蒙古文网站Logo
ᠰᠢᠨᠬᠤᠸᠠ ᠮᠤᠩᠭ᠋ᠤᠯ ᠨᠧᠲ

ᠰᠢ ᠵᠢᠨ ᠫᠢᠩ ᠪᠤᠯᠵᠤᠭ᠎ᠠ ᠪᠡᠷ ᠠᠮᠧᠷᠢᠺᠠ ᠶᠢᠨ ᠶᠡᠷᠤᠩᠬᠡᠢᠢᠯᠡᠭᠴᠢ ᠲ᠋ᠷᠠᠮᠫ ᠲ᠋ᠠᠢ ᠤᠳᠠᠰᠤ ᠪᠡᠷ ᠶᠠᠷᠢᠯᠴᠠᠪᠠ

2017-09-07 10:28

    ᠰᠢᠨᠬᠤᠧᠠ ᠬᠤᠷᠢᠶ᠎ᠠ   ᠪᠡᠭᠡᠵᠢᠩ ᠤᠨ 9 ᠰᠠᠷ᠎ᠠ ᠶᠢᠨ 6 ᠤ ᠡᠳᠦᠷ ᠤᠨ ᠴᠠᠬᠢᠯᠭᠠᠨ ᠮᠡᠳᠡᠭᠡ   ᠤᠯᠤᠰ ᠤᠨ ᠲ᠋ᠡᠷᠢᠬᠦᠯᠡᠭᠴᠢ ᠰᠢ ᠵᠢᠨ ᠫᠢᠩ 6 ᠤ ᠡᠳᠤᠷ ᠪᠤᠯᠵᠤᠭ᠎ᠠ ᠪᠡᠷ ᠠᠮᠸ᠋ᠷᠢᠺᠠ ᠶᠢᠨ ᠶᠡᠷᠤᠩᠬᠡᠢᠢᠯᠡᠭᠴᠢ ᠲ᠋ᠷᠠᠮᠫ ᠲ᠋ᠠᠢ ᠤᠳᠠᠰᠤ ᠪᠡᠷ ᠶᠠᠷᠢᠯᠴᠠᠪᠠ᠃

    ᠰᠢ ᠵᠢᠨ ᠫᠢᠩ᠂ ᠤᠳᠤᠬᠠᠨ ᠳ᠋ᠤ᠂ ᠲ᠋ᠤᠮᠳᠠᠳᠤ ᠠᠮᠸ᠋ᠷᠢᠺᠠ ᠶᠢᠨ ᠪᠦᠬᠦ ᠰᠠᠯᠪᠤᠷᠢ ᠶᠢᠨ ᠬᠠᠷᠢᠯᠴᠠᠭ᠎ᠠ ᠬᠠᠮᠳᠤ ᠶᠢᠨ ᠠᠵᠢᠯᠯᠠᠭ᠎ᠠ ᠦᠷᠬᠦᠯᠵᠢᠯᠡᠨ ᠠᠬᠢᠵᠤ ᠪᠠᠢᠢᠨ᠎ᠠ᠃ ᠬᠤᠶᠠᠷ ᠤᠯᠤᠰ ᠤᠨ ᠭᠠᠳᠠᠭᠠᠳᠤ ᠬᠠᠷᠢᠯᠴᠠᠭᠠᠨ ᠤ ᠠᠶᠤᠯᠬᠦᠢ ᠶᠢᠨ ᠪᠠᠭ ᠪᠤᠯᠤᠨ ᠡᠳ᠋ ᠤᠨ ᠵᠠᠰᠠᠭ ᠤᠨ ᠨᠢᠬᠳᠠ ᠤᠯᠤᠯᠴᠠᠭ᠎ᠠ ᠪᠡᠨ ᠪᠠᠳᠤᠯᠠᠵᠤ᠂ ᠬᠤᠶᠠᠷ ᠲ᠋ᠠᠯ᠎ᠠ ᠪᠡᠷ ᠢᠶᠡᠨ ᠶᠠᠭ ᠠᠩᠬᠠᠳᠤᠭᠠᠷ ᠡᠬᠡᠯᠵᠢ ᠶᠢᠨ ᠲ᠋ᠤᠮᠳᠠᠳᠤ ᠠᠮᠧᠷᠢᠺᠠ ᠶᠢᠨ ᠨᠡᠢᠢᠬᠡᠮ ᠪᠤᠯᠤᠨ ᠰᠤᠶᠤᠯ ᠢᠷᠬᠡᠨᠰᠢᠯ ᠤᠨ ᠶᠠᠷᠢᠯᠴᠠᠯᠭ᠎ᠠ᠂ ᠬᠠᠤᠯᠢ ᠬᠡᠷᠡᠭᠵᠢᠬᠦᠯᠥᠯᠳᠡ ᠵᠢᠴᠢ ᠢᠨᠲ᠋ᠧᠷᠨᠧᠲ ᠤᠨ ᠠᠶᠤᠯᠬᠦᠢ ᠶᠢᠨ ᠶᠠᠷᠢᠯᠴᠠᠯᠭ᠎ᠠ ᠬᠢᠬᠦ ᠪᠡᠷ ᠪᠡᠯᠡᠳᠬᠡᠵᠥ ᠪᠠᠢᠢᠨ᠎ᠠ᠃ ᠲ᠋ᠤᠮᠳᠠᠳᠤ ᠤᠯᠤᠰ ᠶᠡᠷᠤᠩᠬᠡᠢᠢᠯᠡᠭᠴᠢ ᠠᠪᠤᠭᠠᠢ ᠢᠢᠨ ᠡᠨᠡ ᠵᠢᠯ ᠲ᠋ᠤᠮᠳᠠᠳᠤ ᠤᠯᠤᠰ ᠲ᠋ᠥ ᠲᠦᠷᠦ ᠶᠢᠨ ᠠᠢᠢᠯᠴᠢᠯᠠᠯ ᠬᠢᠬᠦ ᠪᠡᠷ ᠪᠠᠢᠢᠭ᠎ᠠ ᠵᠢ ᠴᠢᠬᠤᠯᠠᠴᠢᠯᠠᠨ ᠦᠵᠡᠵᠥ ᠪᠠᠢᠢᠨ᠎ᠠ᠂ ᠬᠤᠶᠠᠷ ᠲ᠋ᠠᠯ᠎ᠠ ᠢᠢᠨ ᠪᠠᠭ ᠬᠠᠮᠳᠤᠪᠡᠷ ᠴᠢᠷᠮᠠᠢᠢᠵᠤ᠂ ᠠᠢᠢᠯᠴᠢᠯᠠᠯ ᠠᠮᠵᠢᠯᠳᠠ ᠤᠯᠬᠤ ᠢᠢ ᠪᠠᠳᠤᠯᠠᠬᠤ ᠵᠢ ᠬᠦᠰᠡᠵᠥ ᠪᠠᠢᠢᠨ᠎ᠠ ᠬᠡᠵᠥ ᠵᠢᠭᠠᠵᠥ ᠭᠠᠷᠭᠠᠪᠠ᠃ ᠲ᠋ᠷᠠᠮᠫ᠂ ᠪᠢ ᠲ᠋ᠡᠷᠢᠬᠦᠯᠡᠭᠴᠢ ᠰᠢ ᠵᠢᠨ ᠫᠢᠩ ᠲ᠋ᠠᠢ ᠨᠢᠬᠳᠠ ᠤᠯᠤᠯᠴᠠᠭ᠎ᠠ ᠪᠡᠨ ᠪᠠᠳᠤᠯᠠᠵᠥ᠂ ᠲ᠋ᠡᠯᠡᠬᠡᠢ ᠢᠢᠨ ᠪᠡ ᠪᠦᠰᠡ ᠨᠤᠳᠤᠭ ᠤᠨ ᠴᠢᠬᠤᠯᠠ ᠶᠡᠬᠡ ᠠᠰᠠᠭᠤᠳᠠᠯ ᠤᠨ ᠲ᠋ᠠᠯ᠎ᠠ ᠪᠡᠷ ᠵᠤᠬᠢᠴᠠᠭᠤᠯᠭ᠎ᠠ ᠪᠡᠨ ᠴᠢᠩᠭᠠᠳᠬᠠᠬᠤ ᠨᠢ ᠲ᠋ᠤᠢᠢᠯ ᠤᠨ ᠴᠢᠬᠤᠯᠠ ᠭᠡᠵᠤ ᠦᠵᠡᠵᠦ ᠪᠠᠶᠢᠨ᠎ᠠ᠃ ᠪᠢ ᠡᠨᠡ ᠵᠢᠯ ᠲ᠋ᠤᠮᠳᠠᠳᠤ ᠤᠯᠤᠰ ᠲ᠋ᠦ ᠲᠦᠷᠦ ᠶᠢᠨ ᠠᠢᠢᠯᠴᠢᠯᠠᠯ ᠬᠢᠬᠦ ᠢᠢᠨ ᠬᠠᠮᠳᠤ ᠲ᠋ᠡᠷᠢᠬᠦᠯᠡᠭᠴᠢ ᠰᠢ ᠵᠢᠨ ᠫᠢᠩ ᠲ᠋ᠠᠢ ᠲ᠋ᠠᠬᠢᠨᠳᠠ ᠠᠭᠤᠯᠵᠠᠯᠳᠠ ᠬᠢᠬᠦ ᠢᠢ ᠬᠦᠰᠡᠵᠥ ᠪᠠᠢᠢᠨ᠎ᠠ ᠬᠡᠵᠥ ᠢᠯᠡᠳᠬᠡᠪᠡ᠃

    ᠬᠤᠶᠠᠷ ᠤᠯᠤᠰ ᠤᠨ ᠲ᠋ᠡᠷᠢᠭᠦᠨ ᠭᠤᠤᠯᠳᠠᠭᠤ ᠤᠳᠤᠬᠠᠨ ᠤ ᠰᠤᠯᠤᠩᠭᠤᠰ ᠬᠤᠢᠢᠭ ᠤᠨ ᠪᠠᠢᠢᠳᠠᠯ ᠤᠨ ᠲ᠋ᠤᠬᠠᠢ ᠰᠠᠨᠠᠯ ᠢᠶᠡᠨ ᠰᠤᠯᠢᠯᠴᠠᠪᠠ᠃ ᠰᠢ ᠵᠢᠨ ᠫᠢᠩ᠂ ᠳᠤᠮᠳᠠᠳᠤ ᠵᠢᠨ ᠲ᠋ᠠᠯ᠎ᠠ ᠡᠴᠡ ᠰᠤᠯᠤᠩᠭᠤᠰ ᠬᠤᠢᠢᠭ ᠢ ᠴᠦᠮ᠎ᠠ ᠶᠢᠨ ᠵᠡᠪᠰᠡᠭ ᠦᠭᠡᠢ ᠪᠠᠢᠢᠯᠭᠠᠬᠤ ᠵᠢ ᠪᠡᠶᠡᠯᠡᠭᠦᠯᠬᠦ ᠶᠢᠨ ᠲ᠋ᠦᠯᠦᠭᠡ ᠡᠷᠡᠰ ᠭᠤᠢᠢᠪᠢᠰᠢ ᠦᠭᠡᠢ ᠴᠢᠷᠮᠠᠢᠢᠵᠤ᠂ ᠳᠡᠯᠡᠬᠡᠢ ᠵᠢᠨ ᠴᠦᠮ᠎ᠠ ᠵᠢᠨ ᠵᠡᠪᠰᠡᠭ ᠢ ᠳᠡᠯᠭᠡᠷᠡᠭᠦᠯᠬᠦ ᠦᠭᠡᠢ ᠰᠢᠰᠲ᠋ᠧᠮ ᠢ ᠬᠠᠮᠠᠭᠠᠯᠠᠨ᠎ᠠ᠃ ᠡᠭᠦᠨ ᠤ ᠵᠡᠷᠬᠡᠴᠡᠬᠡ᠂ ᠪᠢᠳᠡ ᠰᠤᠯᠤᠩᠭᠤᠰ ᠬᠤᠢᠢᠭ ᠤᠨ ᠡᠩᠬᠡ ᠲ᠋ᠠᠢᠢᠪᠤᠩ ᠠᠶᠤᠯᠬᠦᠢ ᠶᠢ ᠬᠠᠮᠠᠭᠠᠯᠠᠬᠤ ᠵᠢ ᠢᠮᠠᠭᠳᠠ ᠪᠠᠷᠢᠮᠳᠠᠯᠠᠵᠤ᠂ ᠶᠠᠷᠢᠯᠴᠠᠯᠭ᠎ᠠ ᠬᠢᠵᠦ ᠵᠦᠪᠳᠡᠯᠴᠡᠬᠦ ᠪᠡᠷ ᠳᠠᠮᠵᠢᠨ ᠠᠰᠠᠭᠤᠳᠠᠯ ᠢ ᠰᠢᠢᠳᠪᠤᠷᠢᠯᠡᠬᠦ ᠵᠢ ᠪᠠᠷᠢᠮᠳᠠᠯᠠᠨ᠎ᠠ᠃ ᠨᠠᠢᠢᠷᠠᠮᠳᠠᠯ ᠢᠶᠡᠷ ᠰᠢᠢᠳᠪᠤᠷᠢᠯᠡᠬᠦ ᠶᠡᠬᠡ ᠴᠢᠭᠯᠡᠯ ᠢ ᠪᠠᠷᠢᠮᠳᠠᠯᠠᠬᠤ ᠬᠡᠷᠡᠭᠳᠠᠢ᠂ ᠰᠤᠯᠤᠩᠭᠤᠰ ᠬᠤᠢᠢᠭ ᠤᠨ ᠴᠦᠮ᠎ᠠ ᠵᠢᠨ ᠠᠰᠠᠭᠤᠳᠠᠯ ᠢ ᠰᠢᠢᠳᠪᠤᠷᠢᠯᠡᠬᠦ ᠳᠤ ᠡᠴᠤᠰ ᠲ᠋ᠡᠭᠡᠨ ᠶᠠᠷᠢᠯᠴᠠᠯᠭ᠎ᠠ ᠬᠢᠵᠦ ᠬᠡᠯᠡᠯᠴᠡᠭᠡ ᠬᠢᠬᠦ᠂ ᠶᠡᠷᠦᠩᠬᠡᠢᠢᠯᠡᠭᠰᠡᠨ ᠠᠷᠭ᠎ᠠ ᠪᠤᠳᠤᠯᠭ᠎ᠠ ᠬᠡᠷᠡᠭᠵᠢᠭᠦᠯᠬᠦ ᠳᠤ ᠲᠦᠰᠢᠵᠤ᠂ ᠲ᠋ᠤᠤᠱᠳᠠᠢ ᠰᠢᠢᠳᠪᠤᠷᠢᠯᠡᠬᠦ ᠠᠷᠭ᠎ᠠ ᠵᠠᠮ ᠢ ᠢᠳᠡᠪᠬᠢᠳᠠᠢ ᠰᠦᠪᠡᠭᠴᠢᠯᠡᠬᠦ ᠬᠡᠷᠡᠭᠳᠠᠢ ᠭᠡᠵᠦ ᠴᠢᠬᠤᠯᠠᠴᠢᠯᠠᠪᠠ᠃

    ᠲ᠋ᠷᠠᠮᠫ᠂ ᠠᠮᠧᠷᠢᠺᠠ ᠵᠢᠨ ᠲ᠋ᠠᠯ᠎ᠠ ᠤᠳᠤᠬᠠᠨ ᠤ ᠰᠤᠯᠤᠩᠭᠤᠰ ᠬᠤᠢᠢᠭ ᠤᠨ ᠪᠠᠢᠢᠳᠠᠯ ᠤᠨ ᠬᠦᠭᠵᠢᠯᠳᠡ ᠶᠢ ᠶᠡᠬᠡᠪᠡᠷ ᠠᠩᠬᠠᠷᠴᠤ ᠪᠤᠢ᠂ ᠳᠤᠮᠳᠠᠳᠤ ᠵᠢᠨ ᠲ᠋ᠠᠯ᠎ᠠ ᠵᠢᠨ ᠰᠤᠯᠤᠩᠭᠤᠰ ᠬᠤᠢᠢᠭ ᠤᠨ ᠠᠰᠠᠭᠤᠳᠠᠯ ᠢ ᠰᠢᠢᠳᠪᠤᠷᠢᠯᠡᠬᠦ ᠲ᠋ᠠᠯ᠎ᠠ ᠳ᠋ᠡᠬᠢ ᠴᠢᠬᠤᠯᠠ ᠦᠢᠯᠡᠳᠦᠯ ᠢ ᠴᠢᠬᠤᠯᠠᠴᠢᠯᠠᠵᠤ᠂ ᠳᠤᠷᠠᠳᠠᠶ᠎ᠠ ᠳᠤᠮᠳᠠᠳᠤ ᠤᠯᠤᠰ ᠯᠤᠭ᠎ᠠ ᠤᠯᠤᠯᠴᠠᠭ᠎ᠠ ᠪᠡᠨ ᠴᠢᠩᠭᠠᠳᠬᠠᠵᠤ᠂ ᠰᠤᠯᠤᠩᠭᠤᠰ ᠬᠤᠢᠢᠭ ᠤᠨ ᠴᠦᠮ᠎ᠠ ᠵᠢᠨ ᠠᠰᠠᠭᠤᠳᠠᠯ ᠢ ᠰᠢᠢᠳᠪᠤᠷᠢᠯᠡᠬᠦ ᠠᠷᠭ᠎ᠠ ᠵᠢ ᠡᠷᠳᠡᠬᠡᠨ ᠤᠯᠬᠤ ᠪᠡᠷ ᠴᠢᠷᠮᠠᠢᠢᠨ᠎ᠠ ᠭᠡᠵᠦ ᠢᠯᠡᠳᠭᠡᠪᠡ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701121621748