蒙古文网站Logo
ᠰᠢᠨᠬᠤᠸᠠ ᠮᠤᠩᠭ᠋ᠤᠯ ᠨᠧᠲ

ᠭᠠᠳᠠᠭᠠᠳᠤ ᠶᠠᠪᠤᠳᠠᠯ ᠤᠨ ᠶᠠᠮᠤᠨ ᠤ ᠥᠬᠥᠯᠡᠭᠴᠢ᠄ ᠰᠤᠯᠤᠩᠭᠤᠰ ᠤᠨ ᠵᠠᠯᠠᠭᠤᠷᠳᠤ ᠰᠤᠮᠤ ᠬᠠᠷᠪᠤᠭᠰᠠᠨ ᠢ ᠡᠰᠡᠷᠭᠦᠴᠡᠨ᠎ᠠ

2017-02-15 09:16

    ᠰᠢᠨᠬᠤᠧᠠ ᠬᠤᠷᠢᠶ᠎ᠠ   ᠪᠡᠬᠡᠵᠢᠩ ᠤᠨ 2 ᠰᠠᠷ᠎ᠠ ᠶᠢᠨ 13 ᠤ ᠡᠳᠦᠷ ᠤᠨ ᠴᠠᠬᠢᠯᠭᠠᠨ ᠮᠡᠳᠡᠬᠡ (ᠰᠤᠷᠪᠤᠯᠵᠢᠯᠠᠭᠴᠢ ᠰᠦᠨ ᠵᠧᠨ ᠴᠢᠶᠠᠨ) ᠰᠤᠯᠤᠩᠭᠤᠰ ᠦᠴᠦᠭᠡᠳᠦᠷ ᠴᠦᠮ᠎ᠠ ᠵᠢᠨ ᠲᠠᠯᠢᠩ ᠲᠠᠢ ᠰᠢᠨ᠎ᠠ ᠵᠠᠭᠪᠤᠷ ᠤᠨ ᠵᠠᠯᠠᠭᠤᠷᠳᠤ ᠰᠤᠮᠤ ᠬᠠᠷᠪᠤᠵᠠᠢ ᠭᠡᠰᠡᠨ ᠮᠡᠳᠡᠭᠡᠯᠡᠯ ᠳᠦ ᠴᠢᠭᠯᠡᠭᠦᠯᠦᠨ᠂ ᠭᠠᠳᠠᠭᠠᠳᠦ ᠶᠠᠪᠤᠳᠠᠯ ᠤᠨ ᠶᠠᠮᠤᠨ ᠤ ᠦᠭᠦᠯᠡᠭᠴᠢ ᠭᠧᠩ ᠱᠤᠧᠠᠩ᠂ ᠳᠤᠮᠳᠠᠳᠤ ᠤᠯᠤᠰ ᠬᠡᠷᠡᠭ ᠶᠠᠪᠤᠳᠠᠯ ᠤᠨ ᠬᠦᠭᠵᠢᠯᠲᠠ ᠵᠢᠨ ᠪᠠᠢᠢᠳᠠᠯ ᠢ ᠶᠠᠭ ᠴᠢᠩᠭ᠎ᠠ ᠨᠢᠮᠪᠠᠢ ᠠᠩᠬᠠᠷᠴᠤ ᠪᠠᠢᠢᠨ᠎ᠠ᠂ ᠠᠶᠤᠯᠬᠦᠢ ᠵᠢᠨ ᠵᠦᠪᠯᠡᠯ ᠤᠨ ᠰᠢᠢᠳᠪᠦᠷᠢ ᠳᠦ ᠰᠤᠯᠤᠩᠭᠤᠰ ᠰᠤᠮᠤᠨ ᠵᠠᠮᠲᠦ ᠵᠠᠯᠠᠭᠤᠷᠲᠦ ᠰᠤᠮᠤ ᠵᠢᠨ ᠮᠡᠷᠭᠡᠵᠢᠯ ᠢ ᠠᠰᠢᠬᠯᠠᠨ ᠬᠠᠷᠪᠤᠯᠲᠠ ᠵᠢᠨ ᠠᠵᠢᠯᠯᠠᠭ᠎ᠠ ᠦᠷᠨᠢᠭᠦᠯᠬᠦ ᠲᠤᠬᠠᠢ ᠲᠤᠳᠤᠷᠬᠠᠢ ᠲᠤᠭᠳᠠᠭᠠᠯ ᠭᠠᠷᠭᠠᠭᠰᠠᠨ᠂ ᠳᠤᠮᠳᠠᠳᠤ ᠤᠯᠤᠰ ᠰᠤᠯᠤᠩᠭᠤᠰ ᠤᠨ ᠠᠶᠤᠯᠬᠦᠢ ᠶᠢᠨ ᠵᠦᠪᠯᠡᠯ ᠤᠨ ᠰᠢᠢᠳᠪᠦᠷᠢ ᠵᠢ ᠵᠦᠷᠢᠴᠡᠨ ᠬᠠᠷᠪᠤᠯᠲᠠ ᠵᠢᠨ ᠠᠵᠢᠯᠯᠠᠭ᠎ᠠ ᠦᠷᠨᠢᠭᠦᠯᠦᠭᠰᠡᠨ ᠢ ᠡᠰᠡᠷᠭᠦᠴᠡᠵᠤ ᠪᠠᠢᠢᠨ᠎ᠠ ᠭᠡᠵᠤ 13 ᠤ ᠡᠳᠦᠷ ᠢᠯᠡᠷᠬᠡᠶᠢᠯᠡᠵᠡᠢ᠃

    ᠲᠤᠰ ᠡᠳᠦᠷ ᠤᠨ ᠵᠤᠷᠰᠢᠯᠲᠦ ᠰᠡᠳᠬᠦᠯᠴᠢᠳ ᠤᠨ ᠬᠤᠷᠠᠯ ᠳᠡᠭᠡᠷ᠎ᠠ ᠭᠧᠩ ᠱᠤᠧᠠᠩ᠂ ᠤᠳᠤᠬᠠᠨ ᠤ ᠪᠠᠢᠢᠳᠠᠯ ᠳᠤᠤᠷ᠎ᠠ ᠬᠤᠯᠪᠤᠭᠳᠠᠯ ᠪᠦᠬᠦᠢ ᠲᠠᠯ᠎ᠠ ᠵᠢᠨ ᠬᠢᠨ ᠬᠠᠷᠢᠯᠴᠠᠨ ᠦᠳᠦᠭᠡᠬᠦ᠂ ᠭᠠᠵᠠᠷ ᠤᠷᠤᠨ ᠤ ᠪᠠᠢᠢᠳᠠᠯ ᠢ ᠪᠠᠴᠢᠮ ᠪᠤᠯᠭᠠᠬᠤ ᠠᠵᠢᠯᠯᠠᠭ᠎ᠠ ᠵᠢ ᠬᠢᠬᠦ ᠦᠭᠡᠢ ᠪᠠᠢᠢᠪᠠᠯ ᠲᠠᠭᠠᠷᠠᠨ᠎ᠠ᠃ ᠡᠯ᠎ᠠ ᠲᠠᠯ᠎ᠠ ᠵᠢᠨ ᠬᠢᠨ ᠪᠡᠶ᠎ᠠ ᠪᠠᠨ ᠪᠠᠷᠢᠵᠤ᠂ ᠲᠤᠰ ᠭᠠᠵᠠᠷ ᠤᠷᠤᠨ ᠤ ᠡᠩᠬᠡ ᠲᠠᠢᠢᠪᠤᠩ ᠲᠤᠭᠳᠠᠭᠤᠨ ᠪᠠᠢᠢᠳᠠᠯ ᠢ ᠬᠠᠮᠲᠦᠪᠡᠷ ᠬᠠᠮᠠᠭᠠᠯᠠᠪᠠᠯ ᠵᠤᠬᠢᠨ᠎ᠠ ᠭᠡᠵᠠᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
  • ᠠᠰᠬ᠎ᠠ ᠬᠠᠳᠠᠨ ᠤ ᠢᠷᠮᠡᠭ ᠲᠡᠭᠢ 《ᠲᠡᠭ᠍ᠷᠢ ᠵᠡᠭᠡᠯᠢ》
  • 《ᠮᠢᠨᠦ ᠰᠠᠢᠢᠬᠠᠨ ᠮᠤᠩᠭ᠋ᠤᠯ ᠬᠡᠯᠡ》 ᠤᠷᠲᠤᠰ ᠬᠤᠲᠠ ᠶᠢᠨ ᠤᠯᠠᠭᠠᠭᠴᠢᠨ ᠲᠠᠬᠢᠶ᠎ᠠ ᠵᠢᠯ ᠤᠨ ᠪᠠᠭᠠᠴᠤᠳ ᠬᠡᠦᠬᠡᠳ ᠤᠨ ᠴᠠᠭᠠᠨ ᠰᠠᠷ᠎ᠠ ᠶᠢᠨ ᠦᠲᠡᠰᠢᠯᠡᠭᠡ (ᠨᠢᠭᠡ )
  • ᠲᠡᠭᠡᠳᠦ ᠮᠤᠩᠭ᠋ᠤᠯ ᠤᠨ ᠤᠲᠤᠳ ᠤᠨ ᠤᠯᠠᠭᠠᠭᠴᠢᠨ ᠲᠠᠬᠢᠶ᠎ᠠ ᠵᠢᠯ ᠤᠨ ᠰᠠᠷ᠎ᠠ ᠰᠢᠨ᠎ᠡ ᠶᠢᠨ ᠲᠠᠭᠤᠤ ᠬᠦᠭ᠍ᠵᠢᠮ ᠤᠨ ᠴᠢᠭᠤᠯᠭᠠᠨ ( ᠨᠢᠭᠡ )
关闭
010070230030000000000000011120701120468767