蒙古文网站Logo
ᠰᠢᠨᠬᠤᠸᠠ ᠮᠤᠩᠭ᠋ᠤᠯ ᠨᠧᠲ

ᠳᠡᠭᠷᠢ ᠶᠢᠨ ᠵᠠᠪᠢ ᠨᠢᠬᠡ ᠨᠤᠮᠧᠷᠳᠤ ᠳᠦᠷᠬᠡᠨ ᠵᠤᠯᠭᠠᠯᠳᠤᠬᠤ ᠳᠤᠷᠰᠢᠯᠳᠠ ᠶᠢ ᠪᠡᠶ᠎ᠡ ᠳᠠᠭᠠᠭᠠᠨ ᠬᠦᠢᠴᠡᠳᠬᠡᠪᠡ

2017-09-13 16:27

    ᠰᠢᠨᠬᠤᠧᠠ ᠬᠤᠷᠢᠶ᠎ᠠ   ᠪᠡᠭᠡᠵᠢᠩ ᠤᠨ 9 ᠰᠠᠷ᠎ᠠ ᠶᠢᠨ 12 ᠤᠨ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠭᠴᠢ ᠯᠢ ᠭᠦᠧᠧ ᠯᠢ᠂ ᠶᠠᠩ ᠰᠢᠨ) 9 ᠰᠠᠷ᠎ᠠ ᠶᠢᠨ 12 ᠤᠨ ᠡᠳᠦᠷ ᠤᠨ 23᠄58 ᠴᠠᠭ ᠲᠤ᠂ ᠳᠡᠭᠷᠢ ᠶᠢᠨ ᠵᠠᠪᠢ ᠨᠢᠬᠡ ᠨᠤᠮᠧᠷᠳᠤ ᠠᠴᠢᠶᠠᠨ ᠤ ᠬᠦᠯᠬᠡ ᠳᠡᠭᠷᠢ ᠶᠢᠨ ᠤᠷᠳᠤᠨ ᠬᠤᠶᠠᠷ ᠨᠤᠮᠧᠷᠳᠤ ᠯᠠᠪᠤᠷᠠᠲ᠋ᠤᠷᠢ ᠲᠠᠢ ᠮᠠᠰᠢ ᠳᠦᠷᠬᠡᠨ ᠢᠶᠡᠷ ᠠᠮᠵᠢᠯᠳᠠ ᠲᠠᠢ ᠵᠤᠯᠭᠠᠭᠰᠠᠨ ᠪᠠᠶᠢᠨ᠎ᠠ᠃

    ᠳᠡᠭᠷᠢ ᠶᠢᠨ ᠵᠠᠪᠢ ᠨᠢᠬᠡ ᠨᠤᠮᠧᠷᠳᠤ ᠠᠴᠢᠶᠠᠨ ᠤ ᠬᠦᠯᠬᠡ ᠶᠢ 4 ᠰᠠᠷ᠎ᠠ ᠶᠢᠨ 20 ᠤ ᠡᠳᠦᠷ ᠬᠠᠶᠢᠨᠠᠨ ᠤ ᠸᠧᠨᠴᠠᠩ ᠡᠴᠡ ᠬᠦᠬᠡᠷᠬᠡᠵᠤ᠂ ᠳᠡᠭᠷᠢ ᠶᠢᠨ ᠤᠷᠳᠤᠨ ᠬᠤᠶᠠᠷ ᠨᠤᠮᠧᠷᠳᠤ ᠶᠢ ᠨᠢᠳᠤᠨᠤᠨ ᠤ ᠨᠠᠶ᠋ᠮᠠᠨ ᠰᠠᠷ᠎ᠠ ᠶᠢᠨ ᠳᠡᠷᠬᠡᠯ ᠰᠠᠷᠠᠨ ᠤ ᠪᠠᠶᠠᠷ ᠤᠨ ᠦᠶ᠎ᠡ ᠪᠡᠷ ᠬᠦᠬᠡᠷᠬᠡᠭᠰᠡᠨ ᠶᠤᠮ᠃

    ᠳᠤᠷᠰᠢᠯᠳᠠ ᠡᠬᠢᠯᠡᠬᠦ ᠡᠴᠡ ᠡᠮᠦᠨ᠎ᠡ ᠲᠧᠭᠨᠤᠯᠤᠬᠢ ᠶᠢᠨ ᠠᠵᠢᠯᠳᠠᠳ ᠳᠡᠭᠷᠢ ᠶᠢᠨ ᠵᠠᠪᠢ ᠨᠢᠬᠡ ᠨᠤᠮᠧᠷᠳᠤ ᠶᠢᠨ ᠬᠦᠶᠦᠯᠳᠡ ᠶᠢ 4 ᠤᠳᠠᠭ᠎ᠠ ᠡᠵᠡᠮᠳᠡᠵᠤ ᠵᠤᠯᠭᠠᠯᠳᠤᠬᠤ ᠳᠤ ᠨᠢ ᠨᠦᠬᠦᠴᠡᠯ ᠬᠠᠩᠭᠠᠵᠠᠢ᠃ ᠡᠶᠢᠨᠬᠦ 12 ᠤᠨ ᠡᠳᠦᠷ ᠤᠨ 17᠄24 ᠴᠠᠭ ᠡᠴᠡ ᠡᠬᠢᠯᠡᠨ ᠳᠡᠭᠷᠢ ᠶᠢᠨ ᠵᠠᠪᠢ ᠨᠢᠬᠡ ᠨᠤᠮᠧᠷᠳᠤ ᠨᠢ ᠪᠡᠶ᠎ᠡ ᠳᠠᠭᠠᠭᠠᠨ ᠵᠤᠯᠭᠠᠯᠳᠤᠬᠤ ᠡᠬᠦᠷᠬᠡ ᠪᠡᠨ ᠡᠬᠢᠯᠡᠨ ᠬᠦᠢᠴᠡᠳᠬᠡᠵᠤ᠂ ᠪᠦᠬᠦᠶᠢᠯᠡ ᠶᠠᠪᠤᠴᠠ 6.5 ᠴᠠᠭ ᠬᠡᠷᠡᠭᠰᠡᠭᠰᠡᠨ ᠪᠠᠶᠢᠨ᠎ᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
关闭
010070230030000000000000011120701121656970