蒙古文网站Logo
ᠰᠢᠨᠬᠤᠸᠠ ᠮᠤᠩᠭ᠋ᠤᠯ ᠨᠧᠲ

ᠢᠦᠢ ᠵᠧᠩ ᠱᠧᠩ ᠪᠦᠬᠦ ᠤᠯᠤᠰ ᠤᠨ ᠤᠯᠤᠰ ᠲᠦᠷᠦ ᠶᠢᠨ ᠵᠦᠪᠯᠯᠡᠭᠡᠨ ᠤ ᠬᠤᠤᠰ ᠭᠠᠷᠠᠭ ᠤᠨ ᠵᠦᠪᠯᠯᠡᠭᠡᠨ ᠤ ᠬᠤᠷᠠᠯ ᠢ ᠡᠷᠬᠢᠯᠡᠪᠡ

2017-09-22 11:15

    ᠰᠢᠨᠬᠤᠧᠠ ᠬᠤᠷᠢᠶ᠎ᠠ   ᠪᠡᠭᠡᠵᠢᠩ ᠤᠨ 9 ᠰᠠᠷ᠎ᠠ ᠶᠢᠨ 21 ᠤ ᠡᠲᠦᠷ ᠤᠨ ᠴᠠᠬᠢᠯᠭᠠᠨ ᠮᠡᠲᠡᠭᠡ 21 ᠤ ᠡᠲᠦᠷ᠂ ᠪᠦᠬᠦ ᠤᠯᠤᠰ ᠤᠨ ᠤᠯᠤᠰ ᠲᠦᠷᠦ ᠶᠢᠨ ᠵᠦᠪᠯᠯᠡᠭᠡᠨ ᠪᠡᠭᠡᠵᠢᠩ ᠳ᠋ᠤ 74 ᠤᠲᠠᠭᠠᠨ ᠤ ᠬᠤᠤᠰ ᠭᠠᠷᠠᠭ ᠤᠨ ᠵᠦᠪᠯᠯᠡᠭᠡᠨ ᠤ ᠬᠤᠷᠠᠯ ᠬᠤᠷᠠᠯᠲᠤᠭᠤᠯᠵᠤ《 ᠴᠢᠭᠡᠴᠢ ᠠᠷᠢᠭᠤᠨ ᠢᠨᠲ᠋ᠧᠷᠨᠧᠲ ᠤᠨ ᠤᠷᠴᠢᠨ ᠢ ᠪᠤᠢ ᠪᠤᠯᠭᠠᠬᠤ》ᠰᠡᠳᠦᠪ ᠤᠨ ᠲᠤᠭᠤᠷᠢᠨ ᠳ᠋ᠤ ᠰᠠᠨᠠᠯ ᠪᠤᠲᠤᠯ ᠢᠶᠡᠨ ᠶᠠᠷᠢᠯᠴᠠᠪᠠ᠃ ᠪᠦᠬᠦ ᠤᠯᠤᠰ ᠤᠨ ᠤᠯᠤᠰ ᠲᠦᠷᠦ ᠶᠢᠨ ᠵᠦᠪᠯᠯᠡᠭᠡᠨ ᠤ ᠲᠡᠷᠢᠬᠦᠯᠡᠭᠴᠢ ᠢᠦᠢ ᠵᠧᠩ ᠱᠧᠩ ᠬᠤᠷᠠᠯ ᠢ ᠡᠷᠬᠢᠯᠡᠨ ᠦᠭᠡ ᠶᠠᠷᠢᠪᠠ᠃

    ( ᠵᠢᠷᠤᠭ ᠢ ᠰᠢᠨᠬᠤᠧᠠ ᠬᠤᠷᠢᠶ᠎ᠠ ᠶᠢᠨ ᠰᠤᠷᠪᠤᠯᠵᠢᠯᠠᠭᠴᠢ ᠵᠧᠦ ᠶᠠᠨ )

    ᠭᠡᠰᠢᠬᠦᠳ ᠤᠨ ᠦᠵᠡᠬᠦ ᠪᠡᠷ ᠨᠠᠮ ᠤᠨ ᠠᠷᠪᠠᠨ ᠨᠠᠶ᠋ᠮᠠᠲᠤᠭᠠᠷ ᠤᠲᠠᠭᠠᠨ ᠤ ᠶᠡᠬᠡ ᠬᠤᠷᠠᠯ ᠡᠴᠡ ᠨᠠᠰᠢ᠂ ᠰᠢ ᠵᠢᠨ ᠫᠢᠩ ᠨᠦᠬᠦᠷ ᠢᠶᠡᠷ ᠭᠤᠤᠯ ᠪᠤᠯᠭᠠᠭᠰᠠᠨ ᠨᠠᠮ ᠤᠨ ᠲᠦᠪ ᠬᠤᠷᠢᠶ᠎ᠠ ᠢᠨᠲ᠋ᠧᠷᠨᠧᠲ ᠤᠨ ᠠᠮᠤᠷ ᠲᠦᠪᠰᠢᠨ ᠪᠠ ᠮᠡᠲᠡᠭᠡ ᠵᠠᠩᠬᠢᠴᠢᠯᠠᠯᠲᠠ ᠶᠢᠨ ᠠᠵᠢᠯ ᠢ ᠲᠡᠭᠡᠳᠦ ᠬᠡᠮᠵᠢᠶ᠎ᠠ ᠪᠡᠷ ᠴᠢᠬᠤᠯᠠᠴᠢᠯᠠᠨ ᠦᠵᠡᠵᠦ ᠬᠦᠨᠳᠦ ᠴᠢᠬᠤᠯᠠ ᠴᠤᠪᠤᠷᠠᠯ ᠰᠢᠢᠳᠪᠦᠷᠢ ᠪᠠᠶᠢᠷᠢᠯᠠᠭᠤᠯᠵᠤ᠂ ᠮᠠᠨ ᠤ ᠤᠯᠤᠰ ᠤᠨ ᠢᠲ᠋ᠧᠷᠨᠧᠲ ᠤᠨ ᠠᠮᠤᠷ ᠲᠦᠪᠰᠢᠨ ᠮᠡᠲᠡᠭᠡ ᠵᠠᠩᠬᠢᠴᠢᠯᠠᠯᠲᠠ ᠶᠢᠨ ᠠᠵᠢᠯ ᠢ ᠵᠢᠯᠤᠭᠤᠲᠤᠨ ᠬᠦᠨᠳᠦ ᠴᠢᠬᠤᠯᠠ ᠠᠮᠵᠢᠯᠲᠠ ᠤᠯᠪᠠ᠃ ᠤᠲᠤᠬᠠᠨ ᠳ᠋ᠤ ᠢᠨᠲ᠋ᠧᠷᠨᠧᠲ ᠨᠢ ᠤᠯᠠᠨ ᠲᠦᠮᠡᠨ ᠤ ᠦᠢᠯᠡᠳᠪᠦᠷᠢᠯᠡᠯ ᠠᠮᠢᠲᠤᠷᠠᠯ ᠤᠨ ᠰᠠᠯᠵᠤ ᠪᠤᠯᠤᠰᠢ ᠦᠭᠡᠢ ᠨᠢᠭᠡ ᠬᠡᠰᠡᠭ ᠪᠤᠯᠵᠤ ᠡᠳ᠋ ᠤᠨ ᠵᠠᠰᠠᠭ ᠨᠡᠶᠢᠭᠡᠮ ᠤᠨ ᠬᠦᠭ᠍ᠵᠢᠯᠲᠠ ᠶᠢᠨ ᠴᠢᠬᠤᠯᠠ ᠬᠦᠲᠡᠯᠭᠡᠭ᠍ᠴᠢ ᠬᠦᠴᠣᠨ᠂ ᠨᠠᠮ ᠵᠠᠰᠠᠭ ᠤᠨ ᠤᠯᠠᠨ ᠲᠦᠮᠡᠨ ᠲᠠᠢ ᠬᠠᠷᠢᠯᠴᠠᠬᠤ ᠴᠢᠬᠤᠯᠠ ᠭᠦᠦᠷ᠂ ᠵᠦᠪ ᠡᠨᠧᠷᠬᠢ ᠤᠯᠠᠮᠵᠢᠯᠠᠵᠤ ᠬᠦᠮᠦᠰ ᠤᠨ ᠰᠡᠳᠬᠢᠯ ᠢ ᠨᠢᠬᠲᠠᠷᠠᠭᠤᠯᠬᠤ ᠴᠢᠬᠤᠯᠠ ᠠᠴᠢᠶᠠᠯᠠᠭᠴᠢ ᠪᠤᠯᠪᠠ᠃ ᠨᠡᠶᠢᠭᠡᠮ ᠳ᠋ᠤ ᠬᠠᠷᠢᠭᠤᠴᠠᠬᠤ᠂ ᠠᠷᠠᠳ ᠲᠦᠮᠡᠨ ᠳ᠋ᠤ ᠬᠠᠷᠢᠭᠤᠴᠠᠬᠤ ᠤᠪᠤᠷ ᠢᠶᠡᠷ ᠢᠨᠲ᠋ᠧᠷᠨᠧᠲ ᠤᠨ ᠤᠷᠴᠢᠨ ᠢ ᠬᠠᠦᠯᠢ ᠶᠤᠰᠤᠭᠠᠷ ᠵᠠᠰᠠᠵᠤ᠂ ᠨᠡᠶᠢᠭᠡᠮ ᠵᠢᠷᠦᠮ ᠤᠨ ᠭᠤᠤᠯᠯᠠᠭᠴᠢ ᠦᠷᠲᠡᠭ ᠤᠨ ᠦᠵᠡᠯᠲᠡ ᠪᠠ ᠬᠦᠮᠦᠨ ᠲᠦᠷᠦᠯᠬᠢᠲᠡᠨ ᠤ ᠪᠤᠯᠪᠠᠰᠤᠨ ᠰᠤᠶᠤᠯ ᠤᠨ ᠦᠷ᠎ᠡ ᠪᠦᠲᠦᠭᠡᠯ ᠢᠶᠡᠷ ᠬᠦᠮᠦᠰ ᠤᠨ ᠰᠡᠳᠬᠢᠯ ᠢ ᠤᠮᠲᠠᠯᠠᠵᠤ᠂ ᠨᠡᠶᠢᠭᠡᠮ ᠢ ᠤᠮᠲᠠᠯᠠᠨ᠂ ᠵᠦᠪ ᠡᠨᠧᠷᠬᠢ ᠪᠢᠯᠬᠠᠮ᠎ᠠ᠂ ᠭᠤᠤᠯ ᠬᠦᠭ᠌ ᠠᠶᠠᠰ ᠢ ᠴᠢᠪᠬᠠᠲᠠᠨ᠂ ᠨᠧᠲ ᠠᠰᠢᠭᠯᠠᠭᠴᠢᠳ ᠤᠨᠴᠠᠭᠠᠶᠢᠯᠠᠨ ᠵᠠᠯᠠᠭᠤᠴᠤᠳ ᠪᠠᠭᠠᠴᠤᠳ ᠲᠤ ᠴᠢᠭᠡᠴᠢ ᠠᠷᠢᠭᠤᠨ ᠢᠨᠲ᠋ᠧᠷᠨᠧᠲ ᠤᠷᠴᠢᠨ ᠢ ᠪᠤᠢ ᠪᠤᠯᠭᠠᠨ᠎ᠡ ᠭᠡᠵᠡᠢ᠃

    ᠪᠦᠬᠦ ᠤᠯᠤᠰ ᠤᠨ ᠤᠯᠤᠰ ᠲᠦᠷᠦ ᠶᠢᠨ ᠵᠦᠪᠯᠯᠡᠭᠡᠨ ᠤ ᠲᠡᠳ᠋ ᠲᠡᠷᠢᠬᠦᠯᠡᠭᠴᠢ ᠵᠠᠩ ᠴᠢᠩ ᠯᠢ᠂ ᠯᠢ ᠬᠠᠢ ᠹᠧᠩ᠂ ᠯᠦ ᠵᠠᠨ ᠭᠦᠩ᠂ ᠴᠧᠨ ᠰᠢᠶᠤᠤ ᠭᠤᠧᠠᠩ ᠬᠤᠷᠠᠯ ᠳ᠋ᠤ ᠤᠷᠤᠯᠴᠠᠪᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
关闭
010070230030000000000000011120791121707547