蒙古文网站Logo
ᠰᠢᠨᠬᠤᠸᠠ ᠮᠤᠩᠭ᠋ᠤᠯ ᠨᠧᠲ

ᠤᠭ ᠢᠶᠡᠨ ᠮᠠᠷᠳᠠᠬᠤ ᠦᠭᠡᠢ ᠪᠠᠶᠢᠪᠠᠯ ᠰᠠᠶ‍ᠢ ᠰᠢᠳᠤᠷᠭᠤ ᠶᠤᠰᠤ ᠶᠢ ᠬᠠᠮᠠᠭᠠᠯᠠᠵᠤ ᠴᠢᠳᠠᠨ᠎ᠠ

2017-09-18 17:17

    ᠦᠨᠦᠳᠦᠷ ᠶᠠᠭ《 ᠶᠢᠰᠦᠨ ᠰᠠᠷ᠎ᠠ᠎ ᠶᠢᠨ ᠠᠷᠪᠠᠨ ᠨᠠᠶ᠋ᠮᠡᠨ ᠤ ᠬᠡᠷᠡᠭ ᠬᠤᠪᠢᠰᠤᠯ》ᠡᠭᠦᠰᠦᠭᠰᠡᠨ 86 ᠵᠢᠯ ᠤᠨ ᠤᠢ᠃

    ᠶᠢᠰᠦᠨ ᠰᠠᠷ᠎᠎ᠠ ᠶᠢᠨ ᠠᠷᠪᠠᠨ ᠨᠠᠶ᠋ᠮᠡᠨ ᠤ ᠬᠡᠷᠡᠭ ᠬᠤᠪᠢᠰᠤᠯ ᠪᠤᠯ ᠡᠮᠭᠡᠨᠢᠯ ᠭᠤᠲᠤᠮᠰᠢᠭᠲᠤ ᠲᠡᠤᠬᠡ ᠂ ᠮᠦᠨ ᠴᠤ ᠰᠡᠬᠡᠭᠡᠷᠡᠨ ᠲᠡᠮᠡᠴᠡᠭᠰᠡᠨ ᠲᠤᠤᠯᠢ ᠪᠢᠯᠠ᠃ 1931 ᠤᠨ ᠤ 9 ᠰᠠᠷ᠎ᠠ ᠶᠢᠨ 18 ᠤ ᠡᠳᠦᠷ᠂ ᠶᠠᠫᠤᠨ ᠤ ᠴᠡᠷᠢᠭᠯᠡᠬᠦ ᠦᠵᠡᠯᠲᠠᠳ ᠵᠤᠷᠢᠭᠤᠲᠠ ᠬᠡᠷᠡᠭ ᠦᠳᠦᠭᠡᠵᠤ ᠳᠤᠮᠳᠠᠳᠤ ᠤᠯᠤᠰ ᠢ ᠳᠦᠷᠢᠮᠡᠬᠡᠶᠢᠯᠡᠬᠦ ᠳᠠᠶᠢᠨ ᠢ ᠲᠡᠭᠳᠡᠭᠡᠵᠡᠢ᠂ ᠡᠨᠡ ᠨᠢ ᠳᠡᠯᠡᠬᠡᠢ ᠶᠢᠨ ᠹᠠᠱᠢᠰ ᠢ ᠡᠰᠡᠷᠭᠦᠴᠡᠬᠦ ᠳᠠᠶᠢᠨ ᠤ ᠬᠦᠰᠢᠭᠡ ᠶᠢ ᠢᠷᠡᠪᠠ᠃ ᠳᠤᠮᠳᠠᠳᠤ ᠶᠢᠨ ᠦᠷᠡᠰ《ᠲᠦᠮᠠᠨ ᠤᠯᠠᠨ ᠢᠶᠡᠷ ᠰᠡᠳᠬᠢᠯ ᠨᠢᠭᠡᠳᠴᠤ᠂ ᠳᠠᠶᠢᠰᠤᠨ ᠤ ᠰᠤᠮᠤᠨ ᠳᠤᠮᠳᠠᠭᠤᠷ ᠤᠷᠤᠭᠰᠢᠯᠠᠬᠤ》ᠡᠷᠴᠢ ᠵᠤᠷᠢᠭ ᠶᠢᠡᠷ ᠶᠠᠫᠤᠨ ᠡᠵᠡᠷᠬᠡᠭ ᠳᠦᠷᠢᠮᠡᠬᠡᠶᠢᠯᠡᠭᠴᠢᠳ ᠲᠠᠢ 14 ᠵᠢᠯ ᠤᠨ ᠰᠢᠷᠭᠠᠭᠤ ᠬᠠᠲᠠᠭᠤᠵᠢᠯᠲᠠᠢ ᠲᠡᠮᠡᠴᠡᠯ ᠶᠠᠪᠤᠭᠤᠯᠤᠭᠰᠠᠨ ᠤ ᠳ᠋ᠦᠡᠭ᠍ ᠳ᠋ᠤ ᠤᠶᠢᠷ ᠠ ᠦᠶ᠎ᠠ ᠶᠢᠨ ᠳᠤᠮᠳᠠᠳᠤ ᠤᠯᠤᠰ ᠤᠨ ᠭᠠᠳᠠᠭᠠᠳᠤ ᠤᠯᠤᠰ ᠤᠨ ᠳᠦᠷᠢᠮᠡᠬᠡᠶᠢᠯᠡᠭᠴᠢᠳ ᠢ ᠡᠰᠡᠷᠭᠦᠴᠡᠭᠰᠡᠨ ᠠᠩᠬᠠᠨ ᠤ ᠪᠦᠬᠦ ᠲᠠᠯ᠎ᠠ ᠶᠢᠨ ᠢᠯᠡᠯᠲᠡ ᠢᠢ ᠤᠯᠪᠠ᠃

    ᠡᠳᠡᠬᠡᠷ ᠲᠡᠦᠬᠡ ᠪᠠᠨ ᠪᠢᠳᠡ ᠮᠠᠷᠳᠠᠵᠤ ᠪᠤᠯᠬᠤ ᠦᠭᠡᠢ᠃ ᠦᠨᠦᠳᠤᠷ᠂《ᠶᠢᠰᠦᠨ ᠰᠠᠷ᠎ᠠ᠎ ᠶᠢᠨ ᠠᠷᠪᠠᠨ ᠨᠠᠶ᠋ᠮᠡᠨ ᠤ ᠬᠡᠷᠡᠭ ᠬᠤᠪᠢᠰᠤᠯ》ᠨᠢᠭᠡᠨᠲᠡ ᠲᠡᠦᠬᠡ ᠪᠤᠯᠵᠤ ᠤᠳᠤᠭᠰᠠᠨ ᠪᠤᠯᠪᠠᠴᠤ ᠶᠠᠫᠤᠨ ᠤ ᠡᠵᠡᠷᠬᠡᠭ᠌ ᠲᠦᠷᠢᠮᠡᠬᠡᠶᠢᠳᠠᠨ ᠲᠤᠮᠳᠠᠳᠤ ᠤᠯᠤᠰ ᠢ ᠲᠦᠷᠢᠮᠡᠬᠡᠶᠢᠯᠡᠭᠰᠡᠨ ᠬᠤᠭᠤᠴᠠᠭᠠᠨ ᠳᠤ ᠬᠠᠶᠢᠷ᠎ᠠ ᠨᠠᠶᠢᠷ ᠦᠭᠡᠢ ᠬᠢᠳᠤᠯᠭ᠎ᠠ ᠶᠢᠨ ᠬᠠᠷᠠᠰᠠᠯᠳᠡᠢ ᠪᠠᠷ ᠦᠷᠡᠭᠳᠡᠭᠰᠡᠨ ᠠᠬᠠᠨ ᠲᠡᠬᠦᠦᠰ ᠢᠶᠡᠨ ᠪᠢᠳᠡ ᠡᠬᠦᠷᠢᠳᠡ ᠭᠠᠰᠢᠭᠤᠳᠠᠨ ᠲᠤᠷᠠᠰᠬᠤ ᠬᠡᠷᠡᠭᠲᠡᠢ᠂ ᠶᠠᠫᠤᠨ ᠢ ᠡᠰᠡᠷᠬᠦᠴᠡᠬᠦ ᠲᠠᠶᠢᠨ ᠳᠤ ᠦᠷᠡᠭᠳᠡᠭᠰᠡᠨ ᠪᠠᠭᠠᠳᠤᠷᠴᠤᠳ ᠪᠤᠯᠤᠨ ᠬᠤᠪᠢ ᠨᠡᠮᠡᠷᠢ ᠦᠵᠡᠬᠦᠯᠦᠭᠰᠡᠨ ᠬᠦᠮᠦᠰ ᠢ ᠪᠢᠳᠡ ᠡᠬᠦᠷᠢᠳᠡ ᠲᠤᠷᠠᠰᠤᠨ ᠰᠠᠨᠠᠭᠠᠯᠵᠠᠬᠤ ᠬᠡᠷᠡᠭᠲᠡᠢ᠂ ᠲᠤᠮᠳᠠᠳᠤ ᠤᠯᠤᠰ ᠤᠨ ᠠᠷᠠᠳ ᠲᠦᠮᠡᠨ ᠤ ᠡᠵᠡᠷᠬᠡᠭ᠌᠌ ᠲᠦᠷᠢᠮᠡᠬᠡᠶᠢᠳᠡᠨ ᠢ ᠡᠰᠡᠷᠬᠦᠴᠡᠭᠰᠡᠨ ᠴᠤᠴᠠᠰᠢ ᠦᠭᠡᠢ ᠲᠡᠮᠡᠴᠡᠯ ᠢ ᠪᠢᠳᠡᠨ ᠡᠬᠦᠷᠢᠳᠡ ᠪᠠᠳᠤ ᠴᠡᠭᠡᠵᠢᠯᠡᠬᠦ ᠬᠡᠷᠡᠭᠲᠡᠢ᠂ ᠪᠢᠳᠡ ᠦᠩᠬᠡᠷᠡᠭᠰᠡᠨ ᠢ ᠪᠠᠨ ᠮᠠᠷᠳᠠᠬᠤ ᠦᠭᠡᠢ ᠪᠠᠶᠢᠬᠤ ᠨᠢ ᠦᠰᠢᠶ᠎ᠡ ᠬᠤᠷᠤᠰᠤᠯ ᠢ ᠦᠷᠬᠦᠯᠵᠢᠯᠡᠬᠦᠯᠵᠤ ᠪᠠᠶᠢᠭ᠎ᠠ ᠪᠢᠰᠢ ᠬᠠᠷᠢᠨ ᠲᠡᠦᠬᠡ ᠪᠠᠨ ᠪᠠᠳᠤ ᠴᠡᠭᠡᠵᠢᠯᠡᠵᠤ ᠰᠢᠳᠤᠷᠭᠤ ᠶᠤᠰᠤ ᠶᠢ ᠬᠠᠮᠠᠭᠠᠯᠠᠬᠤ ᠶᠢᠨ ᠲᠦᠯᠦᠬᠡ ᠪᠦᠭᠡᠳ ᠲᠡᠯᠡᠬᠡᠢ ᠶᠢᠨ ᠬᠦᠮᠦᠰ ᠲᠤ ᠲᠡᠦᠬᠡ ᠶᠢᠨ ᠡᠮᠬᠡᠨᠢᠯᠳᠤ ᠶᠠᠪᠤᠳᠠᠯ ᠢ ᠲᠠᠬᠢᠨ ᠡᠬᠦᠰᠬᠦ ᠡᠴᠡ ᠵᠠᠶᠢᠯᠠᠰᠬᠢᠬᠦ ᠶᠢ ᠰᠠᠨᠠᠭᠤᠯᠵᠤ᠂ ᠲᠡᠯᠡᠬᠡᠢ ᠶᠢᠨ ᠡᠩᠬᠡ ᠲᠠᠶᠢᠪᠤᠩ ᠢ ᠨᠡᠩ ᠰᠠᠶᠢᠳᠤᠷ ᠬᠠᠮᠠᠭᠠᠯᠠᠬᠤ ᠶᠢᠨ ᠲᠦᠯᠦᠬᠡ ᠶᠤᠮ᠃

ᠢᠷᠡᠯᠳᠡ᠄ ᠴᠢᠯᠦᠭᠡᠯᠡᠬᠦ ᠴᠡᠷᠢᠭ᠌ ᠤᠨ ᠰᠤᠨᠢᠨ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
关闭
010070230030000000000000011100001121683442