蒙古文网站Logo
ᠰᠢᠨᠬᠤᠸᠠ ᠮᠤᠩᠭ᠋ᠤᠯ ᠨᠧᠲ

ᠳᠡᠭᠷᠢ ᠵᠢᠨ ᠵᠠᠪᠢ ᠨᠢᠬᠡ ᠭᠤᠷᠪᠠᠳᠡᠬᠢ ᠤᠳᠠᠭ᠎ᠠ ᠵᠢᠨ ᠳᠦᠯᠬᠢᠭ᠍ᠴᠢ ᠡᠳ᠋ ᠨᠦᠬᠦᠪᠦᠷᠢᠯᠡᠬᠦ ᠳᠤᠷᠰᠢᠯᠳᠠ ᠵᠢ ᠤᠷᠤᠬᠰᠢᠳᠠᠢ ᠪᠡᠶᠡᠯᠡᠬᠦᠯᠪᠡ

2017-09-18 12:03

    ᠰᠢᠨᠬᠤᠸᠠ ᠬᠤᠷᠢᠶ᠎ᠠ ᠪᠡᠬᠡᠵᠢᠩ ᠤᠨ 9 ᠰᠠᠷ᠎ᠠ ᠵᠢᠨ 16 ᠤ᠋ ᠴᠠᠬᠢᠯᠭᠠᠨ ᠮᠡᠳᠡᠬᠡ (ᠯᠢ ᠬᠦᠧᠧ ᠯᠢ᠂ ᠳ᠋ᠧᠩ ᠮᠧᠩ)16 ᠤ ᠡᠳᠦᠷ ᠤᠨ 20 ᠄ 17 ᠴᠠᠭ ᠳᠦ᠂ ᠳᠡᠭᠷᠢ ᠵᠢᠨ ᠵᠠᠪᠢ ᠨᠢᠬᠡ ᠨᠤᠮᠧᠷ ᠠᠴᠢᠶᠠᠨ ᠤ ᠨᠢᠰᠬᠦ ᠤᠩᠭ᠋ᠤᠴᠠ ᠪᠤᠯᠤᠨ ᠳᠡᠭᠷᠢ ᠵᠢᠨ ᠤᠷᠳᠤᠨ ᠬᠤᠶᠠᠷ ᠨᠤᠮᠧᠷ ᠰᠠᠨᠰᠠᠷ ᠤᠨ ᠳᠤᠷᠰᠢᠯᠳᠠ ᠵᠢᠨ ᠲᠠᠰᠤᠭ ᠲᠤ ᠭᠤᠷᠪᠠᠳᠠᠬᠢ ᠤᠳᠠᠭᠠᠨ ᠤ᠂ ᠮᠦᠨ ᠳᠤᠭᠤᠷᠢᠯᠳᠡ ᠵᠢᠨ ᠵᠠᠮ ᠡᠴᠡ ᠪᠠᠨ ᠰᠠᠯᠬᠤ ᠡᠴᠡ ᠡᠮᠤᠨᠡᠬᠢ ᠬᠠᠮᠤᠬ ᠤᠨ ᠰᠡᠬᠦᠯᠴᠢ ᠵᠢᠨ ᠤᠳᠠᠭ᠎ᠠ ᠳᠦᠯᠬᠢᠭ᠍ᠴᠢ ᠡᠳ᠋ ᠢ ᠳᠤᠭᠤᠷᠢᠯᠳᠠ ᠵᠢᠨ ᠵᠠᠮ ᠳ᠋ᠤ ᠨᠦᠬᠦᠪᠦᠷᠢᠯᠡᠬᠦ ᠳᠤᠷᠰᠢᠯᠳᠠ ᠵᠢ ᠠᠮᠵᠢᠯᠳᠠ ᠲᠠᠢ ᠪᠡᠶᠡᠯᠡᠬᠦᠯᠵᠤ᠂ ᠬᠠᠮᠢᠶ᠎ᠠ ᠪᠦᠬᠦᠢ ᠮᠡᠷᠬᠡᠵᠢᠯ ᠤᠨ ᠦᠷ᠎ᠠ ᠪᠦᠳᠦᠬᠡᠯ ᠢ ᠤᠯᠠᠮ ᠢᠶᠡᠷ ᠪᠡᠬᠢᠵᠢᠬᠦᠯᠤᠭ᠍ᠰᠠᠨ ᠪᠠᠶᠢᠨ᠎ᠠ᠃

    ᠳᠤᠰ ᠤᠳᠠᠭ᠎ᠠ ᠵᠢᠨ ᠨᠦᠬᠦᠪᠦᠷᠢᠯᠡᠬᠦ ᠳᠤᠷᠰᠢᠯᠳᠠ ᠳ᠋ᠤ᠂ ᠳᠡᠭᠷᠢ ᠵᠢᠨ ᠵᠠᠪᠢ ᠨᠢᠬᠡ ᠨᠤᠮᠧᠷ ᠠᠴᠢᠶᠠᠨ ᠤ ᠨᠢᠰᠬᠦ ᠤᠩᠭ᠋ᠤᠴᠠ ᠨᠢ ᠳᠦᠯᠬᠢᠭ᠍ᠴᠢ ᠡᠳ᠋ ᠤᠨ ᠬᠡᠷᠡᠭᠯᠡᠬᠡᠨ ᠤ ᠬᠡᠮᠵᠢᠶ᠎ᠠ ᠵᠢ ᠬᠦᠳᠡᠯᠦᠩᠬᠦᠢ ᠪᠡᠷ ᠦᠨᠡᠯᠡᠨ ᠵᠢᠱᠢᠭᠰᠡᠨ ᠦᠷ᠎ᠠ ᠳ᠋ᠦᠩ ᠪᠤᠯᠤᠨ ᠳᠡᠭᠷᠢ ᠵᠢᠨ ᠤᠷᠳᠤᠨ ᠬᠤᠶ᠍ᠠᠷ ᠨᠤᠮᠧᠷ ᠤᠨ ᠰᠠᠨᠰᠠᠷ ᠤᠨ ᠳᠤᠷᠰᠢᠯᠳᠠ ᠵᠢᠨ ᠲᠠᠰᠤᠭ ᠤᠨ ᠬᠤᠢᠢᠰᠢᠳᠠ ᠵᠢᠨ ᠡᠬᠦᠷᠬᠡ ᠵᠢᠨ ᠬᠡᠷᠡᠭᠴᠡᠬᠡ ᠱᠠᠭᠠᠷᠳᠠᠯᠭ᠎ᠠ ᠵᠢ ᠦᠨᠳᠦᠰᠦᠯᠡᠵᠦ᠂ ᠨᠦᠬᠡᠴᠡᠯᠡᠬᠦ ᠬᠠᠢᠢᠷᠴᠠᠬ ᠳᠦ ᠨᠦᠬᠦᠪᠦᠷᠢᠯᠡᠯᠳᠡ ᠬᠢᠬᠦ ᠠᠷᠭ᠎ᠠ ᠵᠢ ᠠᠪᠴᠤ᠂ ᠳᠦᠯᠬᠢᠭ᠍ᠴᠢ ᠡᠳ᠋ ᠢ ᠨᠡᠢᠢᠳᠡ 250 ᠺᠢᠯᠦᠭᠷᠡᠮ ᠰᠢᠬᠠᠮ ᠨᠦᠬᠦᠪᠦᠷᠢᠯᠡᠵᠤ᠂ ᠭᠤᠤᠯᠳᠠᠭᠤ ᠬᠦᠪᠪᠤᠮᠠᠯ ᠤᠳᠠᠰᠤ ᠵᠠᠯᠭᠠᠬᠤ ᠪᠠᠭᠠᠵᠢ ᠵᠢ ᠵᠠᠯᠭᠠᠯᠳᠤᠭᠤᠯᠬᠤ᠂ ᠬᠤᠭᠤᠯᠠᠢ ᠵᠢᠨ ᠵᠠᠮ ᠤᠨ ᠭᠤᠭᠤᠵᠢᠯᠳᠠ ᠵᠢ ᠪᠠᠢᠢᠴᠠᠭᠠᠬᠤ᠂ ᠰᠢᠳᠠᠭᠠᠯᠭ᠎ᠠ ᠨᠦᠬᠡᠴᠡᠯᠡᠬᠦ ᠬᠠᠢᠢᠷᠴᠠᠬ ᠳᠦ ᠨᠦᠬᠦᠪᠤᠷᠢᠯᠡᠯᠳᠡ ᠬᠢᠬᠦ᠂ ᠢᠰᠦᠯᠳᠦᠬᠦᠯᠦᠭᠴᠢ ᠨᠦᠬᠡᠴᠡᠯᠡᠬᠦ ᠬᠠᠢᠢᠷᠴᠠᠬ ᠳᠦ ᠨᠦᠬᠦᠪᠦᠷᠢᠯᠡᠯᠳᠡ ᠬᠢᠬᠦ᠂ ᠬᠦᠪᠪᠤᠮᠠᠯ ᠤᠳᠠᠰᠤ ᠵᠠᠯᠭᠠᠬᠤ ᠪᠠᠭᠠᠵᠢ ᠵᠢ ᠰᠠᠯᠭᠠᠬᠤ ᠪᠠ ᠪᠠᠢᠢᠳᠠᠯ ᠢ ᠨᠢ ᠰᠡᠷᠬᠦᠬᠡᠬᠦ ᠵᠡᠷᠬᠡ ᠠᠵᠢᠯ ᠤᠳ ᠢ ᠪᠡᠶᠡᠯᠡᠬᠦᠯᠵᠦ᠂ ᠪᠦᠬᠦᠢᠢᠯᠡ ᠶᠠᠪᠤᠴᠠ ᠨᠢ 3 ᠡᠳᠦᠷ ᠰᠢᠬᠠᠮ ᠶᠠᠪᠤᠬᠳᠠᠪᠠ᠃ 

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
关闭
010070230030000000000000011120691121681425