠡᠨ᠂ ᠬᠤᠯᠪᠤᠭᠳᠠᠯ ᠪᠦᠬᠦᠢ ᠠᠵᠤ ᠦᠢᠯᠡᠰ ᠤᠨ ᠬᠦᠭᠵᠢᠯᠲᠠ ᠵᠢ ᠳᠠᠢᠢᠴᠢᠯᠠᠬᠤ ᠳᠦ ᠠᠰᠢᠭᠲᠠᠢ ᠪᠦᠭᠡᠳ ᠰᠢᠨ᠎ᠠ ᠮᠠᠶ᠊ᠢᠭ ᠤᠨ ᠬᠤᠲᠠ ᠪᠠᠯᠭᠠᠰᠤᠵᠢᠯᠲᠠ ᠳᠦ ᠲᠤᠯᠭᠠᠭᠤᠷ᠋ᠢᠯᠠᠯ ᠬᠠᠩᠭᠠᠨ᠎ᠠ᠃ ᠨᠢᠭᠡᠳᠦᠯᠲᠠᠢ ᠨᠡᠬᠡᠭᠡᠯᠳᠡᠳᠦ ᠮᠠᠶ᠊ᠢᠭ ᠤᠨ ᠪᠠᠷ᠋ᠢᠯᠭ᠎ᠠ ᠵᠢᠨ ᠵᠠᠬ᠎ᠠ ᠵᠡᠬᠡᠯᠢ ᠪᠠᠢᠢᠭᠤᠯᠵᠤ᠂ ᠵᠦᠪᠰᠢᠶᠡᠷ᠋ᠡᠯ ᠦᠭᠬᠦ ᠲᠤᠬᠠᠢ ᠵᠤᠬᠢᠰ ᠦᠭᠡᠢ ᠬᠢᠵᠠᠭᠠᠷ᠋ᠯᠠᠯ ᠢ ᠬᠦᠴᠦᠨ ᠦᠭᠡᠢ ᠪᠤᠯᠭᠠᠵᠤ᠂ ᠳᠠᠭᠠᠭᠠᠴᠢᠯᠠᠯᠲᠠ ᠵᠠᠷ᠋ᠯᠬᠤ ᠶᠤᠰᠤᠲᠠᠢ ᠲᠦᠷ᠋ᠦᠯ ᠵᠦᠢᠯ ᠢ ᠨᠢᠭᠡᠳᠦᠯᠲᠠᠢ ᠤᠯᠠᠨ ᠨᠡᠢᠢᠲᠡ ᠵᠢᠨ ᠡᠬᠢ ᠪᠠᠶᠠᠯᠢᠭ ᠤᠨ ᠠᠷ᠋ᠠᠯᠵᠢᠶᠠᠨ ᠤ ᠲᠠᠪᠴᠠᠩ᠋ ᠳᠦ ᠤᠷ᠋ᠤᠭᠤᠯᠬᠤ ᠬᠡᠷ᠋ᠡᠭᠲᠡᠢ ᠭᠡᠵᠤ ᠦᠵᠡᠪᠡ᠃

    ᠬᠤᠷ᠋ᠠᠯ ᠡᠴᠡ᠂ ᠦᠨᠳᠦᠷ ᠪᠠᠷ᠋ᠢᠮᠵᠢᠶ᠎ᠠ ᠪᠦᠬᠦᠢ ᠲᠠᠷ᠋ᠢᠶᠠᠨ ᠭᠠᠵᠠᠷ ᠤᠨ ᠪᠦᠲᠦᠭᠡᠨ ᠪᠠᠢᠢᠭᠤᠯᠤᠯᠲᠠ ᠵᠢ ᠠᠬᠢᠭᠤᠯᠬᠤ ᠨᠢ ᠤᠳᠤ ᠦᠶ᠎ᠠ ᠵᠢᠨ ᠲᠠᠷ᠋ᠢᠶᠠᠯᠠᠩ᠋ ᠢ ᠬᠦᠭᠵᠢᠭᠦᠯᠬᠦ᠂ ᠠᠮᠤ ᠪᠤᠳᠠᠭ᠎ᠠ ᠵᠢᠨ ᠠᠶᠤᠯᠬᠦᠢ ᠶᠢ ᠪᠠᠲᠤᠯᠠᠬᠤ ᠳᠦ ᠴᠢᠬᠤᠯᠠ ᠠᠴᠢ ᠬᠤᠯᠪᠤᠭᠳᠠᠯ ᠲᠠᠢ᠃ ᠤᠯᠠᠨ ᠵᠦᠢᠯ ᠤᠨ ᠬᠡᠯᠪᠡᠷ᠋ᠢ ᠪᠦᠬᠦᠢ ᠵᠤᠬᠢᠬᠤ ᠬᠡᠪᠴᠢᠶᠠᠵᠢᠯ ᠲᠠᠢ ᠡᠵᠡᠩᠨᠡᠯᠲᠡ ᠵᠢ ᠬᠦᠭᠵᠢᠭᠦᠯᠬᠦ᠂ ᠳᠤᠮᠳᠠ ᠳᠤᠤᠷ᠎ᠠ ᠭᠠᠷ᠋ᠤᠯᠲᠠ ᠲᠠᠢ ᠲᠠᠷ᠋ᠢᠶᠠᠨ ᠭᠠᠵᠠᠷ ᠢ ᠦᠭᠡᠷ᠋ᠡᠴᠢᠯᠡᠨ ᠰᠠᠢᠢᠵᠢᠷ᠋ᠠᠭᠤᠯᠬᠤ᠂ ᠲᠠᠷ᠋ᠢᠶᠠᠯᠠᠩ᠋ ᠤᠨ ᠮᠠᠰᠢᠨᠴᠢᠯᠠᠯᠳᠠ᠂ ᠭᠠᠵᠠᠷ ᠰᠢᠷ᠋ᠤᠢ ᠵᠢ ᠭᠦᠨ ᠬᠠᠭᠠᠪᠤᠷ᠋ᠢᠯᠠᠬᠤ ᠪᠤᠯᠤᠨ ᠬᠡᠮᠨᠡᠯ ᠲᠠᠢ ᠪᠡᠷ ᠲᠠᠷ᠋ᠢᠶ᠎ᠠ ᠤᠰᠤᠯᠠᠬᠤ ᠵᠡᠷ᠋ᠭᠡ ᠵᠢ ᠤᠶᠠᠯᠳᠤᠭᠤᠯᠵᠤ ᠪᠠᠢᠢᠭᠠᠳ ᠭᠠᠵᠠᠷ ᠰᠢᠷ᠋ᠤᠢ ᠵᠢ ᠲᠡᠭᠰᠢᠯᠡᠨ ᠵᠠᠰᠠᠬᠤ᠂ ᠤᠰᠤᠨ ᠰᠤᠪᠠᠭ ᠤᠨ ᠪᠠᠢᠢᠭᠤᠯᠤᠯᠲᠠ ᠵᠡᠷ᠋ᠭᠡ ᠵᠢ ᠨᠢᠭᠡᠳᠦᠯᠲᠠᠢ ᠦᠷ᠋ᠨᠢᠭᠦᠯᠬᠦ ᠬᠡᠷ᠋ᠡᠭᠲᠡᠢ᠃ ᠪᠠᠢᠢᠭᠤᠯᠤᠭᠰᠠᠨ ᠤ ᠳᠠᠷ᠋ᠠᠭᠠᠬᠢ ᠬᠠᠮᠢᠶᠠᠷ᠋ᠤᠨ ᠬᠠᠮᠠᠭᠠᠯᠠᠬᠤ ᠲᠤᠭᠳᠠᠴᠠ ᠵᠢ ᠲᠡᠭᠦᠯᠳᠡᠷ᠋ᠵᠢᠭᠦᠯᠦᠨ᠂ ᠦᠨᠳᠦᠷ ᠪᠠᠷ᠋ᠢᠮᠵᠢᠶ᠎ᠠ ᠪᠦᠬᠦᠢ ᠲᠠᠷ᠋ᠢᠶᠠᠨ ᠭᠠᠵᠠᠷ ᠲᠦ ᠵᠦᠪ ᠤᠨᠤᠪᠴᠢᠲᠠᠢ ᠬᠠᠮᠢᠶᠠᠷ᠋ᠤᠯᠲᠠ ᠬᠡᠷ᠋ᠡᠭᠵᠢᠭᠦᠯᠬᠦ ᠬᠡᠷ᠋ᠡᠭᠲᠡᠢ ᠭᠡᠵᠤ ᠵᠢᠭᠠᠵᠤ ᠭᠠᠷ᠋ᠭᠠᠵᠠᠢ᠃

    ᠬᠤᠷ᠋ᠠᠯ ᠳᠤ᠂《ᠲᠠᠷ᠋ᠢᠶᠠᠨ ᠡᠮ᠋ ᠤᠨ ᠬᠠᠮᠢᠶᠠᠷ᠋ᠤᠯᠲᠠ ᠵᠢᠨ ᠳᠦᠷ᠋ᠢᠮ᠋(ᠵᠠᠰᠠᠪᠤᠷ᠋ᠢ ᠤᠷ᠋ᠤᠭᠤᠯᠤᠭᠰᠠᠨ ᠲᠦᠰᠦᠯ)》 ᠢ᠋ ᠪᠠᠲᠤᠯᠠᠵᠠᠢ᠃ ᠲᠦᠰᠦᠯ ᠳᠦ ᠦᠢᠯᠡᠳᠪᠦᠷ᠋ᠢᠯᠡᠨ ᠡᠵᠡᠩᠨᠡᠭᠴᠢ ᠲᠠᠷ᠋ᠢᠶᠠᠨ ᠡᠮ᠋ ᠤᠨ ᠠᠶᠤᠯᠬᠦᠢ ᠪᠤᠯᠤᠨ ᠬᠦᠴᠦᠨ ᠪᠦᠬᠦᠢ ᠴᠢᠨᠠᠷ ᠲᠤ ᠬᠠᠷ᠋ᠢᠭᠤᠴᠠᠬᠤ ᠬᠡᠷ᠋ᠡᠭᠲᠡᠢ᠃ ᠬᠠᠭᠤᠷ᠋ᠮᠠᠭ ᠲᠠᠷ᠋ᠢᠶᠠᠨ ᠡᠮ᠋ ᠢ ᠦᠢᠯᠡᠳᠪᠦᠷ᠋ᠢᠯᠡᠨ ᠪᠤᠷ᠋ᠤᠯᠠᠭᠤᠯᠬᠤ ᠵᠡᠷ᠋ᠭᠡ ᠬᠠᠤᠯᠢ ᠪᠤᠰᠤ ᠠᠵᠢᠯᠯᠠᠭᠠ ᠳᠡᠬᠢ ᠲᠤᠷ᠋ᠭᠠᠭᠤᠯᠢ ᠵᠢᠨ ᠵᠤᠭᠤᠰ ᠢ ᠨᠡᠮᠡᠭᠳᠡᠭᠦᠯᠬᠦ᠂《ᠬᠠᠷ᠎ᠠ ᠳᠠᠩᠰᠠ》ᠳ᠋ᠦ ᠤᠷ᠋ᠤᠭᠤᠯᠬᠤ ᠵᠡᠷ᠋ᠭᠡ ᠪᠡᠷ ᠳᠠᠮᠵᠢᠨ ᠵᠠᠯᠬᠠᠭᠠᠬᠤ ᠡᠷ᠋ᠴᠢᠮ᠋ ᠢ ᠴᠢᠩᠭᠠᠷ᠋ᠠᠭᠤᠯᠤᠨ᠎ᠠ ᠭᠡᠵᠤ ᠳᠤᠳᠤᠷ᠋ᠬᠠᠢ ᠲᠤᠭᠳᠠᠭᠠᠵᠠᠢ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠠᠰᠬ᠎ᠠ ᠬᠠᠳᠠᠨ ᠤ ᠢᠷᠮᠡᠭ ᠲᠡᠭᠢ 《ᠲᠡᠭ᠍ᠷᠢ ᠵᠡᠭᠡᠯᠢ》
  • 《ᠮᠢᠨᠦ ᠰᠠᠢᠢᠬᠠᠨ ᠮᠤᠩᠭ᠋ᠤᠯ ᠬᠡᠯᠡ》 ᠤᠷᠲᠤᠰ ᠬᠤᠲᠠ ᠶᠢᠨ ᠤᠯᠠᠭᠠᠭᠴᠢᠨ ᠲᠠᠬᠢᠶ᠎ᠠ ᠵᠢᠯ ᠤᠨ ᠪᠠᠭᠠᠴᠤᠳ ᠬᠡᠦᠬᠡᠳ ᠤᠨ ᠴᠠᠭᠠᠨ ᠰᠠᠷ᠎ᠠ ᠶᠢᠨ ᠦᠲᠡᠰᠢᠯᠡᠭᠡ (ᠨᠢᠭᠡ )
  • ᠲᠡᠭᠡᠳᠦ ᠮᠤᠩᠭ᠋ᠤᠯ ᠤᠨ ᠤᠲᠤᠳ ᠤᠨ ᠤᠯᠠᠭᠠᠭᠴᠢᠨ ᠲᠠᠬᠢᠶ᠎ᠠ ᠵᠢᠯ ᠤᠨ ᠰᠠᠷ᠎ᠠ ᠰᠢᠨ᠎ᠡ ᠶᠢᠨ ᠲᠠᠭᠤᠤ ᠬᠦᠭ᠍ᠵᠢᠮ ᠤᠨ ᠴᠢᠭᠤᠯᠭᠠᠨ ( ᠨᠢᠭᠡ )
  • ᠦᠪᠦᠷ ᠮᠤᠨᠭᠭᠤᠯ ᠳᠡᠬᠢ ᠯᠢᠶᠤᠤ ᠭᠦᠷᠦᠨ ᠤ ᠲᠠᠲᠠᠪᠤᠷᠢ ᠶᠢᠨ ᠤᠨᠭᠭᠤᠨ ᠡᠴᠡ ᠶᠡᠬᠡ ᠬᠡᠮᠵᠢᠶᠡᠨ ᠤ ᠠᠯᠲᠠ ᠮᠦᠩᠭᠦᠨ ᠰᠢᠭᠢᠳᠬᠡᠭᠡᠷᠢ ᠲᠠᠢ ᠱᠠᠭᠠᠵᠠᠩ ᠰᠠᠪᠠ ᠤᠯᠳᠠᠪᠠ
010070230030000000000000011120701120436400