ᠯᠢ ᠺᠧ ᠴᠢᠶᠠᠩ ᠭᠤᠷᠪᠠᠳᠤᠭᠠᠷ ᠬᠤᠭᠤᠴᠠᠭᠠᠨ ᠤ ᠳᠤᠮᠳᠠᠳᠤ ᠤᠯᠤᠰ — ᠳᠤᠮᠳᠠ ᠵᠡᠬᠦᠨ ᠡᠧᠦ᠋ᠷᠤᠫᠠ ᠶᠢᠨ ᠤᠯᠤᠰ ᠤᠳ ᠤᠨ ᠰᠤᠶᠤᠯ ᠤᠨ ᠬᠠᠮᠳᠤᠷᠠᠯᠴᠠᠭᠠᠨ ᠤ ᠰᠠᠶᠢᠳ ᠨᠠᠷ ᠤᠨ ᠹᠤᠷᠦ᠋ᠮ ᠳᠤ ᠪᠠᠶᠠᠷ ᠤᠨ ᠵᠠᠬᠢᠶ᠎ᠠ ᠢᠯᠡᠭᠡᠪᠡ 2017-09-23 13:46

    ᠰᠢᠨᠬᠤᠧᠠ ᠬᠤᠷᠢᠶ᠎ᠠ  ᠬᠠᠩᠵᠧᠦ ᠶᠢᠨ 9 ᠰᠠᠷ᠎ᠠ ᠶᠢᠨ 22 ᠤᠨ ᠡᠳᠦᠷ ᠤᠨ ᠴᠠᠬᠢᠯᠭᠠᠨ ᠮᠡᠳᠡᠭᠡ ᠲᠦᠷᠦ ᠶᠢᠨ ᠶᠠᠪᠤᠳᠠᠯ ᠤᠨ ᠬᠤᠷᠢᠶᠠᠨ ᠤ ᠶᠡᠷᠦᠩᠬᠡᠶ ᠰᠠᠶᠢᠳ ᠯᠢ ᠺᠧ ᠴᠢᠶᠠᠩ 22 ᠤᠨ ᠡᠳᠦᠷ ᠬᠠᠩᠵᠧᠦ ᠳᠤ ᠶᠠᠪᠤᠭᠳᠠᠭᠰᠠᠨ ᠭᠤᠷᠪᠠᠳᠤᠭᠠᠷ ᠬᠤᠭᠤᠴᠠᠭᠠᠨ ᠤ ᠳᠤᠮᠳᠠᠳᠤ ᠤᠯᠤᠰ — ᠳᠤᠮᠳᠠ ᠵᠡᠬᠦᠨ ᠡᠧᠦ᠋ᠷᠤᠫᠠ ᠶᠢᠨ ᠤᠯᠤᠰ ᠤᠳ ᠤᠨ ᠰᠤᠶᠤᠯ ᠤᠨ ᠬᠠᠮᠳᠤᠷᠠᠯᠴᠠᠭᠠᠨ ᠤ ᠰᠠᠶᠢᠳ ᠨᠠᠷ ᠤᠨ ᠹᠤᠷᠦ᠋ᠮ  ᠳᠤ ᠪᠠᠶᠠᠷ ᠤᠨ ᠵᠠᠬᠢᠶ᠎ᠠ ᠢᠯᠡᠭᠡᠪᠡ᠃

    ᠯᠢ ᠺᠧ ᠴᠢᠶᠠᠩ ᠪᠠᠶᠠᠷ ᠤᠨ ᠵᠠᠬᠢᠶᠠᠨ ᠳᠠᠭᠠᠨ᠂ ᠳᠤᠮᠳᠠᠳᠤ ᠤᠯᠤᠰ — ᠳᠤᠮᠳᠠ ᠵᠡᠬᠦᠨ ᠡᠧᠦ᠋ᠷᠤᠫᠠ ᠶᠢᠨ ᠤᠯᠤᠰ ᠤᠳ ᠤᠨ ᠬᠠᠮᠳᠤᠷᠠᠯᠴᠠᠭ᠎ᠠ ᠦᠷᠨᠢᠬᠦᠯᠦᠭᠰᠡᠨ 5 ᠵᠢᠯ ᠤᠨ ᠲᠤᠷᠰᠢ ᠤᠯᠤᠭᠰᠠᠨ ᠡᠯᠪᠡᠭ᠌ ᠳᠡᠯᠪᠡᠭ᠌ ᠠᠮᠵᠢᠯᠲᠠ ᠪᠦᠲᠦᠮᠵᠢ ᠨᠢ ᠡᠯ᠎ᠠ ᠤᠯᠤᠰ ᠤᠨ ᠢᠷᠭᠡᠳ ᠲᠤ ᠠᠰᠢᠭ ᠲᠤᠰᠡ ᠠᠪᠴᠢᠷᠠᠬᠰᠠᠨ ᠶᠤᠮ᠃ ᠡᠨᠡ ᠨᠢ ᠡᠯ᠎ᠠ ᠤᠯᠤᠰ ᠤᠨ ᠬᠦᠨ ᠵᠤᠵᠠᠭᠠᠨ ᠨᠦᠬᠦᠷᠯᠠᠯ ᠳᠤ ᠰᠠᠭᠤᠷᠢᠯᠠᠬᠰᠠᠨ ᠪᠦᠬᠡᠳ ᠴᠦᠮ ᠨᠡᠬᠡᠬᠡᠯᠲᠠᠢ ᠪᠠᠭᠳᠠᠭᠠᠮᠵᠢᠳᠠᠢ ᠰᠡᠳᠬᠢᠯᠬᠡ ᠪᠠᠷ ᠰᠤᠶᠤᠯ ᠪᠠ ᠪᠤᠯᠪᠠᠰᠤᠨ ᠢ ᠬᠠᠷᠢᠯᠴᠠᠨ ᠠᠭᠤᠰᠴᠠᠭᠤᠯᠵᠤ ᠬᠠᠮᠤᠷᠴᠤ ᠪᠠᠭᠳᠠᠭᠠᠬᠤ ᠶᠢᠨ ᠵᠡᠷᠭᠡᠴᠡᠭᠡ ᠴᠦᠮ ᠬᠠᠷᠢᠯᠴᠠᠨ ᠠᠰᠢᠬᠳᠠᠢ ᠬᠠᠮᠳᠤᠪᠡᠷ ᠠᠰᠢᠬ ᠬᠦᠷᠳᠡᠬᠦ ᠵᠤᠷᠢᠬ ᠰᠠᠨᠠᠭ᠎ᠠ ᠪᠠᠷ ᠬᠠᠮᠳᠤ ᠶᠢᠨ ᠴᠡᠴᠡᠭᠯᠠᠯ ᠬᠦᠭ᠍ᠵᠢᠯᠲᠠ ᠶᠢ ᠪᠡᠶᠡᠯᠡᠬᠦᠯᠦᠭᠰᠡᠨ ᠳᠤ ᠪᠠᠶᠢᠨ᠎ᠠ᠃ 《16+1 ᠬᠠᠮᠳᠤᠷᠠᠯᠴᠠᠭ᠎ᠠ》 ᠲᠠᠰᠤᠷᠠᠯᠲᠠ ᠦᠬᠡᠢ ᠬᠦᠨᠵᠡᠬᠡᠶᠢᠷᠡᠭᠰᠠᠨ ᠨᠢ ᠮᠦᠨ ᠳᠤᠮᠳᠠᠳᠤ ᠡᠧᠦ᠋ᠷᠤᠫᠠ ᠶᠢᠨ ᠬᠠᠷᠢᠯᠴᠠᠭᠠᠨ ᠤ ᠨᠡᠩ ᠪᠦᠬᠦ ᠲᠠᠯ᠎ᠠ ᠶᠢᠨ ᠬᠦᠨᠵᠡᠬᠡᠢ ᠬᠦᠭ᠍ᠵᠢᠯᠲᠠ ᠶᠢ ᠠᠬᠢᠭᠤᠯᠤᠭᠰᠠᠨ ᠪᠠᠶᠢᠨ᠎ᠠ ᠬᠡᠵᠤ ᠢᠯᠡᠳᠭᠡᠪᠡ᠃

    ᠯᠢ ᠺᠧ ᠴᠢᠶᠠᠩ᠂ ᠹᠤᠷᠦ᠋ᠮ ᠨᠢ 《ᠰᠤᠶᠤᠯ • ᠰᠤᠯᠢᠯᠴᠠᠭ᠎ᠠ • ᠬᠠᠮᠳᠤᠷᠠᠯᠴᠠᠭ᠎ᠠ • ᠬᠠᠮᠳᠤᠪᠡᠷ ᠡᠳ᠋ᠯᠡᠬᠦ》ᠭᠤᠤᠯ ᠰᠡᠳᠤᠪ ᠤᠨ ᠲᠤᠭᠤᠷᠢᠨ ᠳᠤ ᠬᠦᠨᠵᠡᠬᠡᠢ ᠰᠤᠳᠤᠯᠤᠨ ᠶᠠᠷᠢᠯᠴᠠᠵᠤ᠂ ᠤᠯᠠᠨ ᠤ ᠰᠠᠨᠠᠯ ᠢ ᠰᠤᠨᠤᠰᠴᠤ᠂ ᠬᠠᠷᠢᠯᠴᠠᠨ ᠰᠡᠩᠬᠡᠷᠡᠬᠦᠯᠵᠤ᠂ ᠬᠠᠮᠳᠤ ᠶᠢᠨ ᠲᠠᠨᠢᠯᠳᠠ ᠲᠠᠢ ᠪᠤᠯᠵᠤ᠂ ᠰᠤᠶᠤᠯ ᠤᠨ ᠰᠤᠯᠢᠯᠴᠠᠭᠠᠨ ᠤ ᠰᠢᠨ᠎ᠠ ᠠᠷᠭ᠎ᠠ᠂ ᠰᠢᠨ᠎ᠠ ᠵᠠᠬᠪᠤᠷ᠂ ᠰᠢᠨ᠎ᠠ ᠲᠠᠪᠴᠠᠩ ᠢ ᠰᠦᠪᠡᠭ᠍ᠴᠢᠯᠠᠨ ᠲᠡᠬᠦᠯᠳᠡᠷᠵᠢᠬᠦᠯᠵᠤ᠂ ᠰᠤᠯᠢᠯᠴᠠᠭᠠᠨ ᠤ ᠲᠦᠪᠰᠢᠨ ᠢᠶᠠᠨ ᠲᠡᠭᠡᠭ᠍ᠰᠢᠯᠡᠬᠦᠯᠵᠤ᠂ ᠬᠠᠮᠳᠤᠷᠠᠯᠴᠠᠭᠠᠨ ᠤ ᠠᠭᠤᠯᠤᠬᠳᠠᠬᠤᠨ ᠢᠶᠠᠨ ᠪᠠᠶᠠᠯᠢᠬᠵᠢᠭᠤᠯᠬᠤ ᠶᠢᠨ ᠵᠡᠷᠭᠡᠴᠡᠭᠡ ᠡᠬᠦᠨ ᠢᠶᠠᠷ ᠭᠠᠷᠤᠭ᠎ᠠ ᠪᠤᠯᠭᠠᠨ᠂ ᠬᠠᠷᠢᠯᠴᠠᠭ᠎ᠠ ᠪᠠᠨ ᠦᠷᠬᠡᠳᠬᠡᠵᠤ᠂ ᠨᠦᠬᠦᠷᠯᠠᠯ ᠢᠶᠠᠨ ᠵᠤᠵᠠᠭᠠᠳᠬᠠᠬᠤ ᠪᠡᠷ ᠳᠠᠮᠵᠢᠨ 《16+1 ᠬᠠᠮᠳᠤᠷᠠᠯᠴᠠᠭ᠎ᠠ》 ᠪᠤᠯᠤᠨ ᠳᠤᠮᠳᠠᠳᠤ ᠡᠧᠦ᠋ᠷᠤᠫᠠ ᠶᠢᠨ ᠬᠠᠷᠢᠯᠴᠠᠭᠠᠨ ᠤ ᠬᠦᠭ᠍ᠵᠢᠯᠳᠠ ᠳᠤ ᠠᠮᠢᠯᠠᠯ ᠤᠨ ᠬᠦᠴᠤᠨ ᠪᠤᠯᠤᠨ ᠡᠷᠴᠢ ᠬᠦᠴᠤᠨ ᠨᠡᠮᠡᠷᠢᠯᠡᠬᠦ ᠪᠤᠯᠳᠤᠭᠠᠢ ᠭᠡᠵᠤ ᠬᠦᠰᠡᠪᠠ᠃

    ᠳᠤᠮᠳᠠᠳᠤ ᠤᠯᠤᠰ — ᠳᠤᠮᠳᠠ ᠵᠡᠬᠦᠨ ᠡᠸᠦ᠋ᠷᠤᠫᠠ ᠶᠢᠨ ᠤᠯᠤᠰ ᠤᠳ ᠤᠨ ᠰᠤᠶᠤᠯ ᠤᠨ ᠬᠠᠮᠳᠤᠷᠠᠯᠴᠠᠭᠠᠨ ᠤ ᠰᠠᠶᠢᠳ ᠨᠠᠷ ᠤᠨ ᠹᠤᠷᠦ᠋ᠮ ᠢ ᠬᠤᠶᠠᠷ ᠵᠢᠯ ᠳᠤ ᠨᠢᠬᠡ ᠬᠤᠭᠤᠴᠠᠭ᠎ᠠ ᠵᠤᠬᠢᠶᠠᠨ ᠪᠠᠶᠢᠭᠤᠯᠤᠨ᠎ᠠ᠂ ᠲᠤᠰ ᠬᠤᠭᠤᠴᠠᠭᠠᠨ ᠤ ᠹᠤᠷᠦ᠋ᠮ ᠢ ᠰᠤᠶᠤᠯ ᠤᠨ ᠶᠠᠮᠤᠨ ᠪᠤᠯᠤᠨ ᠵᠧᠵᠢᠶᠠᠩ ᠮᠤᠵᠢ ᠶᠢᠨ ᠠᠷᠠᠳ ᠤᠨ ᠵᠠᠰᠠᠬ ᠤᠨ ᠤᠷᠳᠤᠨ ᠠᠴᠠ ᠰᠠᠨᠠᠭᠠᠴᠢᠯᠠᠪᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
010070230030000000000000011100001121712554