蒙古文网站Logo
ᠰᠢᠨᠬᠤᠸᠠ ᠮᠤᠩᠭ᠋ᠤᠯ ᠨᠧᠲ

ᠤᠯᠢᠮᠫᠢᠺ ᠤᠨ ᠵᠦᠪᠯᠡᠯ᠄ ᠪᠡᠬᠡᠵᠢᠩ ᠤᠨ ᠡᠪᠦᠯ ᠤᠨ ᠤᠯᠢᠮᠫᠢᠺ ᠤᠨ ᠵᠦᠪᠯᠡᠯ ᠤᠨ ᠠᠵᠢᠯ ᠢ ᠳᠤᠤᠱᠳᠠᠢ ᠳᠡᠮᠵᠢᠨ᠎ᠡ

2017-02-28 09:15

    ᠰᠢᠨᠬᠤᠧᠠ ᠬᠤᠷᠢᠶ᠎ᠠ   ᠪᠡᠬᠡᠵᠢᠩ ᠤᠨ 2 ᠰᠠᠷ᠎ᠠ ᠶᠢᠨ 27 ᠤ ᠡᠳᠦᠷ ᠤᠨ ᠴᠠᠬᠢᠯᠭᠠᠨ ᠮᠡᠳᠡᠬᠡ (ᠰᠢᠨᠬᠤᠧᠠ ᠬᠤᠷᠢᠶᠠᠨ ᠤ ᠰᠤᠷᠪᠤᠯᠵᠢᠯᠠᠭᠴᠢ ᠸᠧᠢ ᠬᠤᠧᠠ᠂ ᠵᠢᠢ ᠶᠧ᠂ ᠸᠠᠩ ᠶᠦᠩ) 2022 ᠤᠨ ᠤ ᠪᠡᠬᠡᠵᠢᠩ ᠤᠨ ᠡᠪᠦᠯ ᠤᠨ ᠤᠯᠢᠮᠫᠢᠺ ᠬᠢᠬᠡᠳ ᠬᠦᠭᠵᠢᠯ ᠤᠨ ᠪᠡᠷᠬᠡᠰᠢᠶᠡᠯ ᠲᠠᠢ ᠬᠦᠮᠦᠰ ᠤᠨ ᠡᠪᠦᠯ ᠤᠨ ᠤᠯᠢᠮᠫᠢᠺ ᠤᠨ ᠵᠠᠬ᠎ᠠ ᠵᠡᠬᠡᠯᠢ ᠶᠢ ᠨᠡᠬᠡᠬᠡᠬᠦ ᠳᠦᠯᠦᠪᠯᠡᠬᠡ ᠶᠢ ᠬᠡᠷᠡᠭᠵᠢᠬᠦᠯᠬᠦ ᠶᠤᠰᠤᠯᠠᠯ᠂ 2 ᠰᠠᠷ᠎ᠠ ᠶᠢᠨ 27 ᠤ ᠡᠳᠦᠷ ᠪᠡᠬᠡᠵᠢᠩ ᠳᠤ ᠪᠤᠯᠪᠠ᠃

    ᠶᠤᠰᠤᠯᠠᠯ ᠢᠶᠡᠷ᠂ ᠤᠯᠠᠨ ᠤᠯᠤᠰ ᠤᠨ ᠤᠯᠢᠮᠫᠢᠺ ᠤᠨ ᠵᠦᠪᠯᠡᠯ ᠤᠨ ᠲᠧᠯᠧᠶ᠋ᠰ ᠳᠠᠮᠵᠢᠭᠤᠯᠭ᠎ᠠ ᠬᠢᠬᠡᠳ ᠵᠠᠬ᠎ᠠ ᠵᠠᠬᠡᠯᠢ ᠶᠢ ᠨᠡᠬᠡᠬᠡᠨ ᠬᠦᠭᠵᠢᠬᠦᠯᠬᠦ ᠠᠯᠪᠠᠨ ᠤ ᠳᠠᠷᠤᠭ᠎ᠠ ᠲᠢᠮᠣ᠋·ᠷᠦᠮᠧ᠂ ᠪᠡᠬᠡᠵᠢᠩ ᠤᠨ ᠡᠪᠦᠯ ᠤᠨ ᠤᠯᠢᠮᠫᠢᠺ ᠤᠨ ᠵᠦᠪᠯᠡᠯ ᠤᠨ ᠨᠠᠷᠢᠨ ᠪᠢᠴᠢᠭ᠌ ᠤᠨ ᠳᠠᠷᠤᠭ᠎ᠠ ᠬᠠᠨ ᠽᠢ ᠷᠦᠩ᠂ ᠪᠡᠬᠡᠵᠢᠩ ᠤᠨ ᠡᠪᠦᠯ ᠤᠨ ᠤᠯᠢᠮᠫᠢᠺ ᠤᠨ ᠵᠦᠪᠯᠡᠯ ᠤᠨ ᠰᠠᠩᠬᠦᠦ ᠬᠢᠬᠡᠳ ᠵᠠᠬ᠎ᠠ ᠵᠠᠬᠡᠯᠢ ᠶᠢ ᠨᠡᠬᠡᠬᠡᠨ ᠬᠦᠭᠵᠢᠬᠦᠯᠬᠦ ᠠᠯᠪᠠᠨ ᠤ ᠳᠠᠷᠤᠭ᠎ᠠ ᠫᠦ ᠰᠢᠤᠧᠠᠢ ᠳ᠋ᠦᠩ ᠨᠠᠷ ᠪᠡᠬᠡᠵᠢᠩ ᠤᠨ ᠡᠪᠦᠯ ᠤᠨ ᠤᠯᠢᠮᠫᠢᠺ ᠤᠨ ᠵᠠᠬ᠎ᠠ ᠵᠡᠬᠡᠯᠢ ᠶᠢ ᠨᠡᠬᠡᠬᠡᠬᠦ ᠨᠢᠬᠡᠳᠦᠬᠡᠷ ᠬᠠᠷᠠᠯᠳᠠ᠂ ᠤᠯᠠᠨ ᠤᠯᠤᠰ ᠤᠨ ᠤᠯᠢᠮᠫᠢᠺ ᠤᠨ ᠵᠦᠪᠯᠡᠯ ᠳᠤᠮᠳᠠᠳᠤ ᠤᠯᠤᠰ ᠤᠨ ᠵᠠᠬ᠎ᠠ ᠵᠡᠬᠡᠯᠢ ᠶᠢ ᠬᠡᠷᠬᠢᠨ ᠦᠵᠡᠵᠤ ᠪᠠᠶᠢᠭ᠎ᠠ᠂ ᠠᠵᠤ ᠠᠬᠤᠶᠢᠯᠠᠯ ᠤᠳ ᠶᠠᠮᠠᠷ ᠠᠷᠭ᠎ᠠ ᠵᠠᠮ ᠢᠶᠡᠷ ᠤᠯᠢᠮᠫᠢᠺ ᠤᠨ ᠵᠦᠪᠯᠡᠯ ᠲᠠᠢ ᠬᠤᠯᠪᠤᠭ᠎ᠠ ᠪᠠᠷᠢᠬᠤ ᠵᠡᠷᠬᠡ ᠠᠰᠠᠭᠤᠳᠠᠯ ᠤᠨ ᠳᠤᠭᠤᠷᠢᠨ ᠳᠤ ᠶᠠᠷᠢᠯᠴᠠᠵᠠᠢ᠃

    ᠤᠯᠠᠨ ᠤᠯᠤᠰ ᠤᠨ ᠤᠯᠢᠮᠫᠢᠺ ᠤᠨ ᠵᠦᠪᠯᠡᠯ ᠨᠢ ᠪᠡᠬᠡᠵᠢᠩ ᠤᠨ ᠡᠪᠦᠯ ᠤᠨ ᠤᠯᠢᠮᠫᠢᠺ ᠤᠨ ᠵᠠᠬ᠎ᠠ ᠵᠡᠬᠡᠯᠢ ᠢᠷᠡᠬᠡᠳᠦᠢ ᠲᠠᠢ ᠬᠡᠵᠤ ᠦᠵᠡᠯ᠎ᠡ᠃ ᠷᠦᠮᠧ᠂ ᠤᠯᠢᠮᠫᠢᠺ ᠨᠢ ᠳᠡᠯᠡᠬᠡᠢ ᠶᠢᠨ ᠬᠡᠮᠵᠢᠶᠡᠨ ᠳᠤ ᠨᠦᠯᠦᠬᠡᠯᠡᠬᠦ ᠳᠤᠮᠤ ᠪᠷᠧᠨ᠋ᠳ᠋᠂ ᠳᠤᠮᠳᠠᠳᠤ ᠤᠯᠤᠰ ᠤᠨ ᠵᠠᠬ᠎ᠠ ᠵᠡᠬᠡᠯᠢ ᠨᠡᠩ ᠴᠤ ᠳᠤᠮᠤ᠂ ᠡᠨᠡ ᠬᠤᠶᠠᠷ ᠵᠦᠢᠯ ᠨᠢᠬᠡᠳᠬᠡᠬᠡᠳ ᠦᠵᠡᠬᠦ ᠳᠤ ᠪᠡᠬᠡᠵᠢᠩ ᠤᠨ ᠡᠪᠦᠯ ᠤᠨ ᠤᠯᠢᠮᠫᠢᠺ ᠤᠨ ᠵᠠᠬ᠎ᠠ ᠵᠡᠬᠡᠯᠢ ᠵᠢᠭᠠᠬᠠᠨ ᠴᠤ ᠠᠰᠠᠭᠤᠳᠠᠯ ᠦᠬᠡᠢ᠂ ᠳ᠋ᠤᠯᠯᠠᠷ ᠢᠶᠡᠷ ᠪᠤᠳᠤᠬᠤ ᠳᠤ 10 ᠳ᠋ᠦᠩᠰᠢᠭᠤᠷ ᠢ ᠳᠠᠪᠠᠬᠤ ᠳᠤ ᠠᠰᠠᠭᠤᠳᠠᠯ ᠦᠬᠡᠢ ᠬᠡᠵᠡᠢ᠃ ᠳᠡᠷᠡᠪᠡᠷ ᠪᠠᠰᠠ ᠤᠯᠠᠨ ᠤᠯᠤᠰ ᠤᠨ ᠤᠯᠢᠮᠫᠢᠺ ᠤᠨ ᠵᠦᠪᠯᠡᠯ ᠨᠢ ᠪᠡᠬᠡᠵᠢᠩ ᠤᠨ ᠡᠪᠦᠯ ᠤᠨ ᠤᠯᠢᠮᠫᠢᠺ ᠤᠨ ᠵᠦᠪᠯᠡᠯ ᠤᠨ ᠠᠵᠢᠯ ᠢ ᠳᠤᠤᠱᠳᠠᠢ ᠳᠡᠮᠵᠢᠨ᠎ᠡ ᠬᠡᠵᠤ ᠢᠯᠡᠷᠬᠡᠶᠢᠯᠡᠯ᠎ᠡ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
  • ᠠᠰᠬ᠎ᠠ ᠬᠠᠳᠠᠨ ᠤ ᠢᠷᠮᠡᠭ ᠲᠡᠭᠢ 《ᠲᠡᠭ᠍ᠷᠢ ᠵᠡᠭᠡᠯᠢ》
关闭
010070230030000000000000011120701120540919