《ᠰᠢ ᠵᠢᠨ ᠫᠢᠩ ᠤᠨ ᠵᠠᠯᠠᠭᠤᠴᠤᠳ ᠪᠠᠭᠠᠴᠤᠳ ᠪᠤᠯᠤᠨ ᠡᠪ ᠬᠠᠮᠳᠤ ᠵᠠᠯᠠᠭᠤᠴᠤᠳ ᠤᠨ ᠡᠪᠯᠡᠯ ᠤᠨ ᠠᠵᠢᠯ ᠤᠨ ᠲᠤᠬᠠᠢ ᠦᠬᠦᠯᠡᠯᠳᠡ ᠢᠢᠨ ᠲᠡᠭᠦᠪᠤᠷᠢ》 ᠶᠢ ᠬᠡᠪᠯᠡᠨ ᠲᠠᠷᠬᠠᠭᠠᠪᠡ 2017-09-11 14:49

    ᠰᠢᠨᠬᠤᠧᠠ ᠬᠤᠷᠢᠶ᠎ᠠ   ᠪᠡᠭᠡᠵᠢᠩ ᠤᠨ 9 ᠰᠠᠷ᠎ᠠ ᠶᠢᠨ 10 ᠤ ᠡᠳᠦᠷ ᠤᠨ ᠴᠠᠬᠢᠯᠭᠠᠨ ᠮᠡᠳᠡᠭᠡ   ᠳᠤᠮᠳᠠᠳᠤ ᠤᠯᠤᠰ ᠤᠨ ᠡᠪ ᠬᠠᠮᠳᠤ ᠨᠠᠮ ᠤᠨ ᠲᠦᠪ ᠬᠤᠷᠢᠶᠠᠨ ᠤ ᠲᠤᠯᠭᠤᠷ ᠪᠢᠴᠢᠭ᠌ ᠰᠤᠳᠤᠯᠬᠤ ᠲᠠᠰᠤᠭ ᠤᠨ ᠨᠠᠢᠢᠷᠠᠭᠤᠯᠤᠭᠰᠠᠠ《ᠰᠢ ᠵᠢᠨ ᠫᠢᠩ ᠤᠨ ᠵᠠᠯᠠᠭᠤᠴᠤᠳ ᠪᠠᠭᠠᠴᠤᠳ ᠪᠤᠯᠤᠨ ᠡᠪ ᠬᠠᠮᠳᠤ ᠵᠠᠯᠠᠭᠤᠴᠤᠳ ᠤᠨ ᠡᠪᠯᠡᠯ ᠤᠨ ᠠᠵᠢᠯ ᠤᠨ ᠲᠤᠬᠠᠢ ᠦᠬᠦᠯᠡᠯᠳᠡ ᠶᠢᠨ ᠲᠡᠭᠦᠪᠤᠷᠢ》ᠬᠡᠬᠦ ᠨᠤᠮ ᠢ ᠤᠢᠢᠷ᠎ᠠ ᠢᠢᠨ ᠡᠳᠤᠷ ᠲᠦᠪ ᠤᠨ ᠲᠤᠯᠭᠤᠷ ᠪᠢᠴᠢᠭ᠌ ᠤᠨ ᠬᠡᠪᠯᠡᠯ ᠤᠨ ᠬᠤᠷᠢᠶ᠎ᠠ ᠡᠴᠡ ᠬᠡᠪᠯᠡᠬᠦᠯᠵᠥ᠂ ᠤᠯᠤᠰ ᠲᠠᠶᠠᠭᠠᠷ ᠲᠥ ᠲᠠᠷᠬᠠᠭᠠᠪᠠ᠃

    ᠨᠠᠮ ᠤᠨ ᠠᠷᠪᠠᠨ ᠨᠠᠶ᠋ᠮᠠᠳᠤᠭᠠᠷ ᠶᠡᠬᠡ ᠬᠤᠷᠠᠯ ᠡᠴᠡ ᠨᠠᠰᠢ᠂ ᠰᠢ ᠵᠢᠨ ᠫᠢᠩ ᠨᠦᠬᠦᠷ  ᠢᠶᠡᠷ ᠭᠤᠤᠯ ᠪᠤᠯᠭᠠᠭᠰᠠᠠ ᠨᠠᠮ ᠤᠨ ᠲᠦᠪ ᠬᠤᠷᠢᠶ᠎ᠠ᠂ ᠵᠠᠯᠠᠭᠤᠴᠤᠳ ᠪᠠᠭᠠᠴᠤᠳ ᠪᠤᠯᠤᠨ ᠡᠪ ᠬᠠᠮᠳᠤ ᠵᠠᠯᠠᠭᠤᠴᠤᠳ ᠤᠨ ᠡᠪᠯᠡᠯ ᠤᠨ ᠠᠵᠢᠯ ᠢ ᠲᠡᠬᠡᠳᠤ ᠬᠡᠮᠵᠢᠶ᠎ᠠ ᠪᠡᠷ ᠴᠢᠬᠤᠯᠠᠴᠢᠯᠠᠨ ᠦᠵᠡᠵᠥ᠂ ᠵᠠᠯᠠᠭᠤᠴᠤᠳ ᠪᠠᠭᠠᠴᠤᠳ ᠤᠨ ᠡᠷᠡᠬᠦᠯ ᠢᠶᠡᠷ ᠦᠰᠦᠨ ᠪᠤᠢᠢᠵᠢᠬᠤ ᠶᠢ ᠲᠤᠳᠤᠨᠤ ᠪᠡᠷ ᠬᠠᠯᠠᠮᠵᠢᠯᠠᠪᠠ᠃ ᠰᠢ ᠵᠢᠨ ᠫᠢᠩ ᠨᠦᠬᠦᠷ ᠵᠠᠯᠠᠭᠤᠴᠤᠳ ᠪᠠᠭᠠᠴᠤᠳ ᠪᠤᠯᠤᠨ ᠡᠪ ᠬᠠᠮᠳᠤ ᠵᠠᠯᠠᠭᠤᠴᠤᠳ ᠤᠨ ᠡᠪᠯᠡᠯ ᠤᠨ ᠠᠵᠢᠯ ᠤᠨ ᠲᠤᠭᠤᠷᠢᠨ ᠳ᠋ᠤ ᠠᠯᠢ ᠤᠯᠠᠨ ᠴᠢᠬᠤᠯᠠ ᠦᠬᠦᠯᠡᠯᠳᠡ ᠨᠡᠢᠢᠳᠡᠯᠡᠵᠥ᠂ ᠰᠢᠨ᠎ᠠ ᠪᠠᠢᠢᠳᠠᠯ ᠲᠤᠤᠷᠠᠬᠢ ᠵᠠᠯᠠᠭᠤᠴᠤᠳ ᠪᠠᠭᠠᠴᠤᠳ ᠪᠤᠯᠤᠨ ᠡᠪ ᠬᠠᠮᠳᠤ ᠵᠠᠯᠠᠭᠤᠴᠤᠳ ᠤᠨ ᠡᠪᠯᠡᠯ ᠤᠨ ᠠᠵᠢᠯ ᠤᠨ ᠴᠢᠬᠤᠯᠠ ᠶᠡᠬᠡ ᠤᠨᠤᠯ ᠤᠨ ᠪᠡ ᠦᠢᠯᠡᠳᠦᠯᠬᠡ ᠶᠢᠨ ᠠᠰᠠᠭᠤᠳᠠᠯ ᠢ ᠬᠦᠨᠵᠡᠬᠡᠢ ᠲᠤᠳᠤᠷᠬᠠᠢᠢᠯᠠᠨ ᠦᠬᠦᠯᠡᠵᠥ᠂ ᠤᠳᠤ ᠦᠶ᠎ᠠ ᠶᠢᠨ ᠵᠠᠯᠠᠭᠤᠴᠤᠳ ᠤᠨ ᠲᠡᠤᠬᠡᠳᠤ ᠡᠬᠦᠷᠬᠡ ᠪᠤᠯᠤᠨ ᠦᠰᠦᠨ ᠪᠤᠢᠢᠵᠢᠬᠤ ᠵᠠᠮ ᠢ ᠲᠤᠳᠤᠷᠬᠠᠢ ᠵᠢᠭᠠᠭᠰᠠᠠ ᠪᠠᠢᠢᠨ᠎ᠠ᠃

    ᠰᠢ ᠵᠢᠨ ᠫᠢᠩ ᠨᠦᠬᠦᠷ ᠤᠨ ᠴᠢᠬᠤᠯᠠ ᠦᠬᠦᠯᠡᠯᠳᠡ ᠢᠢ ᠨᠠᠷᠢᠨ ᠬᠢᠨᠠᠮᠠᠭᠠᠢ ᠰᠤᠷᠤᠯᠴᠠᠨ ᠲᠤᠤᠱᠯᠠᠭᠤᠯᠬᠤ ᠨᠢ ᠵᠠᠯᠠᠭᠤᠴᠤᠳ ᠪᠠᠭᠠᠴᠤᠳ ᠪᠤᠯᠤᠨ ᠡᠪ ᠬᠠᠮᠳᠤ ᠵᠠᠯᠠᠭᠤᠴᠤᠳ ᠤᠨ ᠡᠪᠯᠡᠯ ᠤᠨ ᠠᠵᠢᠯ ᠤᠨ ᠦᠨᠳᠦᠰᠦᠨ ᠱᠠᠭᠠᠷᠳᠠᠯᠭ᠎ᠠ ᠪᠤᠯᠤᠨ ᠭᠤᠤᠯᠳᠠᠯᠭ᠎ᠠ ᠲᠠᠢ ᠡᠬᠦᠷᠬᠡ ᠶᠢ ᠵᠦᠪ ᠡᠵᠡᠮᠰᠢᠬᠦ᠂ ᠵᠠᠯᠠᠭᠤᠴᠤᠳ ᠪᠠᠭᠠᠴᠤᠳ ᠢ ᠬᠦᠳᠦᠯᠥᠨ ᠲᠠᠭᠠᠭᠤᠯᠵᠥ ᠪᠠᠢᠢᠭᠠᠳ ᠠᠯᠤᠰ ᠬᠡᠳᠤ ᠶᠢᠨ ᠬᠦᠰᠡᠯᠡᠩ ᠢ ᠪᠤᠢ ᠪᠤᠯᠭᠠᠵᠤ᠂ ᠨᠡᠢᠢᠬᠡᠮ ᠵᠢᠷᠤᠮ ᠤᠨ ᠭᠤᠤᠯᠯᠠᠭᠴᠢ ᠦᠷᠳᠡᠭ ᠤᠨ ᠦᠵᠡᠯᠳᠡ ᠢᠢ ᠪᠤᠢ ᠪᠤᠯᠭᠠᠬᠤ ᠪᠡ ᠦᠢᠯᠡᠳᠦᠯᠬᠡᠵᠢᠬᠦᠯᠬᠦ᠂ ᠡᠪᠯᠡᠯ ᠤᠨ ᠬᠡᠰᠢᠬᠦᠳ ᠢ ᠬᠦᠮᠥᠵᠢᠬᠦᠯᠥᠨ《ᠲᠦᠷᠪᠡᠨ ᠤᠬᠠᠮᠰᠠᠷ》 ᠢ ᠨᠢ ᠲᠡᠭᠡᠭᠰᠢᠯᠡᠬᠦᠯᠵᠤ᠂ ᠲᠡᠷᠢᠬᠦᠨ ᠤ ᠴᠢᠨᠠᠷ ᠪᠤᠯᠤᠨ ᠢᠷᠠᠭᠤ ᠠᠯᠳᠠᠷᠳᠤ ᠲᠦᠷᠦᠭᠳᠡᠯ ᠢ ᠨᠢ ᠲᠡᠬᠡᠭᠰᠢᠯᠡᠬᠦᠯᠬᠦ᠂ ᠵᠠᠯᠠᠭᠤᠴᠤᠳ ᠪᠠᠭᠠᠴᠤᠳ ᠢ ᠲᠠᠢᠢᠴᠢᠯᠠᠨ《ᠬᠤᠤᠰ ᠵᠠᠭᠤᠨ ᠵᠢᠯ》 ᠤ᠋ᠨ ᠲᠡᠮᠡᠴᠡᠬᠦ ᠬᠠᠷᠠᠯᠳᠡ ᠢᠢ ᠪᠡᠶᠡᠯᠡᠬᠦᠯᠵᠤ᠂ ᠲᠤᠮᠳᠠᠳᠤ ᠢᠢᠨ ᠦᠨᠳᠦᠰᠦᠳᠡᠨ ᠤ ᠠᠭᠤᠤ ᠶᠡᠬᠡ ᠰᠡᠷᠬᠦᠨ ᠮᠠᠨᠳᠤᠯᠳᠠ ᠢᠢᠨ ᠲᠤᠮᠳᠠᠳᠤ ᠢᠢᠨ ᠮᠦᠷᠦᠬᠡᠳᠦᠯ ᠢ ᠪᠡᠶᠡᠯᠡᠬᠦᠯᠬᠦ ᠵᠢᠨ ᠲᠦᠯᠥᠬᠡ ᠰᠢᠷᠭᠠᠭᠤ ᠰᠤᠷᠤᠯᠴᠠᠬᠤ᠂ ᠴᠢᠷᠮᠠᠢᠢᠨ ᠠᠵᠢᠯᠯᠠᠬᠤ ᠪᠤᠯᠭᠠᠬᠤ ᠳ᠋ᠤ ᠲᠤᠢᠢᠯ ᠤᠨ ᠴᠢᠬᠤᠯᠠ ᠠᠴᠢ ᠬᠤᠯᠪᠤᠭᠳᠠᠯ ᠲᠠᠢ ᠶᠤᠮ᠃

    《ᠦᠬᠦᠯᠡᠯᠳᠡ ᠢᠢᠨ ᠲᠡᠭᠦᠪᠤᠷᠢ》 ᠨᠢ ᠨᠡᠢᠢᠳᠡ 8 ᠲᠤᠰᠬᠠᠢ ᠰᠡᠳᠤᠪ ᠬᠤᠪᠢᠶᠠᠪᠠ᠄ ᠵᠠᠯᠠᠭᠤᠴᠤᠳ ᠪᠠᠭᠠᠴᠤᠳ ᠪᠤᠯ ᠤᠯᠤᠰ ᠤᠷᠤᠨ ᠤ ᠢᠷᠡᠬᠡᠳᠤᠢ ᠪᠠ ᠦᠨᠳᠦᠰᠦᠳᠡᠨ ᠤ ᠬᠦᠰᠡᠯ ᠡᠷᠡᠮᠡᠯᠵᠡᠯ ᠮᠥᠨ; ᠲᠤᠮᠳᠠᠳᠤ ᠢᠢᠨ ᠦᠨᠳᠦᠰᠦᠳᠡᠨ ᠤ ᠠᠭᠤᠤ ᠶᠡᠬᠡ ᠰᠡᠷᠬᠦᠨ ᠮᠠᠨᠳᠤᠯᠳᠠ ᠢᠢᠨ ᠲᠤᠮᠳᠠᠳᠤ ᠢᠢᠨ ᠮᠦᠷᠦᠭᠡᠳᠦᠯ ᠢ ᠪᠡᠶᠡᠯᠡᠬᠦᠯᠬᠦ ᠶᠢᠨ ᠲᠦᠯᠥᠬᠡ ᠲᠡᠮᠡᠴᠡᠬᠦ ᠪᠤᠯ ᠲᠤᠮᠳᠠᠳᠤ ᠤᠯᠤᠰ ᠤᠨ ᠵᠠᠯᠠᠭᠤᠴᠤᠳ ᠤᠨ ᠬᠦᠳᠡᠯᠬᠡᠬᠡᠨ ᠤ ᠴᠠᠭ ᠦᠶ᠎ᠠ ᠢᠢᠨ ᠭᠤᠤᠯ ᠰᠡᠳᠤᠪ ᠮᠥᠨ; ᠵᠠᠯᠠᠭᠤᠴᠤᠳ ᠪᠠᠭᠠᠴᠤᠳ ᠢ ᠬᠦᠳᠦᠯᠥᠨ ᠲᠠᠭᠠᠭᠤᠯᠵᠥ ᠨᠡᠢᠢᠬᠡᠮ ᠵᠢᠷᠤᠮ ᠤᠨ ᠭᠤᠤᠯᠯᠠᠭᠴᠢ ᠦᠷᠳᠡᠭ ᠤᠨ ᠦᠵᠡᠯᠳᠡ ᠢᠢ ᠪᠤᠢ ᠪᠤᠯᠭᠠᠨ ᠦᠢᠯᠡᠳᠦᠯᠬᠡᠵᠢᠬᠦᠯᠥᠶ᠎ᠠ; ᠵᠤᠷᠢᠬᠳᠠᠢ ᠪᠡᠷ ᠴᠠᠭ ᠦᠶ᠎ᠠ ᠢᠢᠨ ᠡᠮᠤᠨ᠎ᠠ ᠡᠩᠨᠡᠬᠡ ᠳ᠋ᠤ ᠬᠤᠰᠢᠭᠤᠷᠠᠬᠤ ᠡᠷᠡᠮᠡᠬᠡᠢᠢᠯᠡᠨ ᠲᠠᠪᠰᠢᠭᠴᠢ᠂ ᠵᠠᠮ ᠨᠡᠬᠡᠬᠡᠭᠴᠢ᠂ ᠬᠠᠷᠠᠮ ᠦᠭᠡᠢ ᠵᠢᠳᠬᠦᠭᠴᠢ ᠪᠤᠯᠤᠶ᠎ᠠ᠄ ᠡᠪ ᠬᠠᠮᠳᠤ ᠵᠠᠯᠠᠭᠤᠴᠤᠳ ᠤᠨ ᠡᠪᠯᠡᠯ ᠨᠢ ᠨᠠᠮ ᠪᠤᠯᠤᠨ ᠤᠯᠤᠰ ᠤᠨ ᠠᠵᠢᠯ ᠤᠨ ᠶᠡᠬᠡ ᠲᠠᠯ᠎ᠠ ᠪᠡᠷ ᠭᠤᠤᠯᠳᠠᠭᠤᠯᠵᠥ ᠪᠠᠢᠢᠭᠠᠳ ᠠᠵᠢᠯ ᠤᠨ ᠭᠠᠷᠳᠠᠴᠠ᠂ ᠤᠶᠠᠯᠳᠤᠯ ᠤᠨ ᠴᠡᠭ᠂ ᠬᠦᠴᠦᠯᠡᠬᠦ ᠴᠡᠭ ᠢᠢᠨᠨ ᠵᠦᠪ ᠡᠷᠢᠵᠥ ᠤᠯᠬᠤ ᠬᠡᠷᠡᠭᠳᠡᠢ; ᠡᠪᠯᠡᠯ ᠤᠨ ᠺᠠᠳ᠋ᠷ ᠡᠷᠬᠡᠪᠰᠢ ᠵᠠᠯᠠᠭᠤᠴᠤᠳ ᠲᠠᠢ ᠰᠡᠳᠬᠢᠯ ᠢᠶᠡᠨ ᠬᠤᠯᠪᠤᠵᠥ᠂ ᠵᠠᠯᠠᠭᠤᠴᠤᠳ ᠢ ᠰᠡᠳᠬᠢᠯ ᠳ᠋ᠡᠭᠡᠨ ᠪᠤᠳᠤᠬᠤ ᠬᠡᠷᠡᠭᠳᠡᠢ; ᠦᠨᠦᠳᠤᠷ ᠡᠬᠡ ᠤᠯᠤᠰ ᠤᠨ ᠢᠶᠡᠨ ᠰᠠᠢᠢᠨ ᠬᠡᠤᠬᠡᠳ ᠪᠤᠯᠵᠥ᠂ ᠢᠷᠡᠬᠡᠳᠤᠢ ᠳ᠋ᠤ ᠡᠬᠡ ᠤᠯᠤᠰ ᠢᠶᠡᠨ ᠪᠦᠳᠦᠭᠡᠨ ᠪᠠᠢᠢᠭᠤᠯᠤᠭᠴᠢ ᠪᠤᠯᠤᠶ᠎ᠠ; ᠨᠠᠮ ᠤᠨ ᠵᠠᠯᠠᠭᠤᠴᠤᠳ ᠪᠠᠭᠠᠴᠤᠳ ᠪᠤᠯᠤᠨ ᠡᠪ ᠬᠠᠮᠳᠤ ᠵᠠᠯᠠᠭᠤᠴᠤᠳ ᠤᠨ ᠡᠪᠯᠡᠯ ᠤᠨ ᠠᠵᠢᠯ ᠳ᠋ᠡᠬᠢ ᠤᠳᠤᠷᠢᠳᠤᠯᠭ᠎ᠠ ᠢᠢ ᠴᠢᠩᠭᠠᠳᠬᠠᠶ᠎ᠠ ᠵᠡᠷᠬᠡ ᠪᠤᠯᠤᠨ᠎ᠠ᠃

    ᠲᠤᠰ ᠨᠤᠮ ᠳ᠋ᠤ 189 ᠦᠬᠦᠯᠡᠯᠳᠡ ᠵᠢ ᠤᠷᠤᠭᠤᠯᠵᠥ᠂ ᠰᠢ ᠵᠢᠨ ᠫᠢᠩ ᠨᠦᠬᠦᠷ ᠤᠨ 2012 ᠤᠨ ᠤ 11 ᠰᠠᠷ᠎ᠠ ᠢᠢᠨ 29 ᠤ ᠡᠳᠤᠷ ᠡᠴᠡ 2017 ᠤᠨ ᠤ 5 ᠰᠠᠷ᠎ᠠ ᠢᠢᠨ 3 ᠤ ᠡᠳᠤᠷ ᠪᠤᠯᠳᠠᠯᠠᠬᠢ ᠬᠤᠭᠤᠴᠠᠭᠠᠨ ᠳ᠋ᠡᠬᠢ ᠶᠠᠷᠢᠶ᠎ᠠ᠂ ᠶᠠᠷᠢᠶ᠎ᠠ ᠢᠯᠡᠳᠬᠡᠯ᠂ ᠴᠤᠬᠤᠯᠠᠪᠤᠷᠢ᠂ ᠪᠠᠶᠠᠷ ᠤᠨ ᠵᠠᠬᠢᠶ᠎ᠠ᠂ ᠬᠠᠷᠢᠭᠤ ᠵᠠᠬᠢᠶ᠎ᠠ ᠵᠡᠷᠬᠡ 40 ᠭᠠᠷᠤᠢ ᠬᠤᠪᠢ ᠴᠢᠬᠤᠯᠠ ᠰᠤᠷᠪᠤᠯᠵᠢ ᠪᠢᠴᠢᠭ᠌ ᠡᠴᠡ ᠰᠤᠩᠭᠤᠨ ᠠᠪᠤᠪᠠ᠃ ᠡᠬᠦᠨ ᠳ᠋ᠤ ᠵᠠᠷᠢᠮ ᠦᠬᠦᠯᠡᠯᠳᠡ ᠢᠢ ᠨᠢ ᠠᠩᠬ᠎ᠠ ᠤᠳᠠᠭ᠎ᠠ ᠢᠯᠡ ᠪᠡᠷ ᠨᠠᠢᠢᠳᠠᠯᠠᠵᠥ ᠪᠠᠢᠢᠨ᠎ᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
010070230030000000000000011120701121643039