蒙古文网站Logo
ᠰᠢᠨᠬᠤᠸᠠ ᠮᠤᠩᠭ᠋ᠤᠯ ᠨᠧᠲ

ᠤᠯᠤᠰ ᠤᠨ ᠢᠨᠲ᠋ᠧᠷᠨᠧᠲ ᠮᠡᠳᠡᠬᠡ ᠵᠠᠩᠬᠢ ᠢᠢᠨ ᠠᠯᠪᠠᠨ ᠭᠡᠷ᠄ ᠸᠢᠴᠠᠲ ᠤᠨ ᠬᠤᠯᠪᠤᠭᠠᠨ ᠤ ᠠᠬᠠᠯᠠᠬᠴᠢ ᠬᠤᠯᠪᠤᠭ᠎ᠠ ᠪᠡᠨ ᠬᠠᠮᠢᠶᠠᠷᠬᠤ ᠬᠠᠷᠢᠭᠤᠴᠠᠯᠭ᠎ᠠ ᠬᠦᠢᠴᠡᠳᠬᠡᠬᠦ ᠭᠡᠷᠡᠭᠳᠠᠢ

2017-09-11 17:47

    ᠤᠯᠤᠰ ᠤᠨ ᠢᠨᠲ᠋ᠧᠷᠨᠧᠲ ᠮᠡᠳᠡᠬᠡ ᠵᠠᠩᠬᠢ ᠢᠢᠨ ᠠᠯᠪᠠᠨ ᠭᠡᠷ ᠤᠶᠢᠷ᠎ᠠ ᠶᠢᠨ ᠡᠳᠤᠷ《ᠢᠨᠲ᠋ᠧᠷᠨᠧᠲ ᠤᠨ ᠬᠤᠯᠪᠤᠭ᠎ᠠ ᠪᠠᠭ ᠤᠨ ᠮᠡᠳᠡᠬᠡ ᠵᠠᠩᠬᠢ ᠢᠢᠨ ᠤᠢᠢᠯᠡᠴᠢᠯᠡᠬᠡᠨ ᠦ ᠬᠠᠮᠢᠶᠠᠷ᠋ᠤᠯᠳᠠ ᠢᠢᠨ ᠲᠤᠭᠳᠠᠭᠠᠯ》 ᠢ ᠳᠠᠷ᠋ᠤᠮᠠᠯᠯᠠᠨ ᠲᠠᠷ᠋ᠬᠠᠭᠠᠵᠤ᠂ ᠬᠤᠯᠪᠤᠭᠠᠨ ᠤ ᠵᠤᠬᠢᠶᠠᠨ ᠪᠠᠢᠢᠭᠤᠯᠤᠬᠴᠢ᠂ ᠬᠠᠮᠢᠶᠠᠷ᠋ᠤᠭᠴᠢ ᠬᠤᠯᠪᠤᠭ᠎ᠠ ᠪᠡᠨ ᠬᠠᠮᠢᠶᠠᠷ᠋ᠬᠤ ᠬᠠᠷ᠋ᠢᠭᠤᠴᠠᠯᠭ᠎ᠠ ᠪᠡᠨ ᠬᠦᠢᠴᠡᠳᠬᠡᠬᠦ ᠭᠡᠷ᠋ᠡᠭᠳᠠᠢ᠂ ᠲᠠᠷ᠋ᠤᠢ《ᠬᠡᠨ ᠬᠤᠯᠪᠤᠭ᠎ᠠ ᠪᠠᠢᠢᠭᠤᠯᠪᠠᠯ ᠬᠡᠨ ᠬᠠᠷ᠋ᠢᠭᠤᠴᠠᠵᠤ》᠂《ᠬᠡᠨ ᠬᠠᠮᠢᠶᠠᠷ᠋ᠪᠠᠯ ᠬᠡᠨ ᠬᠠᠷ᠋ᠢᠭᠤᠴᠠᠵᠤ》᠂ ᠬᠠᠤᠯᠢ ᠲᠦᠷ᠋ᠢᠮ᠂ ᠬᠡᠷ᠋ᠡᠭᠯᠡᠭᠴᠢᠳ ᠦᠨ ᠵᠦᠪᠯᠡᠯᠴᠡᠭᠡᠷ ᠪᠤᠯᠤᠨ ᠲᠠᠪᠴᠠᠩ ᠦᠨ ᠨᠡᠢᠢᠳᠠ ᠢᠢᠨ ᠭᠡᠷ᠎ᠠ ᠢᠢ ᠦᠨᠳᠦᠰᠤᠯᠠᠨ ᠬᠤᠯᠪᠤᠭᠠᠨ ᠤ ᠪᠡᠨ ᠢᠨᠲ᠋ᠧᠷᠨᠧᠲ ᠤᠨ ᠠᠵᠢᠯᠯᠠᠭ᠎ᠠ ᠪᠤᠯᠤᠨ ᠨᠡᠢᠢᠳᠡᠯᠡᠬᠦ ᠮᠡᠳᠡᠬᠡ ᠵᠠᠩᠬᠢ ᠶᠢ ᠵᠢᠷ᠋ᠤᠮᠵᠢᠭᠤᠯᠬᠤ ᠭᠡᠷ᠋ᠡᠭᠳᠠᠢ ᠬᠡᠵᠡᠢ᠃

    ᠢᠨᠲ᠋ᠧᠷᠨᠧᠲ ᠤᠨ ᠬᠤᠯᠪᠤᠭ᠎ᠠ ᠪᠠᠭ ᠭᠡᠳᠡᠭ ᠨᠢ ᠢᠨᠲ᠋ᠧᠷᠨᠧᠲ ᠭᠡᠷ᠋ᠡᠭᠯᠡᠭᠴᠢᠳ ᠢᠨᠲ᠋ᠧᠷᠨᠧᠲ ᠦᠷ᠋ᠳᠡᠬᠡ᠂ ᠨᠡᠬᠦᠳᠡᠯ ᠢᠨᠲ᠋ᠧᠷᠨᠧᠲ ᠤᠨ ᠭᠡᠷ᠋ᠡᠭᠯᠡᠬᠡᠨ ᠦ ᠰᠤᠹᠲ ᠢᠶᠡᠷ ᠳᠠᠮᠵᠢᠨ ᠪᠠᠢᠢᠭᠤᠯᠤᠬᠰᠠᠨ ᠬᠤᠯᠪᠤᠭ᠎ᠠ ᠪᠠᠭ ᠤᠨ ᠬᠢᠨ ᠤ ᠢᠨᠲ᠋ᠧᠷᠨᠧᠲ ᠢᠶᠡᠷ ᠮᠡᠳᠡᠬᠡ ᠵᠠᠩᠬᠢ ᠶᠢᠨ ᠰᠤᠯᠢᠯᠴᠠᠭ᠎ᠠ ᠬᠢᠬᠦ ᠤᠷ᠋ᠤᠨ ᠵᠠᠢ ᠢᠢ ᠵᠢᠭᠠᠵᠤ ᠪᠠᠢᠢᠨ᠎ᠠ᠂ ᠵᠢᠱᠢᠶᠡᠯᠡᠪᠡᠯ ᠢᠨᠲ᠋ᠧᠷᠨᠧᠲ ᠤᠨ ᠬᠤᠯᠪᠤᠭ᠎ᠠ᠂ QQ ᠬᠤᠯᠪᠤᠭ᠎ᠠ᠂ ᠪᠢᠴᠢᠯ ᠪᠦᠷ᠋ᠬᠡ ᠶᠢᠨ ᠬᠤᠯᠪᠤᠭ᠎ᠠ ᠵᠡᠷ᠋ᠬᠡ᠃

    ᠲᠤᠭᠳᠠᠭᠠᠯ ᠳᠤ᠂ ᠢᠨᠲ᠋ᠧᠷᠨᠧᠲ ᠤᠨ ᠬᠤᠯᠪᠤᠭ᠎ᠠ ᠪᠠᠭ ᠤᠨ ᠮᠡᠳᠡᠬᠡ ᠵᠠᠩᠬᠢ ᠢᠢᠨ ᠤᠢᠢᠯᠡᠴᠢᠯᠡᠬᠡ ᠬᠠᠩᠭᠠᠬᠴᠢ ᠮᠡᠳᠡᠬᠡ ᠵᠠᠩᠬᠢ ᠢᠢᠨ ᠠᠭᠤᠯᠭ᠎ᠠ ᠢᠢᠨ ᠠᠶᠤᠯᠬᠦᠢ ᠶᠢᠨ ᠬᠠᠮᠢᠶᠠᠷ᠋ᠤᠯᠳᠠ ᠢᠢᠨ ᠭᠤᠤᠯ ᠴᠤᠬᠴᠠ ᠢᠢᠨ ᠬᠠᠷ᠋ᠢᠭᠤᠴᠠᠯᠭ᠎ᠠ ᠪᠠᠨ ᠨᠠᠢᠢᠳᠠᠪᠤᠷ᠋ᠢᠵᠢᠭᠤᠯᠵᠤ᠂ ᠤᠢᠢᠯᠡᠴᠢᠯᠡᠬᠡᠨ ᠦ ᠬᠡᠪᠴᠢᠶ᠎ᠠ ᠳᠠᠢ ᠪᠡᠨ ᠵᠤᠬᠢᠴᠠᠬᠤ ᠲᠤᠰᠬᠠᠢ ᠮᠡᠷ᠋ᠬᠡᠵᠢᠯ ᠦᠨ ᠠᠵᠢᠯᠳᠠᠨ ᠲᠤᠭᠢᠷᠠᠭᠤᠯᠵᠤ ᠮᠡᠷ᠋ᠬᠡᠵᠢᠯ ᠦᠨ ᠴᠢᠳᠠᠪᠤᠷ᠋ᠢ ᠡᠵᠡᠮᠰᠢᠨ ᠭᠡᠷ᠋ᠡᠭᠯᠡᠭᠴᠢᠳ ᠢ ᠲᠠᠩᠰᠠᠯᠠᠭᠤᠯᠬᠤ᠂ ᠮᠡᠳᠡᠬᠡ ᠵᠠᠩᠬᠢ ᠢᠢ ᠨᠢ ᠬᠢᠨᠠᠨ ᠬᠠᠷ᠋ᠭᠤᠭᠤᠯᠬᠤ᠂ ᠪᠠᠴᠢᠮ ᠪᠠᠢᠢᠳᠠᠯ ᠢ ᠠᠷ᠋ᠭᠠᠴᠠᠬᠤ᠂ ᠠᠶᠤᠯᠬᠦᠢ ᠶᠢ ᠬᠠᠮᠠᠭᠠᠯᠠᠬᠤ ᠵᠡᠷ᠋ᠬᠡ ᠬᠠᠮᠢᠶᠠᠷ᠋ᠤᠯᠳᠠ ᠢᠢᠨ ᠲᠦᠷ᠋ᠢᠮ ᠢ ᠪᠠᠢᠢᠭᠤᠯᠤᠨ ᠲᠡᠬᠦᠯᠳᠡᠷ᠋ᠵᠢᠬᠦᠯᠬᠦ ᠭᠡᠷ᠋ᠡᠭᠳᠠᠢ ᠬᠡᠵᠠᠢ᠃

    ᠲᠤᠭᠳᠠᠭᠠᠯ ᠳ᠋ᠤ᠂ ᠢᠨᠲ᠋ᠧᠷᠨᠧᠲ ᠤᠨ ᠬᠤᠯᠪᠤᠭ᠎ᠠ ᠪᠠᠭ ᠤᠨ ᠮᠡᠳᠡᠬᠡ ᠵᠠᠩᠬᠢ ᠢᠢᠨ ᠤᠢᠢᠯᠡᠴᠢᠯᠡᠬᠡ ᠬᠠᠩᠭᠠᠬᠴᠢ ᠢᠨᠲ᠋ᠧᠷᠨᠧᠲ ᠤᠨ ᠬᠤᠯᠪᠤᠭ᠎ᠠ ᠪᠠᠭ ᠤᠨ ᠮᠡᠳᠡᠬᠡ ᠵᠠᠩᠬᠢ ᠢᠢᠨ ᠤᠢᠢᠯᠡᠴᠢᠯᠡᠬᠡ ᠬᠦᠷ᠋ᠳᠡᠬᠦ ᠭᠡᠷ᠋ᠡᠭᠯᠡᠭᠴᠢᠳ ᠦᠨ ᠦᠨᠡᠨ ᠪᠤᠳᠠᠳᠠᠢ ᠬᠤᠪᠢ ᠬᠦᠮᠦᠨ ᠤ ᠮᠡᠳᠡᠬᠡ ᠵᠠᠩᠬᠢ ᠢᠢ ᠳᠤᠳᠤᠯᠠᠵᠤ᠂ ᠢᠳᠡᠬᠡᠮᠵᠢ ᠢᠢᠨ ᠵᠡᠷᠬᠡᠯᠡᠯ ᠦᠨ ᠬᠠᠮᠢᠶᠠᠷ᠋ᠤᠯᠳᠠ ᠢᠢᠨ ᠰᠢᠰᠲ᠋᠋ᠧᠮ ᠢ ᠪᠠᠢᠢᠭᠤᠯᠤᠨ ᠬᠤᠯᠪᠤᠭ᠎ᠠ ᠪᠠᠭ ᠤᠨ ᠬᠡᠪᠴᠢᠶ᠎ᠠ ᠢᠢ ᠵᠤᠬᠢᠰᠳᠠᠢ ᠲᠤᠭᠳᠠᠭᠠᠵᠤ᠂ ᠵᠡᠷᠬᠡᠯᠡᠯ ᠪᠠ ᠲᠦᠷ᠋ᠤᠯ ᠬᠤᠪᠢᠶᠠᠨ ᠬᠠᠮᠢᠶᠠᠷ᠋ᠬᠤ ᠳᠦᠷ᠋ᠢᠮ ᠢ ᠭᠡᠷ᠋ᠡᠭᠵᠢᠬᠦᠯᠵᠤ᠂ ᠲᠡᠷ᠋ᠡᠴᠢᠯᠠᠨ ᠴᠢᠬᠤᠯᠠ ᠠᠷ᠋ᠭ᠎ᠠ ᠬᠡᠮᠵᠢᠶ᠎ᠠ ᠠᠪᠴᠤ ᠬᠡᠷ᠋ᠡᠭᠯᠡᠭᠴᠢᠳ ᠦᠨ ᠬᠤᠪᠢ ᠬᠦᠮᠤᠨ ᠦ ᠮᠡᠳᠡᠬᠡ ᠵᠠᠩᠬᠢ ᠢᠢᠨ ᠠᠶᠤᠯᠬᠦᠢ ᠶᠢ ᠬᠠᠮᠠᠭᠠᠯᠠᠬᠤ ᠭᠡᠷ᠋ᠡᠭᠳᠠᠢ ᠬᠡᠪᠡ᠃ ᠢᠨᠲ᠋ᠧᠷᠨᠧᠲ ᠤᠨ ᠬᠤᠯᠪᠤᠭ᠎ᠠ ᠪᠠᠭ ᠤᠨ ᠭᠡᠰᠢᠭᠦᠳ ᠨᠢ ᠮᠡᠳᠡᠬᠡ ᠵᠠᠩᠬᠢ ᠢᠢᠨ ᠰᠤᠯᠢᠯᠴᠠᠭᠠᠨ ᠳᠤ ᠤᠷ᠋ᠤᠯᠴᠠᠬᠤ ᠳᠠᠭᠠᠨ ᠬᠤᠯᠪᠤᠬᠳᠠᠯ ᠪᠦᠬᠦᠢ ᠬᠠᠤᠯᠢ ᠲᠦᠷ᠋ᠢᠮ ᠢ ᠰᠠᠬᠢᠵᠤ᠂ ᠪᠤᠯᠪᠠᠰᠤᠨ ᠢᠢᠨᠷ ᠬᠠᠷ᠋ᠢᠯᠴᠠᠨ᠂ ᠤᠶᠤᠨᠴᠢ ᠪᠡᠷ ᠰᠠᠨᠠᠭ᠎ᠠ ᠪᠡᠨ ᠢᠯᠡᠳᠬᠡᠬᠦ ᠭᠡᠷ᠋ᠡᠭᠳᠠᠢ᠃ ᠲᠤᠭᠳᠠᠭᠠᠯ ᠢ 10 ᠰᠠᠷ᠎ᠠ ᠢᠢᠨ 8 ᠤ ᠡᠳᠤᠷ ᠡᠴᠡ ᠡᠬᠢᠯᠡᠵᠦ ᠠᠯᠪᠠᠨ ᠶᠤᠰᠤᠭᠠᠷ ᠭᠡᠷ᠋ᠡᠭᠵᠢᠬᠦᠯᠤᠨ᠎ᠠ᠃

    ᠢᠨᠲ᠋ᠧᠷᠨᠧᠲ ᠤᠨ ᠬᠤᠯᠪᠤᠭ᠎ᠠ ᠪᠠᠭ ᠤᠨ ᠬᠡᠰᠢᠬᠦᠨ ᠤᠨᠴᠠᠭᠠᠶᠢᠯᠠᠨ ᠪᠠᠭ ᠪᠠᠶᠢᠭᠤᠯᠤᠭᠴᠢ ᠶᠢᠨ ᠠᠩᠬᠠᠷᠬᠤ ᠵᠦᠢᠯ᠄

    ᠤᠯᠤᠰ ᠳᠦᠷᠦ ᠲᠠᠢ ᠬᠤᠯᠪᠤᠭᠳᠠᠭᠰᠠᠨ ᠡᠮᠵᠡᠭ ᠶᠠᠷᠢᠶ᠎ᠠ ᠬᠡᠯᠡᠯᠴᠡᠬᠡ ᠶᠢ ᠨᠡᠶᠢᠳᠡᠯᠡᠵᠤ ᠪᠤᠯᠬᠤ ᠦᠬᠡᠢ

    ᠴᠤᠤᠷᠬᠠᠯ ᠢ ᠬᠦᠩᠬᠡᠨ ᠬᠠᠭᠤᠮᠠᠬᠠᠢ ᠢᠳᠡᠬᠡᠵᠤ ᠳᠠᠷᠬᠠᠭᠠᠵᠤ ᠪᠤᠯᠬᠤ ᠦᠬᠡᠢ

    ᠳᠤᠳᠤᠭᠠᠳᠤ ᠮᠠᠲ᠋ᠧᠷᠢᠶᠡᠯ ᠬᠡᠮᠡᠭᠳᠡᠭᠰᠡᠨ ᠪᠢᠴᠢᠭ᠌ ᠮᠠᠲ᠋ᠧᠷᠢᠶᠠᠯ ᠢ ᠨᠡᠶᠢᠳᠡᠯᠡᠵᠤ ᠪᠤᠯᠬᠤ ᠦᠬᠡᠢ

    ᠱᠠᠯᠢᠭ᠂ ᠬᠤᠤᠷ᠂ ᠳᠡᠯᠪᠡᠷᠡᠯᠳᠡ ᠲᠠᠢ ᠬᠤᠯᠪᠤᠭᠳᠠᠭᠰᠠᠨ ᠵᠦᠢᠯ ᠢ ᠨᠡᠶᠢᠳᠡᠯᠡᠵᠤ ᠪᠤᠯᠬᠤ ᠦᠬᠡᠢ

    ᠰᠢᠶᠠᠩᠭᠠᠩ᠂ ᠤᠤᠮᠧᠨ᠂ ᠲᠠᠶᠢᠧᠠᠨ ᠤ ᠮᠡᠳᠡᠬᠡ ᠶᠢ ᠠᠯᠪᠠᠨ ᠤ ᠨᠧᠲ ᠢᠶᠡᠷ ᠨᠡᠶᠢᠳᠡᠯᠡᠬᠦ ᠡᠴᠡ ᠡᠮᠦᠨ᠎ᠡ ᠨᠡᠶᠢᠳᠡᠯᠡᠵᠤ ᠪᠤᠯᠬᠤ ᠦᠬᠡᠢ

    ᠴᠡᠷᠢᠭ᠌ ᠤᠨ ᠶᠠᠪᠤᠳᠠᠯ ᠤᠨ ᠮᠠᠲ᠋ᠧᠷᠢᠶᠡᠯ ᠢ ᠨᠡᠶᠢᠳᠡᠯᠡᠵᠤ ᠪᠤᠯᠬᠤ ᠦᠬᠡᠢ

    ᠤᠯᠤᠰ ᠤᠨ ᠨᠢᠭᠤᠴᠠ ᠳᠤ ᠬᠤᠯᠪᠤᠭᠳᠠᠭᠰᠠᠨ ᠮᠠᠲ᠋ᠧᠷᠢᠶᠠᠯ ᠢ ᠨᠡᠶᠢᠳᠡᠯᠡᠵᠤ ᠪᠤᠯᠬᠤ ᠦᠬᠡᠢ

    ᠢᠷᠡᠯᠳᠡ ᠨᠢ ᠳᠤᠳᠤᠷᠬᠠᠢ ᠪᠤᠰᠤ ᠵᠤᠬᠢᠶᠠᠮᠠᠯ ᠰᠢᠨᠵᠢᠳᠡᠢ᠂ ᠴᠠᠭᠳᠠᠭ᠎ᠠ ᠶᠢ ᠬᠦᠳᠬᠡᠵᠤ ᠳᠤᠷᠤᠮᠵᠢᠯᠠᠭᠰᠠᠨ ᠪᠤᠭᠤᠨᠢ ᠸᠢᠳᠢᠣ᠋ ᠶᠢ ᠨᠡᠶᠢᠳᠡᠯᠡᠵᠤ ᠪᠤᠯᠬᠤ ᠦᠬᠡᠢ

    ᠪᠤᠰᠤᠳ ᠬᠠᠤᠯᠢ ᠳᠦᠷᠢᠮ ᠢ ᠵᠦᠷᠢᠴᠡᠭᠰᠡᠨ ᠮᠡᠳᠡᠬᠡ ᠮᠡᠳᠡᠭᠡᠯᠡᠯ ᠢ ᠨᠡᠶᠢᠳᠡᠯᠡᠵᠤ ᠪᠤᠯᠬᠤ ᠦᠬᠡᠢ

ᠢᠷᠡᠯᠳᠡ᠄ ᠰᠢᠨᠬᠤᠧᠠ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
关闭
010070230030000000000000011120701121644241