蒙古文网站Logo
ᠰᠢᠨᠬᠤᠸᠠ ᠮᠤᠩᠭ᠋ᠤᠯ ᠨᠧᠲ

ᠭᠠᠳᠠᠭᠠᠳᠤ ᠬᠡᠷᠡᠭ ᠤᠨ ᠶᠠᠮᠤᠨ᠄ ᠰᠢ ᠵᠢᠨ ᠫᠢᠩ ᠳᠡᠷᠢᠬᠦᠯᠡᠭᠴᠢ ᠬᠢᠬᠡᠳ ᠳᠤᠮᠳᠠᠳᠤ ᠶᠢᠨ ᠢᠷᠬᠡᠨ ᠳᠤ ᠲᠷᠠᠮᠫ ᠪᠠᠶᠠᠷ ᠤᠨ ᠮᠡᠨᠳᠦ ᠬᠦᠷᠬᠡᠭᠰᠡᠨ ᠤᠴᠢᠷ ᠢ ᠦᠨᠳᠦᠷ ᠦᠨᠡᠯᠡᠵᠤ ᠪᠤᠢ

2017-02-10 09:34

    ᠰᠢᠨᠬᠤᠧᠠ ᠬᠤᠷᠢᠶ᠎ᠠ   ᠪᠡᠬᠡᠵᠢᠩ ᠤᠨ 2 ᠰᠠᠷ᠎ᠠ ᠶᠢᠨ 9 ᠤ ᠡᠳᠦᠷ ᠤᠨ ᠴᠠᠬᠢᠯᠭᠠᠨ ᠮᠡᠳᠡᠬᠡ (ᠰᠤᠷᠪᠤᠯᠵᠢᠯᠠᠭᠴᠢ ᠰᠦᠨ ᠴᠧᠨ ᠰᠢ) ᠭᠠᠳᠠᠭᠠᠳᠤ ᠬᠡᠷᠡᠭ ᠤᠨ ᠶᠠᠮᠤᠨ ᠤ ᠦᠬᠦᠯᠡᠭᠴᠢ ᠯᠦ ᠺᠠᠩ 9 ᠤ ᠡᠳᠦᠷ ᠬᠡᠯᠡᠬᠦ ᠳ᠋ᠡᠬᠡᠨ᠂ ᠳᠤᠮᠳᠠᠳᠤ ᠶᠢᠨ ᠳᠠᠯ᠎ᠠ ᠨᠢᠬᠡᠨᠳᠡ ᠠᠮᠧᠷᠢᠺᠡ ᠶᠢᠨ ᠶᠡᠷᠦᠩᠬᠡᠶᠢᠯᠡᠭᠴᠢ ᠲᠷᠠᠮᠫ ᠶᠢᠨ ᠰᠢ ᠵᠢᠨ ᠫᠢᠩ ᠳᠡᠷᠢᠬᠦᠯᠡᠭᠴᠢ ᠳᠤ ᠢᠯᠡᠬᠡᠭᠰᠡᠨ ᠵᠠᠬᠢᠳᠠᠯ ᠢ ᠤᠯᠤᠭᠰᠠᠨ᠂ ᠲᠷᠠᠮᠫ ᠡᠴᠡ ᠰᠢ ᠵᠢᠨ ᠫᠢᠩ ᠳᠡᠷᠢᠬᠦᠯᠡᠭᠴᠢ ᠬᠢᠬᠡᠳ ᠳᠤᠮᠳᠠᠳᠤ ᠶᠢᠨ ᠢᠷᠬᠡᠨ ᠳᠤ ᠪᠠᠶᠠᠷ ᠤᠨ ᠮᠡᠨᠳᠦ ᠬᠦᠷᠬᠡᠭᠰᠡᠨ ᠤᠴᠢᠷ ᠢ ᠪᠢᠳᠡ ᠦᠨᠳᠦᠷ ᠦᠨᠡᠯᠡᠵᠤ ᠪᠤᠢ ᠬᠡᠵᠡᠢ᠃

    ᠲᠷᠠᠮᠫ 8 ᠤ ᠡᠳᠦᠷ ᠰᠢ ᠵᠢᠨ ᠫᠢᠩ ᠳᠡᠷᠢᠬᠦᠯᠡᠭᠴᠢ ᠳᠤ ᠵᠠᠬᠢᠳᠠᠯ ᠢᠯᠡᠬᠡᠬᠦ ᠳ᠋ᠡᠬᠡᠨ᠂ ᠰᠢ ᠵᠢᠨ ᠫᠢᠩ ᠳᠡᠷᠢᠬᠦᠯᠡᠭᠴᠢ ᠬᠢᠬᠡᠳ ᠳᠤᠮᠳᠠᠳᠤ ᠶᠢᠨ ᠢᠷᠬᠡᠨ ᠳᠤ ᠴᠠᠭᠠᠨ ᠰᠠᠷ᠎ᠠ ᠶᠢᠨ ᠠᠷᠪᠠᠨ ᠳᠠᠪᠤᠨ ᠤ ᠪᠠᠶᠠᠷ ᠤᠨ ᠮᠡᠨᠳᠦ ᠶᠢ ᠳᠡᠪᠰᠢᠬᠦᠯᠵᠤ ᠪᠠᠶᠢᠨ᠎ᠠ ᠬᠡᠰᠡᠨ ᠪᠦᠬᠡᠳ ᠳᠤᠮᠳᠠᠳᠤ ᠶᠢᠨ ᠳᠠᠯ᠎ᠠ ᠲᠠᠢ ᠪᠠᠶᠢᠭᠤᠯᠤᠯᠳᠠ ᠶᠢᠨ ᠴᠢᠨᠠᠷᠳᠠᠢ ᠬᠠᠷᠢᠯᠴᠠᠭ᠎ᠠ ᠪᠡᠨ ᠬᠦᠭᠵᠢᠬᠦᠯᠬᠦ ᠶᠢ ᠬᠦᠰᠡᠵᠤ ᠪᠤᠢ ᠬᠡᠵᠡᠢ᠃

    ᠯᠦ ᠺᠠᠩ ᠰᠡᠳᠬᠦᠯᠴᠢᠳ ᠤᠨ ᠬᠦᠯᠢᠶᠡᠨ ᠠᠪᠤᠯᠳᠠ ᠪᠡᠷ ᠰᠡᠳᠬᠦᠯᠴᠢᠳ ᠤᠨ ᠠᠰᠠᠭᠤᠯᠳᠠ ᠶᠢ ᠬᠠᠷᠢᠭᠤᠯᠬᠤ ᠳ᠋ᠠᠭᠠᠨ᠂ ᠳᠤᠮᠳᠠᠳᠤ ᠠᠮᠧᠷᠢᠺᠡ ᠶᠢᠨ ᠬᠠᠷᠢᠯᠴᠠᠭ᠎ᠠ ᠶᠢ ᠳᠤᠮᠳᠠᠳᠤ ᠶᠢᠨ ᠳᠠᠯ᠎ᠠ ᠮᠠᠰᠢ ᠴᠢᠬᠤᠯᠠᠴᠢᠯᠠᠨ ᠦᠵᠡᠵᠤ ᠪᠤᠢ ᠬᠡᠵᠡᠢ᠃

    《ᠰᠢ ᠵᠢᠨ ᠫᠢᠩ ᠳᠡᠷᠢᠬᠦᠯᠡᠭᠴᠢ ᠶᠢᠨ ᠵᠢᠭᠠᠭᠰᠠᠨ ᠰᠢᠬ᠂ ᠳᠤᠮᠳᠠᠳᠤ ᠠᠮᠧᠷᠢᠺᠡ ᠬᠤᠶᠠᠷ ᠤᠯᠤᠰ ᠳᠡᠯᠡᠬᠡᠢ ᠶᠢᠨ ᠡᠩᠬᠡ ᠳᠠᠶᠢᠪᠤᠩ ᠳᠤᠭᠳᠠᠭᠤᠨ ᠢ ᠬᠠᠮᠠᠭᠠᠯᠠᠵᠤ᠂ ᠳᠡᠯᠡᠬᠡᠢ ᠶᠢᠨ ᠪᠠᠳᠠᠷᠠᠩᠭᠤᠢ ᠬᠦᠭᠵᠢᠯᠳᠡ ᠶᠢ ᠠᠬᠢᠭᠤᠯᠬᠤ ᠵᠡᠷᠬᠡ ᠳᠠᠯ᠎ᠠ ᠳᠤ ᠤᠨᠴᠠᠭᠠᠢ ᠴᠢᠬᠤᠯᠠ ᠡᠬᠦᠷᠬᠡ ᠡᠬᠦᠷᠬᠡᠯᠡᠵᠤ ᠪᠠᠶᠢᠭ᠎ᠠ ᠳᠡᠳᠦᠢ ᠦᠬᠡᠢ ᠬᠠᠮᠳᠤ ᠶᠢᠨ ᠠᠰᠢᠭ ᠰᠤᠨᠢᠬᠠᠷᠯ ᠲᠠᠢ ᠶᠤᠮ᠃ ᠬᠠᠮᠳᠤ ᠶᠢᠨ ᠠᠵᠢᠯᠯᠠᠭ᠎ᠠ ᠨᠢ ᠳᠤᠮᠳᠠᠳᠤ ᠠᠮᠧᠷᠢᠺᠡ ᠬᠤᠶᠠᠷ ᠤᠯᠤᠰ ᠤᠨ ᠴᠤᠷ ᠤᠨ ᠭᠠᠭᠴᠠ ᠵᠦᠪ ᠰᠤᠩᠭᠤᠯᠳᠠ》 ᠬᠡᠵᠤ ᠯᠦ ᠺᠠᠩ ᠬᠡᠯᠡᠯ᠎ᠡ᠃

    ᠯᠦ ᠺᠠᠩ ᠪᠠᠰᠠ᠂ ᠳᠤᠮᠳᠠᠳᠤ ᠶᠢᠨ ᠳᠠᠯ᠎ᠠ ᠳᠤᠷᠠᠳᠠᠶ᠎ᠠ ᠠᠮᠧᠷᠢᠺᠡ ᠶᠢᠨ ᠳᠠᠯ᠎ᠠ ᠲᠠᠢ ᠬᠠᠮᠳᠤ ᠮᠦᠷᠬᠦᠯᠳᠦᠬᠡᠨ ᠡᠬᠦᠰᠬᠦ ᠦᠬᠡᠢ ᠡᠰᠡᠷᠬᠦᠴᠡᠯᠳᠦᠬᠦ ᠦᠬᠡᠢ ᠬᠠᠷᠢᠯᠴᠠᠨ ᠬᠦᠨᠳᠦᠳᠬᠡᠵᠤ᠂ ᠬᠠᠮᠳᠤᠷᠠᠨ ᠠᠵᠢᠯᠯᠠᠵᠤ ᠬᠠᠮᠳᠤ ᠶᠢᠨ ᠢᠯᠠᠯᠳᠠ ᠳᠤ ᠬᠦᠷᠬᠦ ᠵᠠᠷᠴᠢᠮ ᠤᠨ ᠳᠠᠭᠠᠤ ᠬᠠᠮᠳᠤ ᠶᠢᠨ ᠠᠵᠢᠯᠯᠠᠭ᠎ᠠ ᠪᠡᠨ ᠳᠡᠯᠡᠵᠤ᠂ ᠰᠠᠨᠠᠯ ᠵᠦᠷᠢᠯᠳᠦᠬᠡᠨ ᠢ ᠡᠵᠡᠮᠳᠡᠵᠤ᠂ ᠳᠤᠮᠳᠠᠳᠤ ᠠᠮᠧᠷᠢᠺᠡ ᠶᠢᠨ ᠬᠠᠷᠢᠯᠴᠠᠭᠠᠨ ᠤ ᠡᠷᠡᠬᠦᠯ ᠳᠤᠭᠳᠠᠭᠤᠨ ᠬᠦᠭᠵᠢᠯᠳᠡ ᠶᠢᠨ ᠰᠠᠭᠤᠷᠢᠨ ᠳᠤ ᠤᠯᠠᠮ ᠶᠡᠬᠡ ᠬᠦᠭᠵᠢᠯ ᠢ ᠪᠡᠶᠡᠯᠡᠬᠦᠯᠦᠨ᠎ᠡ ᠬᠡᠵᠡᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠠᠰᠬ᠎ᠠ ᠬᠠᠳᠠᠨ ᠤ ᠢᠷᠮᠡᠭ ᠲᠡᠭᠢ 《ᠲᠡᠭ᠍ᠷᠢ ᠵᠡᠭᠡᠯᠢ》
  • 《ᠮᠢᠨᠦ ᠰᠠᠢᠢᠬᠠᠨ ᠮᠤᠩᠭ᠋ᠤᠯ ᠬᠡᠯᠡ》 ᠤᠷᠲᠤᠰ ᠬᠤᠲᠠ ᠶᠢᠨ ᠤᠯᠠᠭᠠᠭᠴᠢᠨ ᠲᠠᠬᠢᠶ᠎ᠠ ᠵᠢᠯ ᠤᠨ ᠪᠠᠭᠠᠴᠤᠳ ᠬᠡᠦᠬᠡᠳ ᠤᠨ ᠴᠠᠭᠠᠨ ᠰᠠᠷ᠎ᠠ ᠶᠢᠨ ᠦᠲᠡᠰᠢᠯᠡᠭᠡ (ᠨᠢᠭᠡ )
  • ᠲᠡᠭᠡᠳᠦ ᠮᠤᠩᠭ᠋ᠤᠯ ᠤᠨ ᠤᠲᠤᠳ ᠤᠨ ᠤᠯᠠᠭᠠᠭᠴᠢᠨ ᠲᠠᠬᠢᠶ᠎ᠠ ᠵᠢᠯ ᠤᠨ ᠰᠠᠷ᠎ᠠ ᠰᠢᠨ᠎ᠡ ᠶᠢᠨ ᠲᠠᠭᠤᠤ ᠬᠦᠭ᠍ᠵᠢᠮ ᠤᠨ ᠴᠢᠭᠤᠯᠭᠠᠨ ( ᠨᠢᠭᠡ )
  • ᠦᠪᠦᠷ ᠮᠤᠨᠭᠭᠤᠯ ᠳᠡᠬᠢ ᠯᠢᠶᠤᠤ ᠭᠦᠷᠦᠨ ᠤ ᠲᠠᠲᠠᠪᠤᠷᠢ ᠶᠢᠨ ᠤᠨᠭᠭᠤᠨ ᠡᠴᠡ ᠶᠡᠬᠡ ᠬᠡᠮᠵᠢᠶᠡᠨ ᠤ ᠠᠯᠲᠠ ᠮᠦᠩᠭᠦᠨ ᠰᠢᠭᠢᠳᠬᠡᠭᠡᠷᠢ ᠲᠠᠢ ᠱᠠᠭᠠᠵᠠᠩ ᠰᠠᠪᠠ ᠤᠯᠳᠠᠪᠠ
关闭
010070230030000000000000011120701120442744