蒙古文网站Logo
ᠰᠢᠨᠬᠤᠸᠠ ᠮᠤᠩᠭ᠋ᠤᠯ ᠨᠧᠲ

ᠰᠢ ᠵᠢᠨ ᠫᠢᠩ ᠪᠤᠯᠵᠤᠭ᠎ᠠ ᠪᠡᠷ ᠭᠧᠷᠮᠠᠨ ᠤ ᠶᠡᠷᠦᠩᠬᠡᠢ ᠰᠠᠢᠢᠳ ᠮᠧᠷᠺᠧᠯ ᠲᠠᠢ ᠤᠳᠠᠰᠤ ᠪᠡᠷ ᠶᠠᠷᠢᠯᠴᠠᠪᠠ

2017-09-08 09:56

    ᠰᠢᠨᠬᠤᠧᠠ ᠬᠤᠷᠢᠶ᠎ᠠ   ᠪᠡᠭᠡᠵᠢᠩ ᠤᠨ 9 ᠰᠠᠷ᠎ᠠ ᠶᠢᠨ 7 ᠤ ᠡᠳᠦᠷ ᠤᠨ ᠴᠠᠬᠢᠯᠭᠠᠨ ᠮᠡᠳᠡᠭᠡ   7 ᠤ ᠡᠳᠤᠷ᠂ ᠤᠯᠤᠰ ᠤᠨ ᠲᠡᠷ᠋ᠢᠭᠦᠯᠡᠭᠴᠢ ᠰᠢ ᠵᠢᠨ ᠫᠢᠩ ᠪᠤᠯᠵᠤᠭ᠎ᠠ ᠪᠡᠷ ᠭᠧᠷᠮᠠᠨ ᠤ ᠶᠡᠷ᠋ᠦᠩᠬᠡᠢ ᠰᠠᠢᠢᠳ ᠮᠧᠷᠺᠧᠯ ᠲᠠᠢ ᠤᠳᠠᠰᠤ ᠪᠡᠷ ᠶᠠᠷ᠋ᠢᠯᠴᠠᠵᠠᠢ᠃

    ᠰᠢ ᠵᠢᠨ ᠫᠢᠩ᠂ ᠤᠳᠤᠬᠠᠨ ᠳᠦ ᠳᠤᠮᠳᠠᠳᠤ ᠭᠧᠷᠮᠠᠨ ᠤ ᠬᠠᠷ᠋ᠢᠯᠴᠠᠭ᠎ᠠ ᠦᠨᠳᠦᠷ ᠲᠦᠪᠰᠢᠨ ᠪᠦᠬᠦᠢ ᠬᠦᠭᠵᠢᠯᠲᠠ ᠵᠢᠨ ᠬᠠᠨᠳᠤᠰᠢ ᠪᠠᠨ ᠪᠠᠲᠤᠯᠠᠵᠤ ᠪᠤᠢ᠃ ᠲᠦᠷ᠋ᠦᠬᠦᠭᠡᠨ᠂ ᠪᠢ ᠭᠧᠷᠮᠠᠨ ᠳᠤ ᠲᠦᠷ᠋ᠦ ᠵᠢᠨ ᠠᠢᠢᠯᠴᠢᠯᠠᠯ ᠬᠢᠬᠦ ᠵᠢᠨ ᠬᠠᠮᠲᠦ ᠬᠤᠷ᠋ᠢᠨ ᠤᠯᠤᠰ ᠤᠨ ᠪᠦᠯᠦᠭᠯᠡᠯ ᠤᠨ ᠤᠳᠤᠷ᠋ᠢᠳᠬᠤ ᠬᠦᠮᠦᠰ ᠤᠨ ᠬᠠᠮᠪᠦ᠋ᠷ᠋ᠡᠭ ᠤᠨ ᠲᠦᠷ᠋ᠦᠭᠦᠴᠤᠳ ᠤᠨ ᠬᠤᠷ᠋ᠠᠯ ᠳᠦ ᠤᠷ᠋ᠤᠯᠴᠠᠵᠤ ᠪᠠᠢᠢᠬᠤ ᠬᠤᠭᠤᠴᠠᠭᠠᠨ ᠳᠦ ᠶᠡᠷ᠋ᠦᠩᠬᠡᠢ ᠰᠠᠢᠢᠳ ᠠᠪᠠᠬᠠᠢ ᠯᠤᠭ᠎ᠠ ᠳᠤᠮᠳᠠᠳᠤ ᠭᠧᠷᠮᠠᠨ ᠤ ᠪᠦᠬᠦ ᠲᠠᠯ᠎ᠠ ᠵᠢᠨ ᠪᠠᠢᠢᠯᠳᠤᠬᠤ ᠪᠤᠳᠤᠯᠭ᠎ᠠ ᠵᠢᠨ ᠬᠠᠮᠲᠤ ᠶᠢᠨ ᠠᠵᠢᠯᠯᠠᠭ᠎ᠠ ᠶᠢ ᠠᠬᠢᠭᠤᠯᠬᠤ᠂ ᠳᠡᠯᠡᠬᠡᠢ ᠵᠢᠨ ᠬᠡᠷ᠋ᠡᠭ ᠶᠠᠪᠤᠳᠠᠯ ᠳᠤᠮᠳᠠᠬᠢ ᠤᠯᠤᠯᠴᠠᠭ᠎ᠠ ᠵᠤᠬᠢᠴᠠᠭᠤᠯᠭ᠎ᠠ ᠪᠠᠨ ᠴᠢᠩᠭᠠᠳᠬᠠᠬᠤ ᠲᠤᠬᠠᠢ ᠰᠢᠨ᠎ᠠ ᠬᠠᠮᠲᠦ ᠵᠢᠨ ᠲᠠᠨᠢᠯᠲᠠ ᠲᠠᠢ ᠪᠤᠯᠵᠠᠢ᠃ ᠳᠤᠮᠳᠠᠳᠤ ᠭᠧᠷᠮᠠᠨ ᠤ ᠬᠠᠮᠲᠤ ᠶᠢᠨ ᠠᠵᠢᠯᠯᠠᠭ᠎ᠠ ᠠᠯᠢ ᠡᠷ᠋ᠳᠡ ᠬᠤᠶᠠᠷ ᠲᠠᠯ᠎ᠠ ᠵᠢᠨ ᠬᠦᠷ᠋ᠢᠶ᠎ᠠ ᠬᠡᠪᠴᠢᠶ᠎ᠠ ᠡᠴᠡ ᠳᠠᠪᠠᠵᠤ᠂ ᠳᠡᠯᠡᠬᠡᠢ ᠵᠢᠨ ᠡᠩᠬᠡ ᠲᠠᠢᠢᠪᠤᠩ ᠲᠤᠭᠳᠠᠭᠤᠨ ᠢ ᠬᠠᠮᠠᠭᠠᠯᠠᠬᠤ᠂ ᠬᠠᠮᠲᠦ ᠵᠢᠨ ᠬᠦᠭᠵᠢᠯᠲᠠ ᠵᠢ ᠠᠬᠢᠭᠤᠯᠬᠤ ᠲᠠᠯ᠎ᠠ ᠪᠡᠷ ᠤᠯᠠᠮ ᠡᠴᠡ ᠤᠯᠠᠮ ᠴᠢᠬᠤᠯᠠ ᠦᠢᠯᠡᠳᠦᠯ ᠦᠵᠡᠭᠦᠯᠬᠦ ᠪᠤᠯᠵᠤ ᠪᠠᠢᠢᠨ᠎ᠠ᠂ ᠳᠤᠮᠳᠠᠳᠤ ᠤᠯᠤᠰ ᠳᠤᠷ᠋ᠠᠳᠠᠶ᠎ᠠ ᠭᠧᠷᠮᠠᠨ ᠲᠠᠢ ᠤᠯᠠᠨ ᠬᠦᠷᠢᠶ᠎ᠠ ᠴᠠᠷᠠᠭᠠᠨ ᠳᠤ ᠭᠠᠷ ᠬᠤᠯᠪᠤᠯᠴᠠᠨ ᠦᠷ᠋ᠭᠦᠯᠵᠢᠯᠡᠨ ᠬᠠᠮᠲᠤᠷ᠋ᠠᠨ ᠠᠵᠢᠯᠯᠠᠨ᠎ᠠ ᠭᠡᠵᠤ ᠵᠢᠭᠠᠵᠤ ᠭᠠᠷ᠋ᠭᠠᠵᠠᠢ᠃

    ᠮᠧᠷᠺᠧᠯ᠂ ᠲᠡᠷ᠋ᠢᠭᠦᠯᠡᠭᠴᠢ ᠰᠢ ᠵᠢᠨ ᠫᠢᠩ ᠤᠨ ᠡᠨᠡ ᠵᠢᠯ ᠤᠨ 7 ᠰᠠᠷ᠎ᠠ ᠳ᠋ᠤ ᠬᠢᠭᠰᠡᠡ ᠲᠦᠷ᠋ᠦ ᠵᠢᠨ ᠠᠢᠢᠯᠴᠢᠯᠠᠯ ᠲᠤᠩ ᠶᠡᠬᠡ ᠠᠮᠵᠢᠯᠲᠠ ᠤᠯᠪᠠ᠂ ᠭᠧᠷᠮᠠᠨ ᠳᠤᠮᠳᠠᠳᠤ ᠵᠢᠨ ᠬᠠᠷ᠋ᠢᠯᠴᠠᠭᠠᠨ ᠤ ᠬᠦᠭᠵᠢᠯᠲᠠ ᠳᠦ ᠴᠢᠬᠤᠯᠠ ᠠᠴᠢ ᠬᠤᠯᠪᠤᠭᠳᠠᠯ ᠲᠠᠢ ᠶᠤᠮ᠃ ᠬᠤᠶᠠᠷ ᠤᠯᠤᠰ ᠤᠨ ᠤᠯᠤᠰ ᠲᠦᠷ᠋ᠦ᠂ ᠡᠳ᠋ ᠤᠨ ᠵᠠᠰᠠᠭ ᠬᠤᠳᠠᠯᠳᠤᠭ᠎ᠠ᠂ ᠰᠤᠶᠤᠯ ᠢᠷ᠋ᠭᠡᠨᠰᠢᠯ ᠵᠡᠷ᠋ᠭᠡ ᠪᠦᠬᠦ ᠰᠠᠯᠪᠤᠷᠢ ᠳ᠋ᠡᠬᠢ ᠬᠠᠷᠢᠯᠴᠠᠭ᠎ᠠ ᠡᠳᠦᠷ ᠢᠷ᠋ᠡᠬᠦᠶ᠎ᠠ ᠨᠢᠬᠲᠠ ᠪᠤᠯᠵᠤ ᠪᠠᠢᠢᠨ᠎ᠠ᠃ ᠭᠧᠷᠮᠠᠨ ᠤ ᠳᠠᠯ᠎ᠠ ᠶᠢᠨ ᠬᠢᠨ ᠳᠤᠮᠳᠠᠳᠤ ᠤᠯᠤᠰ ᠲᠠᠢ ᠳᠡᠯᠡᠬᠡᠢ ᠵᠢᠨ ᠪᠠ ᠭᠠᠵᠠᠷ ᠤᠷ᠋ᠤᠨ ᠤ ᠴᠢᠬᠤᠯᠠ ᠶᠡᠬᠡ ᠬᠠᠯᠠᠮᠰᠢᠯ ᠠᠰᠠᠭᠤᠳᠠᠯ ᠤᠨ ᠲᠤᠬᠠᠢ ᠤᠯᠤᠯᠴᠠᠭ᠎ᠠ ᠵᠤᠬᠢᠴᠠᠭᠤᠯᠭ᠎ᠠ ᠪᠡᠨ ᠪᠠᠲᠤᠯᠠᠬᠤ ᠵᠢ ᠬᠦᠰᠡᠵᠦ ᠪᠠᠢᠢᠨ᠎ᠠ ᠬᠡᠵᠥ ᠢᠯᠡᠳᠬᠡᠪᠡ᠃

    ᠬᠤᠶᠠᠷ ᠤᠯᠤᠰ ᠤᠨ ᠤᠳᠤᠷ᠋ᠢᠳᠬᠤ ᠬᠦᠮᠦᠨ ᠰᠤᠯᠤᠩᠭᠤᠰ ᠬᠤᠢᠢᠬ ᠤᠨ ᠪᠠᠢᠢᠳᠠᠯ ᠤᠨ ᠲᠤᠬᠠᠢ ᠦᠵᠡᠯᠲᠡ ᠪᠡᠨ ᠰᠤᠯᠢᠯᠴᠠᠪᠠ ᠃ ᠰᠢ ᠵᠢᠨ ᠫᠢᠩ᠂ ᠳᠤᠮᠳᠠᠳᠤ ᠤᠯᠤᠰ ᠰᠤᠯᠤᠩᠭᠤᠰ ᠬᠤᠢᠢᠬ ᠢ ᠴᠦᠮ᠎ᠠ ᠵᠢᠨ ᠵᠡᠪᠰᠡᠭ ᠦᠭᠡᠢ ᠪᠤᠯᠭᠠᠬᠤ ᠬᠠᠷ᠋ᠠᠯᠲᠠ ᠪᠡᠨ ᠪᠠᠷ᠋ᠢᠮᠲᠠᠯᠠᠵᠤ᠂ ᠤᠯᠠᠨ ᠤᠯᠤᠰ ᠤᠨ ᠴᠦᠮ᠎ᠠ ᠵᠢᠨ ᠵᠡᠪᠰᠡᠭ ᠢ ᠦᠯᠦ ᠲᠠᠷ᠋ᠬᠠᠭᠠᠬᠤ ᠰᠢᠰᠲ᠋ᠧᠮ ᠢ ᠡᠷ᠋ᠡᠰ ᠬᠠᠮᠠᠭᠠᠯᠠᠵᠤ᠂ ᠵᠡᠭᠦᠨ ᠬᠤᠢᠢᠳᠤ ᠠᠽᠢᠶ᠎ᠠ ᠵᠢᠨ ᠡᠩᠬᠡ ᠲᠠᠢᠢᠪᠤᠩ ᠪᠠ ᠳᠤᠬᠲᠠᠭᠤᠨ ᠪᠠᠢᠢᠳᠠᠯ ᠢ ᠡᠷ᠋ᠡᠰ ᠬᠠᠮᠠᠭᠠᠯᠠᠨ᠎ᠠ᠃ ᠰᠤᠯᠤᠩᠭᠤᠰ ᠬᠤᠢᠢᠬ ᠤᠨ ᠠᠰᠠᠭᠤᠳᠠᠯ ᠨᠢ ᠬᠠᠮᠤᠬ ᠤᠨ ᠡᠴᠦᠰ ᠲᠤ ᠵᠦᠪᠬᠡᠨ ᠦᠭᠡ ᠵᠤᠯᠭᠠᠯᠴᠠᠬᠤ ᠵᠦᠪᠳᠡᠯᠴᠡᠬᠦ ᠵᠢ ᠪᠠᠬᠲᠠᠭᠠᠬᠰᠠᠨ ᠨᠠᠢᠢᠷ᠋ᠠᠮᠳᠠᠯ ᠤᠨ ᠬᠡᠯᠪᠡᠷ᠋ᠢ ᠪᠡᠷ ᠰᠢᠢᠳᠪᠦᠷ᠋ᠢᠯᠡᠭᠳᠡᠨ᠎ᠠ ᠭᠡᠰᠡᠨ ᠢ ᠪᠤᠲᠠᠲᠤ ᠪᠠᠢᠢᠳᠠᠯ ᠳᠠᠬᠢᠨᠲᠠ ᠭᠡᠷ᠋ᠡᠴᠢᠯᠡᠪᠡ᠃ ᠡᠭᠦᠨ ᠳ᠋ᠤ ᠲᠡᠯᠡᠬᠡᠢ ᠨᠡᠢᠢᠲᠡ ᠵᠢᠨ ᠬᠠᠮᠲᠤ ᠵᠢᠨ ᠴᠢᠷ᠋ᠮᠠᠢᠢᠯᠭ᠎ᠠ ᠱᠠᠭᠠᠷ᠋ᠲᠠᠬᠲᠠᠨ᠎ᠠ ᠭᠡᠵᠦ ᠴᠢᠬᠤᠯᠠᠴᠢᠯᠠᠪᠠ᠃

    ᠮᠧᠷᠺᠧᠯ᠂ ᠭᠧᠷᠮᠠᠨ ᠤ ᠳᠠᠯ᠎ᠠ ᠶᠢᠨ ᠬᠢᠨ ᠤᠯᠤᠰ ᠲᠦᠷ᠋ᠦ ᠵᠢᠨ ᠠᠷ᠋ᠭ᠎ᠠ ᠪᠡᠷ ᠰᠤᠯᠤᠩᠭᠤᠰ ᠬᠤᠢᠢᠬ ᠤᠨ ᠴᠦᠮ᠎ᠠ ᠵᠢᠨ ᠵᠡᠪᠰᠡᠭ ᠤᠨ ᠠᠰᠠᠭᠤᠳᠠᠯ ᠢ ᠨᠠᠢᠢᠷ᠋ᠠᠮᠳᠠᠯ ᠢᠶᠡᠷ ᠰᠢᠢᠳᠪᠦᠷ᠋ᠢᠯᠡᠬᠦ ᠵᠢ ᠳᠡᠮᠵᠢᠵᠦ᠂ ᠬᠤᠯᠪᠤᠬᠳᠠᠯ ᠪᠦᠬᠦᠢ ᠡᠯ᠎ᠠ ᠲᠠᠯ᠎ᠠ ᠵᠢᠨ ᠬᠢᠨ ᠦᠭᠡ ᠵᠤᠯᠭᠠᠯᠴᠠᠨ ᠬᠡᠯᠡᠯᠴᠡᠭᠡ ᠬᠢᠬᠦ ᠵᠠᠮ ᠳ᠋ᠠᠭᠠᠨ ᠳᠠᠬᠢᠨ ᠪᠤᠴᠠᠬᠤ ᠵᠢ ᠵᠦᠪᠰᠢᠶᠡᠷ᠋ᠡᠨ ᠠᠬᠢᠭᠤᠯᠤᠨ᠎ᠠ᠃ ᠭᠧᠷᠮᠠᠨ ᠤ ᠳᠠᠯ᠎ᠠ ᠶᠢᠨ ᠬᠢᠨ ᠳᠤᠷ᠋ᠠᠲᠠᠶ᠎ᠠ ᠳᠤᠮᠳᠠᠳᠤ ᠤᠯᠤᠰ ᠲᠠᠢ ᠤᠯᠤᠯᠴᠠᠭ᠎ᠠ ᠵᠤᠬᠢᠴᠠᠭᠤᠯᠭ᠎ᠠ ᠪᠡᠨ ᠴᠢᠩᠭᠠᠳᠬᠠᠵᠤ᠂ ᠰᠤᠯᠤᠩᠭᠤᠰ ᠬᠤᠢᠢᠬ ᠤᠨ ᠴᠦᠮ᠎ᠠ ᠵᠢᠨ ᠵᠡᠪᠰᠡᠭ ᠤᠨ ᠠᠰᠠᠭᠤᠳᠠᠯ ᠢ ᠨᠠᠢᠢᠷ᠋ᠠᠮᠳᠠᠯ ᠢᠶᠡᠷ ᠰᠢᠢᠳᠪᠦᠷ᠋ᠢᠯᠡᠬᠦ ᠠᠷ᠋ᠭ᠎ᠠ ᠵᠢ ᠡᠷ᠋ᠲᠡᠭᠡᠨ ᠬᠠᠢᠢᠨ ᠤᠯᠬᠤ ᠪᠡᠷ ᠴᠢᠷ᠋ᠮᠠᠢᠢᠨ᠎ᠠ ᠭᠡᠵᠦ ᠢᠯᠡᠳᠬᠡᠪᠡ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701121628769