蒙古文网站Logo
ᠰᠢᠨᠬᠤᠸᠠ ᠮᠤᠩᠭ᠋ᠤᠯ ᠨᠧᠲ

ᠰᠢ ᠵᠢᠨ ᠫᠢᠩ ᠪᠧᠷᠯᠢᠨ ᠳ᠋ᠤ ᠬᠦᠷᠴᠦ ᠭᠧᠷᠮᠠᠨ ᠳ᠋ᠡᠬᠢ ᠳᠦᠷᠦ ᠶᠢᠨ ᠠᠢᠢᠯᠴᠢᠯᠠᠯ ᠢᠶᠡᠨ ᠡᠬᠢᠯᠡᠬᠦᠯᠪᠡ

2017-07-05 09:53

    ᠰᠢᠨᠬᠤᠧᠠ ᠬᠤᠷᠢᠶ᠎ᠠ   ᠪᠧᠷᠯᠢᠨ ᠤ 7 ᠰᠠᠷ᠎ᠠ ᠶᠢᠨ 3 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠭᠴᠢ ᠵᠦ ᠱᠧᠩ᠂ ᠯᠢᠦ ᠴᠠᠩ) 4 ᠤ ᠡᠳᠤᠷ᠂ ᠤᠯᠤᠰ ᠤᠨ ᠲᠡᠷᠢᠬᠦᠯᠡᠭᠴᠢ ᠰᠢ ᠵᠢᠨ ᠫᠢᠩ ᠲᠤᠰᠬᠠᠢ ᠨᠢᠰᠬᠦ ᠤᠩᠭᠤᠴᠠ ᠪᠡᠷ ᠪᠧᠷᠯᠢᠨ ᠳ᠋ᠤ ᠬᠦᠷᠴᠦ᠂ ᠭᠧᠷᠮᠠᠨ ᠳ᠋ᠡᠬᠢ ᠳᠦᠷᠦ ᠶᠢᠨ ᠠᠢᠢᠯᠴᠢᠯᠠᠯ ᠢᠶᠡᠨ ᠡᠬᠢᠯᠡᠬᠦᠯᠦᠭᠰᠡᠨ ᠪᠠᠶᠢᠨ᠎ᠠ᠃

    ᠰᠢ ᠵᠢᠨ ᠫᠢᠩ ᠤᠨ ᠰᠠᠭᠤᠭᠰᠠᠠ ᠲᠤᠰᠬᠠᠢ ᠨᠢᠰᠬᠦ ᠤᠩᠭᠤᠴᠠ ᠭᠧᠷᠮᠠᠨ ᠤ ᠬᠠᠷᠢᠶ᠎ᠠ ᠠᠭᠠᠷ ᠲᠥ ᠤᠷᠤᠬᠤ ᠦᠶᠡᠰ᠂ ᠭᠧᠷᠮᠠᠨ ᠤ ᠠᠭᠠᠷ ᠤᠨ ᠴᠡᠷᠢᠭ ᠤᠨ 2 ᠪᠠᠢᠢᠯᠳᠤᠭᠠᠨ ᠤ ᠨᠢᠰᠬᠦ ᠤᠩᠭᠤᠴᠠ ᠤᠭᠳᠠᠷᠭᠤᠢ ᠳ᠋ᠤ ᠨᠢᠰᠦᠨ ᠭᠠᠷᠴᠤ ᠠᠶᠠᠯᠠᠯ ᠬᠠᠮᠠᠭᠠᠯᠠᠪᠠ᠃ ᠲᠤᠬᠠᠢ ᠢᠢᠨ ᠤᠷᠤᠨ ᠤ ᠴᠠᠭ ᠢᠶᠡᠷ ᠤᠷᠤᠢ ᠢᠢᠨ 6᠄30 ᠴᠠᠭ ᠤᠨ ᠦᠶ᠎ᠠ ᠪᠡᠷ᠂ ᠲᠤᠰᠬᠠᠢ ᠨᠢᠰᠬᠦ ᠤᠩᠭᠤᠴᠠ ᠪᠧᠷᠯᠢᠨ ᠳ᠋ᠤ ᠭᠠᠵᠠᠷᠳᠠᠪᠠ᠃ ᠰᠢ ᠵᠢᠨ ᠫᠢᠩ ᠬᠠᠳᠤᠨ ᠫᠧᠩ ᠯᠢ ᠶᠤᠧᠠᠨ ᠲᠠᠢ ᠪᠡᠨ ᠨᠢᠰᠬᠦ ᠤᠩᠭᠤᠴᠠᠨ ᠡᠴᠡ ᠭᠠᠷᠬᠤ ᠳᠤ ᠶᠤᠰᠤᠯᠠᠯ ᠤᠨ ᠫᠤᠤ 21 ᠲᠤᠤᠭᠠᠷᠴᠦ᠂ ᠪᠠᠢᠢᠯᠳᠤᠭᠠᠨ ᠤ ᠨᠢᠰᠬᠦ ᠤᠩᠭᠤᠴᠠ ᠤᠭᠳᠠᠷᠭᠤᠢ ᠳ᠋ᠤ ᠨᠢᠰᠴᠦ ᠮᠡᠨᠳᠤᠴᠢᠯᠡᠯ ᠬᠦᠷᠬᠡᠵᠥ ᠪᠠᠢᠢᠯ᠎ᠠ᠃ ᠭᠧᠷᠮᠠᠨ ᠤ ᠵᠠᠰᠠᠭ ᠤᠨ ᠤᠷᠳᠤᠨ ᠤ ᠲᠡᠬᠡᠳᠤ ᠵᠡᠷᠬᠡ ᠶᠢᠨ ᠠᠯᠪᠠᠨ ᠲᠤᠰᠢᠶᠠᠯᠳᠡᠳ ᠨᠢᠰᠬᠦ ᠤᠩᠭᠤᠴᠠᠨ ᠤ ᠱᠠᠳᠤᠨ ᠤ ᠲᠡᠷᠬᠡᠳᠡ ᠬᠦᠷᠴᠦ ᠤᠬᠳᠤᠪᠠ᠃ ᠶᠤᠰᠤᠯᠠᠯ ᠤᠨ ᠴᠡᠷᠢᠭ ᠤᠯᠠᠭᠠᠨ ᠬᠡᠪᠢᠰ ᠤᠨ ᠬᠤᠶᠠᠷ ᠲᠠᠯ᠎ᠠ ᠪᠡᠷ ᠵᠢᠭᠰᠠᠵᠠᠢ᠃

    ᠰᠢ ᠵᠢᠨ ᠫᠢᠩ ᠳᠤᠮᠳᠠᠳᠤ ᠶᠢᠨ ᠢᠷᠬᠡᠳ ᠤᠨ ᠨᠡᠷ᠎ᠡ ᠶᠢᠨ ᠡᠮᠦᠨ᠎ᠡ ᠡᠴᠡ ᠭᠧᠷᠮᠠᠨ ᠤ ᠠᠷᠠᠳ ᠲᠦᠮᠡᠨ ᠳ᠋ᠦ ᠴᠢᠩ ᠰᠡᠳᠭᠢᠯ ᠤᠨ ᠮᠡᠨᠳᠦᠴᠢᠯᠡᠯ ᠪᠤᠯᠤᠨ ᠰᠠᠢᠢᠨ ᠰᠠᠢᠢᠬᠠᠨ ᠵᠦᠩᠨᠡᠯ ᠳᠡᠪᠰᠢᠭᠦᠯᠵᠠᠢ᠃ ᠰᠢ ᠵᠢᠨ ᠫᠢᠩ᠂ ᠳᠤᠮᠳᠠᠳᠤ ᠭᠧᠷᠮᠠᠨ ᠬᠠᠷᠢᠯᠴᠠᠭ᠎ᠠ ᠪᠠᠢᠢᠭᠤᠯᠤᠭᠰᠠᠨ 45 ᠵᠢᠯ ᠤᠨ ᠲᠤᠷᠰᠢ᠂ ᠬᠤᠶᠠᠷ ᠤᠯᠤᠰ ᠡᠷᠬᠡ ᠲᠡᠭᠰᠢ ᠬᠠᠷᠢᠯᠴᠠᠨ ᠬᠦᠨᠳᠦᠳᠭᠡᠬᠦ᠂ ᠬᠠᠮᠳᠤᠷᠠᠨ ᠠᠵᠢᠯᠯᠠᠵᠤ ᠬᠠᠮᠲᠦᠪᠡᠷ ᠠᠰᠢᠭ ᠬᠦᠷᠲᠡᠬᠦ ᠵᠤᠷᠢᠭ ᠰᠠᠨᠠᠭᠠᠨ ᠤ ᠳᠠᠭᠠᠤ ᠪᠦᠬᠦ ᠰᠠᠯᠪᠤᠷᠢ ᠳ᠋ᠡᠬᠢ ᠪᠤᠳᠠᠳᠠᠢ ᠵᠢ ᠡᠷᠬᠢᠮᠯᠡᠭᠰᠡᠨ ᠬᠠᠮᠲᠤ ᠶᠢᠨ ᠠᠵᠢᠯᠯᠠᠭ᠎ᠠ ᠶᠢ ᠡᠷᠴᠢᠮᠵᠢᠬᠦᠯᠦᠨ᠂ ᠳᠤᠮᠳᠠᠳᠤ ᠭᠧᠷᠮᠠᠨ ᠤ ᠬᠠᠷᠢᠯᠴᠠᠭᠠᠨ ᠤ ᠰᠢᠨ᠎ᠠ ᠲᠡᠭᠳᠡᠷ ᠲᠦ ᠭᠠᠷᠬᠤ ᠵᠢ ᠠᠬᠢᠭᠤᠯᠪᠠ᠃ ᠤᠳᠤᠬᠠᠨ ᠳᠦ ᠳᠤᠮᠳᠠᠳᠤ ᠭᠧᠷᠮᠠᠨ ᠤ ᠪᠦᠬᠦ ᠰᠠᠯᠪᠤᠷᠢ ᠳ᠋ᠡᠬᠢ ᠬᠠᠮᠲᠤ ᠶᠢᠨ ᠠᠵᠢᠯᠯᠠᠭ᠎ᠠ ᠦᠷᠨᠢᠭᠦᠨ ᠬᠦᠭᠵᠢᠬᠦ ᠰᠠᠢᠢᠨ ᠬᠠᠨᠳᠤᠰᠢ ᠢᠯᠡᠷᠡᠵᠦ ᠪᠤᠢ᠃ ᠳᠤᠮᠳᠠᠳᠤ ᠭᠧᠷᠮᠠᠨ ᠤ ᠬᠠᠮᠲᠤ ᠶᠢᠨ ᠠᠵᠢᠯᠯᠠᠭ᠎ᠠ ᠨᠢ ᠬᠤᠶᠠᠷ ᠤᠯᠤᠰ ᠤᠨ ᠢᠷᠬᠡᠳ ᠲᠤ ᠦᠨᠡᠨ ᠪᠤᠳᠠᠳᠠᠢ ᠠᠰᠢᠭ ᠬᠦᠷᠳᠡᠭᠡᠭᠰᠡᠡ ᠪᠦᠭᠡᠳ ᠳᠤᠮᠳᠠᠳᠤ ᠡᠧᠦ᠋ᠷᠦᠫᠠ᠂ ᠠᠽᠢᠶ᠎ᠡ ᠡᠧᠦ᠋ᠷᠦᠫᠠ ᠵᠢᠨ ᠬᠠᠮᠲᠤ ᠶᠢᠨ ᠠᠵᠢᠯᠯᠠᠭ᠎ᠠ ᠶᠢ ᠠᠬᠢᠭᠤᠯᠬᠤ ᠳᠤᠮᠳᠠ ᠢᠳᠡᠪᠬᠢᠲᠠᠢ ᠬᠦᠳᠦᠯᠦᠨ ᠳᠠᠭᠠᠭᠤᠯᠬᠤ ᠪᠠ ᠦᠯᠢᠬᠡᠷ ᠵᠢᠱᠢᠶ᠎ᠠ ᠪᠤᠯᠬᠤ ᠦᠢᠯᠡᠳᠦᠯ ᠦᠵᠡᠬᠦᠯᠪᠡ᠃ ᠳᠤᠮᠳᠠᠳᠤ ᠭᠧᠷᠮᠠᠨ ᠳᠡᠯᠡᠬᠡᠢ ᠵᠢᠨ ᠴᠢᠬᠤᠯᠠ ᠡᠳ᠋ ᠤᠨ ᠵᠠᠰᠠᠭ ᠤᠨ ᠴᠤᠭᠴᠠ ᠪᠤᠯᠤᠭᠰᠠᠨ ᠤ ᠬᠤᠪᠢ ᠳᠦ ᠦᠷᠭᠡᠨ ᠳᠡᠯᠭᠡᠷ ᠬᠠᠮᠲᠦ ᠵᠢᠨ ᠠᠰᠢᠭ ᠲᠤᠰᠠ ᠲᠠᠢ ᠪᠡᠷ ᠦᠯᠦ ᠪᠠᠷᠠᠮ ᠳᠡᠯᠡᠬᠡᠢ ᠵᠢᠨ ᠠᠮᠦᠷ ᠲᠤᠭᠳᠠᠭᠤᠨ ᠪᠤᠯᠤᠨ ᠴᠡᠴᠡᠭᠯᠡᠯ ᠬᠦᠭᠵᠢᠯ ᠢ ᠠᠬᠢᠭᠤᠯᠬᠤ ᠳᠦ ᠬᠤᠪᠢ ᠨᠡᠮᠡᠷᠢ ᠦᠵᠡᠭᠦᠯᠬᠦ ᠬᠠᠷᠢᠭᠤᠴᠠᠯᠭ᠎ᠠ ᠲᠠᠢ ᠶᠤᠮ ᠭᠡᠪᠠ᠃

    ᠰᠢ ᠵᠢᠨ ᠫᠢᠩ᠂ ᠳᠤᠮᠳᠠᠳᠤ ᠭᠧᠷᠮᠠᠨ ᠤ ᠬᠠᠷᠢᠯᠴᠠᠭᠠᠨ ᠳ᠋ᠤ ᠰᠢᠨ᠎ᠠ ᠬᠦᠭᠵᠢᠯᠲᠡ ᠵᠢᠨ ᠠᠵᠠ ᠵᠠᠪᠰᠢᠶᠠᠨ ᠲᠤᠬᠢᠶᠠᠯᠳᠤᠵᠤ ᠪᠠᠢᠢᠨ᠎ᠠ᠃ ᠪᠢ ᠭᠧᠷᠮᠠᠨ ᠤ ᠤᠳᠤᠷᠢᠳᠬᠤ ᠬᠦᠮᠦᠨ ᠲᠠᠢ ᠬᠠᠮᠲᠤ᠂ ᠳᠤᠮᠳᠠᠳᠤ ᠭᠧᠷᠮᠠᠨ ᠤ ᠪᠦᠬᠦ ᠲᠠᠯ᠎ᠠ ᠵᠢᠨ ᠪᠠᠢᠢᠯᠳᠤᠬᠤ ᠪᠤᠳᠤᠯᠭ᠎ᠠ ᠵᠢᠨ ᠳᠦᠩᠰᠢᠯᠡᠯ ᠤᠨ ᠬᠠᠷᠢᠯᠴᠠᠭᠠᠨ ᠤ ᠬᠦᠭᠵᠢᠯᠲᠡ ᠵᠢᠨ ᠰᠢᠨ᠎ᠠ ᠬᠠᠷᠠᠯᠲᠠ ᠵᠢ ᠲᠤᠳᠤᠷᠬᠠᠢᠢᠯᠠᠵᠤ᠂ ᠰᠢᠨ᠎ᠠ ᠴᠢᠭᠯᠡᠯ ᠢ ᠲᠦᠯᠦᠪᠵᠢᠭᠦᠯᠵᠦ᠂ ᠳᠤᠮᠳᠠᠳᠤ ᠭᠧᠷᠮᠠᠨ ᠤ ᠬᠠᠷᠢᠯᠴᠠᠭᠠᠨ ᠤ ᠳᠠᠪᠰᠢᠬᠰᠠᠨ ᠳᠡᠭᠡᠷ᠎ᠠ ᠪᠡᠨ ᠳᠠᠪᠰᠢᠬᠤ ᠵᠢ ᠠᠬᠢᠭᠤᠯᠬᠤ ᠵᠢ ᠬᠦᠰᠡᠵᠦ ᠪᠠᠢᠢᠨ᠎ᠠ᠃ ᠳᠤᠮᠳᠠᠳᠤ ᠤᠯᠤᠰ ᠲᠤᠷᠠᠲᠠᠶ᠎ᠠ ᠭᠧᠷᠮᠠᠨ ᠤ ᠬᠢᠨ ᠲᠠᠢ ᠬᠠᠮᠲᠤ ᠴᠢᠷᠮᠠᠢᠢᠵᠤ ᠪᠠᠢᠢᠭᠠᠳ᠂ ᠬᠤᠷᠢᠨ ᠤᠯᠤᠰ ᠤᠨ ᠪᠦᠯᠦᠭᠯᠡᠯ ᠤᠨ ᠤᠳᠤᠷᠢᠳᠬᠤ ᠬᠦᠮᠦᠰ ᠤᠨ ᠳᠡᠬᠡᠳᠦ ᠳᠦᠪᠰᠢᠨ ᠤ ᠠᠭᠤᠯᠵᠠᠯᠳᠠ ᠶᠢ ᠨᠢᠳᠤᠨᠤᠨ ᠤ ᠬᠠᠩᠵᠸᠤ ᠳᠡᠬᠢ ᠠᠭᠤᠯᠵᠠᠯᠳᠠ ᠶᠢᠨ ᠰᠠᠭᠤᠷᠢᠨ ᠳᠤ ᠢᠳᠡᠪᠬᠢ ᠠᠬᠢᠴᠠ ᠲᠠᠢ ᠪᠤᠯᠭᠠᠵᠦ᠂ ᠨᠡᠭᠡᠭᠡᠯᠲᠡ ᠲᠠᠢ᠂ ᠬᠠᠮᠳᠤ ᠶᠢᠨ ᠠᠵᠢᠯᠯᠠᠭ᠎ᠠ ᠬᠢᠬᠦ᠂ ᠬᠠᠮᠲᠤᠪᠡᠷ ᠠᠰᠢᠬ ᠬᠦᠷᠲᠡᠬᠦ ᠢᠳᠡᠪᠬᠢ ᠳᠤᠬᠢᠶ᠎ᠠ ᠵᠢ ᠬᠠᠮᠲᠤᠪᠡᠷ ᠰᠠᠴᠤᠵᠦ᠂ ᠳᠡᠯᠡᠬᠡᠢ ᠵᠢᠨ ᠡᠳ᠋ ᠤᠨ ᠵᠠᠰᠠᠭ ᠤᠨ ᠨᠡᠮᠡᠭᠳᠡᠯ ᠢ ᠠᠬᠢᠭᠤᠯᠬᠤ ᠳ᠋ᠤ ᠰᠢᠨ᠎ᠠ ᠬᠦᠳᠡᠯᠭᠡᠬᠦ ᠬᠦᠴᠦᠨ ᠨᠡᠮᠡᠷᠢᠯᠡᠨ᠎ᠠ ᠭᠡᠵᠦ ᠴᠢᠬᠤᠯᠠᠴᠢᠯᠠᠪᠠ᠃

    ᠸᠠᠩ ᠬᠤ ᠨᠢᠩ᠂ ᠯᠢ ᠵᠠᠨ ᠱᠦ᠂ ᠶᠠᠩ ᠵᠢᠶᠧ ᡂᠢ ᠨᠠᠷ ᠪᠠᠷ᠎ᠠ ᠪᠤᠯᠵᠤ ᠬᠠᠮᠳᠤ ᠬᠦᠷᠴᠠᠢ᠃ ᠭᠧᠷᠮᠠᠨ ᠳᠤ ᠰᠠᠭᠤᠭ᠎ᠠ ᠳᠤᠮᠳᠠᠳᠤ ᠤᠯᠤᠰ ᠦᠨ ᠡᠯᠴᠢᠨ ᠰᠠᠢᠢᠳ ᠱᠢ ᠮᠢᠩ ᠳ᠋ᠧ ᠨᠢᠰᠬᠦ ᠤᠩᠭᠤᠴᠠᠨ ᠤ ᠪᠠᠭᠤᠳᠠᠯ ᠳᠤ ᠬᠦᠷᠴᠤ ᠤᠬᠳᠤᠪᠠ᠃

    ᠰᠢ ᠵᠢᠨ ᠫᠢᠩ ᠤᠷᠤᠰ ᠲᠡᠬᠢ ᠲᠦᠷᠤ ᠢᠢᠨ ᠠᠢᠢᠯᠴᠢᠯᠠᠯ ᠢᠶᠡᠨ ᠲᠡᠬᠦᠰᠬᠡᠬᠡᠳ ᠭᠧᠷᠮᠠᠨ ᠳᠤ ᠬᠦᠷᠦᠭᠰᠡᠨ ᠶᠤᠮ᠃ ᠮᠤᠰᠺᠧᠠ ᠡᠴᠡ ᠮᠤᠷᠳᠠᠬᠤ ᠦᠶ᠎ᠠ ᠳᠤ ᠤᠷᠤᠰ ᠤᠨ ᠵᠠᠰᠠᠬ ᠦᠨ ᠤᠷᠳᠤᠨ ᠦ ᠬᠢᠨ ᠨᠢᠰᠬᠦ ᠤᠩᠭᠤᠴᠠᠨ ᠤ ᠪᠠᠭᠤᠳᠠᠯ ᠳᠤ ᠰᠢ ᠵᠢᠨ ᠫᠢᠩ ᠢ ᠦᠳᠡᠨ ᠮᠤᠷᠳᠠᠭᠤᠯᠬᠤ ᠶᠤᠰᠤᠯᠠᠯ ᠶᠠᠪᠤᠭᠤᠯᠪᠠ᠃ ᠭᠧᠷᠮᠠᠨ ᠳᠤ ᠪᠠᠢᠢᠬᠤ ᠬᠤᠭᠤᠴᠠᠭᠠᠨ ᠳᠤ ᠪᠡᠨ ᠰᠢ ᠵᠢᠨ ᠫᠢᠩ ᠪᠠᠰᠠ ᠬᠠᠮᠪᠦᠢᠷᠡᠭ ᠲᠤ ᠬᠦᠷᠴᠤ ᠬᠤᠷᠢᠨ ᠤᠯᠤᠰ ᠤᠨ ᠪᠦᠯᠦᠭᠯᠡᠯ ᠦᠨ ᠤᠳᠤᠷᠢᠳᠬᠤ ᠬᠦᠮᠤᠰ ᠤᠨ ᠠᠷᠪᠠᠨ ᠬᠤᠶᠠᠳᠡᠬᠢ ᠳᠡᠬᠡᠳᠦ ᠳᠦᠪᠰᠢᠨ ᠤ ᠠᠭᠤᠯᠵᠠᠯᠳᠠ ᠳᠤ ᠤᠷᠤᠯᠴᠠᠨ᠎ᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121265371