ᠰᠢ ᠵᠢᠨ ᠫᠢᠩ ᠪᠤᠯᠵᠤᠭ᠎ᠠ ᠪᠡᠷ ᠠᠩᠭ᠍ᠯᠢ ᠵᠢᠨ ᠲᠡᠷᠢᠬᠦᠨ ᠰᠠᠢᠢᠳ ᠲᠧᠯᠧᠢᠢᠱᠠ•ᠮᠧᠢ ᠲᠠᠢ ᠤᠳᠠᠰᠤ ᠪᠡᠷ ᠶᠠᠷᠢᠯᠴᠠᠪᠡ 2017-09-26 11:49

    ᠰᠢᠨᠬᠤᠧᠠ ᠬᠤᠷᠢᠶ᠎ᠠ   ᠪᠡᠭᠡᠵᠢᠩ ᠤᠨ 9 ᠰᠠᠷ᠎ᠠ ᠶᠢᠨ 25 ᠤ ᠡᠳᠦᠷ ᠤᠨ ᠴᠠᠬᠢᠯᠭᠠᠨ ᠮᠡᠳᠡᠭᠡ   25 ᠤ ᠡᠳᠦᠷ᠂ ᠤᠯᠤᠰ ᠤᠨ ᠲᠡᠷ᠋ᠢᠬᠦᠯᠡᠭᠴᠢ ᠰᠢ ᠵᠢᠨ ᠫᠢᠩ ᠪᠤᠯᠵᠤᠭ᠎ᠠ ᠪᠡᠷ ᠠᠩᠭ᠍ᠯᠢ ᠵᠢᠨ ᠲᠡᠷ᠋ᠢᠬᠦᠨ ᠰᠠᠢᠢᠳ ᠲᠧᠯᠧᠢᠢᠱᠠ•ᠮᠧᠢ ᠲᠠᠢ ᠤᠳᠠᠰᠤ ᠪᠡᠷ ᠶ᠍ᠠᠷ᠋ᠢᠯᠴᠠᠵᠠᠢ᠃

    ᠰᠢ ᠵᠢᠨ ᠫᠢᠩ᠂ ᠪᠢ ᠲᠡᠷ᠋ᠢᠬᠦᠨ ᠰᠠᠢᠢᠳ ᠠᠪᠠᠬᠠᠢ ᠲᠠᠢ ᠬᠤᠷ᠋ᠢᠨ ᠤᠯᠤᠰ ᠤᠨ ᠪᠦᠯᠦᠭᠯᠡᠯ ᠤᠨ ᠤᠳᠤᠷ᠋ᠢᠳᠬᠤ ᠬᠦᠮᠦᠰ ᠤᠨ ᠬᠠᠮᠪᠦ᠋ᠷ᠋ᠡᠭ ᠤᠨ ᠲᠦᠷ᠋ᠦᠬᠦᠴᠤᠳ ᠤᠨ ᠬᠤᠷ᠋ᠠᠯ ᠤᠨ ᠬᠤᠭᠤᠴᠠᠭᠠᠨ ᠳ᠋ᠦ ᠠᠭᠤᠯᠵᠠᠬᠤ ᠳ᠋ᠠᠭᠠᠨ᠂ ᠳᠤᠮᠳᠠᠳᠤ ᠠᠩᠭ᠍ᠯᠢ ᠵᠢᠨ 21 ᠳ᠋ᠤᠭᠡᠷ ᠵᠠᠭᠤᠨ ᠳ᠋ᠦ ᠬᠠᠨᠳᠤᠭᠤᠯᠤᠭᠰᠠᠨ ᠪᠦᠬᠦ ᠪᠦᠮᠪᠦᠷ᠋ᠴᠡᠭ ᠤᠨ ᠴᠢᠨᠠᠷ᠋ᠳᠠᠢ ᠪᠦᠬᠦ ᠲᠠᠯ᠎ᠠ ᠵᠢᠨ ᠪᠠᠢᠢᠯᠳᠤᠬᠤ ᠪᠤᠳᠤᠯᠭ᠎ᠠ ᠵᠢᠨ ᠳᠦᠩᠰᠢᠯᠡᠯ ᠤᠨ ᠬᠠᠷᠢᠯᠴᠠᠭ᠎ᠠ ᠶᠢ ᠪᠠᠢᠢᠭᠤᠯᠵᠦ᠂ ᠬᠤᠶᠠᠷ ᠤᠯᠤᠰ ᠤᠨ ᠬᠠᠷ᠋ᠢᠯᠴᠠᠭᠠᠨ ᠤ《ᠰᠢᠵᠢᠷ ᠠᠯᠳᠠᠨ ᠴᠠᠭ ᠦᠶ᠎ᠠ》ᠵᠢ ᠦᠷ᠋ᠬᠦᠯᠵᠢᠯᠡᠨ ᠴᠤᠬᠴᠠᠯᠠᠬᠤ ᠪᠡᠷ ᠰᠠᠨᠠᠯ ᠨᠢᠭᠡᠳᠠᠢ ᠵᠦᠪᠰᠢᠶᠡᠷ᠋ᠡᠪᠡ᠃ ᠡᠨᠡ ᠵᠢᠯ ᠪᠤᠯ ᠳᠤᠮᠳᠠᠳᠤ ᠠᠩᠭ᠍ᠯᠢ ᠵᠢᠨ ᠡᠯᠴᠢᠨ ᠰᠠᠢᠢᠳ ᠤᠨ ᠲᠡᠰ ᠤᠨ ᠭᠠᠳᠠᠭᠠᠳᠦ ᠬᠠᠷ᠋ᠢᠯᠴᠠᠭ᠎ᠠ ᠪᠠᠢᠢᠭᠤᠯᠤᠭᠰᠠᠨ 45 ᠵᠢᠯ ᠤᠨ ᠤᠢ ᠪᠤᠯᠤᠨ᠎ᠠ᠂ ᠬᠤᠶᠠᠷ ᠲᠠᠯ᠎ᠠ ᠪᠡᠷ ᠵᠢᠡᠨ ᠳᠡᠭᠡᠳᠦ ᠳᠠᠪᠬᠤᠷ᠋ᠭ᠎ᠠ ᠵᠢᠨ ᠬᠠᠷᠢᠯᠴᠠᠭ᠎ᠠ ᠪᠡᠨ ᠪᠠᠳᠤᠯᠠᠵᠦ᠂ ᠪᠦᠬᠦ ᠰᠠᠯᠪᠤᠷᠢ ᠳ᠋ᠠᠬᠢ ᠲᠤᠭᠳᠠᠴᠠ ᠵᠢᠨ ᠴᠢᠨᠠᠷ᠋ᠳᠠᠢ ᠶ᠍ᠠᠷ᠋ᠢᠯᠴᠠᠭ᠎ᠠ ᠵᠢ ᠠᠬᠢᠭᠤᠯᠤᠶ᠎ᠠ; ᠳᠤᠮᠳᠠᠳᠤ ᠠᠩᠭ᠍ᠯᠢ ᠵᠢᠨ ᠡᠳ᠋ ᠤᠨ ᠵᠠᠰᠠᠭ ᠬᠤᠳᠠᠯᠳᠤᠭ᠎ᠠ ᠪᠠ ᠰᠤᠶᠤᠯ ᠢᠷ᠋ᠭᠡᠨᠰᠢᠯ ᠤᠨ ᠬᠠᠷᠢᠯᠴᠠᠭ᠎ᠠ ᠬᠠᠮᠳᠤ ᠶᠢᠨ ᠠᠵᠢᠯᠯᠠᠭᠠᠨ ᠤ ᠡᠷ᠋ᠴᠢᠮᠳᠠᠢ ᠪᠠᠢᠢᠳᠠᠯ ᠢ ᠪᠠᠳᠤᠯᠠᠵᠦ᠂ ᠬᠤᠶᠠᠷ ᠤᠯᠤᠰ ᠤᠨ《ᠨᠢᠭᠡ ᠪᠦᠰᠡ ᠨᠢᠭᠡ ᠵᠠᠮ》 ᠤᠨ ᠪᠦᠳᠦᠬᠦᠪᠴᠢ ᠵᠠᠬᠪᠤᠷ ᠤᠨ ᠳᠤᠳᠤᠷ᠋ᠠᠬᠢ ᠬᠦᠭᠵᠢᠯᠳᠠ ᠵᠢᠨ ᠪᠠᠢᠢᠯᠳᠤᠬᠤ ᠪᠤᠳᠤᠯᠭ᠎ᠠ ᠵᠢᠨ ᠵᠤᠯᠭᠠᠯᠴᠠᠭ᠎ᠠ ᠵᠢ ᠬᠦᠨᠵᠡᠭᠡᠢᠢᠷ᠋ᠡᠬᠦᠯᠦᠶ᠎ᠠ; ᠳᠡᠯᠡᠭᠡᠢ ᠵᠢᠨ ᠡᠩᠭᠡ ᠲᠠᠢᠢᠪᠤᠩ ᠪᠤᠯᠤᠨ ᠬᠦᠭᠵᠢᠯᠳᠠ ᠵᠢ ᠬᠠᠮᠠᠭᠠᠯᠠᠬᠤ ᠲᠠᠯ᠎ᠠ ᠵᠢᠨ ᠵᠤᠬᠢᠴᠠᠭᠤᠯᠭ᠎ᠠ ᠪᠡᠨ ᠴᠢᠩᠭᠠᠳᠬᠠᠶ᠎ᠠ᠃ ᠴᠡᠴᠡᠭᠯᠡᠨ ᠬᠦᠭᠵᠢᠭᠰᠡᠨ᠂ ᠲᠤᠭᠳᠠᠭᠤᠨ᠂ ᠨᠡᠭᠡᠭᠡᠯᠳᠡᠳᠠᠢ ᠠᠩᠭ᠍ᠯᠢ ᠤᠯᠤᠰ ᠪᠠ ᠡᠸ᠋ᠦ᠋ᠷ᠋ᠦᠫᠠ ᠲᠢᠪ ᠤᠨ ᠤᠯᠤᠰ ᠤᠳ ᠤᠨ ᠬᠤᠯᠪᠤᠭ᠎ᠠ ᠨᠢ ᠡᠯ᠎ᠠ ᠲᠠᠯ᠎ᠠ ᠵᠢᠨ ᠠᠰᠢᠬ ᠲᠤᠰᠠ ᠳ᠋ᠦ ᠨᠡᠢᠢᠴᠡᠨ᠎ᠠ᠂ ᠳᠤᠮᠳᠠᠳᠤ ᠤᠯᠤᠰ ᠤᠨ ᠬᠢᠨ ᠳᠤᠷ᠋ᠠᠳᠠᠶ᠎ᠠ ᠳᠤᠮᠳᠠᠳᠤ ᠠᠩᠭ᠍ᠯᠢ᠂ ᠳᠤᠮᠳᠠᠳᠤ ᠤᠯᠤᠰ ᠪᠠ ᠡᠸᠦ᠋ᠷ᠋ᠦᠫᠠ ᠲᠢᠪ ᠤᠨ ᠤᠯᠤᠰ ᠤᠳ ᠤᠨ ᠬᠤᠯᠪᠤᠭ᠎ᠠ ᠵᠢᠨ ᠬᠠᠷ᠋ᠢᠯᠴᠠᠭ᠎ᠠ ᠵᠢ ᠦᠷ᠋ᠬᠦᠯᠵᠢᠯᠡᠨ ᠬᠦᠭᠵᠢᠬᠦᠯᠦᠨ᠎ᠠ ᠭᠡᠵᠦ ᠵᠢᠭᠠᠵᠦ ᠭᠠᠷ᠋ᠭᠠᠪᠠ᠃

    ᠲᠧᠯᠧᠢᠢᠱᠠ•ᠮᠧᠢ᠂ ᠠᠩᠭ᠍ᠯᠢ ᠵᠢᠨ ᠬᠢᠨ ᠳᠤᠮᠳᠠᠳᠤ ᠤᠯᠤᠰ ᠯᠤᠭ᠎ᠠ ᠵᠢᠨ ᠬᠠᠷ᠋ᠢᠯᠴᠠᠭ᠎ᠠ ᠪᠠᠨ ᠬᠦᠭᠵᠢᠬᠦᠯᠬᠦ ᠵᠢ ᠳᠡᠭᠡᠳᠦ ᠭᠡᠮᠵᠢᠶ᠎ᠠ ᠪᠡᠷ ᠴᠢᠬᠤᠯᠠᠴᠢᠯᠡᠵᠦ᠂ ᠬᠤᠶᠠᠷ ᠤᠯᠤᠰ ᠤᠨ ᠬᠠᠷ᠋ᠢᠯᠴᠠᠭᠠᠨ ᠤ《ᠰᠢᠵᠢᠷ ᠠᠯᠳᠠᠨ ᠴᠠᠭ ᠦᠶ᠎ᠠ》 ᠶᠢᠨ ᠶ᠍ᠡᠭᠡ ᠴᠢᠭᠯᠡᠯ ᠢ ᠪᠠᠷ᠋ᠢᠮᠳᠠᠯᠠᠵᠦ᠂ ᠳᠤᠷ᠋ᠠᠳᠠᠶ᠎ᠠ ᠳᠤᠮᠳᠠᠳᠤ ᠤᠯᠤᠰ ᠲᠠᠢ ᠬᠠᠮᠳᠤᠪᠡᠷ ᠬᠤᠶᠠᠷ ᠤᠯᠤᠰ ᠤᠨ ᠳᠡᠭᠡᠳᠦ ᠳᠠᠪᠬᠤᠷ᠋ᠭ᠎ᠠ ᠵᠢᠨ ᠬᠠᠷᠢᠯᠴᠠᠭ᠎ᠠ ᠶᠢ ᠨᠢᠬᠳᠠᠷ᠋ᠠᠭᠤᠯᠵᠦ᠂ ᠪᠠᠢᠢᠯᠳᠤᠬᠤ ᠪᠤᠳᠤᠯᠭ᠎ᠠ ᠵᠢᠨ ᠶ᠍ᠠᠷ᠋ᠢᠯᠴᠠᠭ᠎ᠠ ᠵᠢ ᠰᠠᠢᠢᠳᠤᠷ ᠠᠰᠢᠬᠯᠠᠵᠦ᠂ ᠡᠳ᠋ ᠤᠨ ᠵᠠᠰᠠᠭ ᠠᠷᠠᠯᠵᠢᠶ᠎ᠠ᠂ ᠠᠶᠤᠯᠬᠦᠢ᠂ ᠰᠤᠶᠤᠯ ᠢᠷ᠋ᠭᠡᠨᠰᠢᠯ ᠤᠨ ᠰᠠᠯᠪᠤᠷᠢ ᠳ᠋ᠡᠬᠢ ᠳᠦᠩᠰᠢᠯᠡᠯ ᠤᠨ ᠬᠠᠷᠢᠯᠴᠠᠭ᠎ᠠ ᠶᠢ ᠬᠦᠨᠵᠡᠭᠡᠢᠢᠷ᠋ᠡᠬᠦᠯᠵᠦ᠂ ᠡᠸᠦ᠋ᠷ᠋ᠦᠫᠠ ᠲᠢᠪ ᠤᠨ ᠤᠯᠤᠰ ᠤᠳ ᠤᠨ ᠬᠤᠯᠪᠤᠭ᠎ᠠ ᠪᠠ ᠳᠤᠮᠳᠠᠳᠤ ᠤᠯᠤᠰ ᠤᠨ ᠬᠠᠷ᠋ᠢᠯᠴᠠᠭᠠᠨ ᠤ ᠬᠦᠭᠵᠢᠯᠳᠠ ᠵᠢ ᠠᠬᠢᠭᠤᠯᠤᠨ᠎ᠠ ᠭᠡᠵᠦ ᠢᠯᠡᠳᠭᠡᠪᠡ᠃

    ᠬᠤᠶᠠᠷ ᠤᠯᠤᠰ ᠤᠨ ᠤᠲᠤᠷ᠋ᠢᠳᠬᠤ ᠬᠦᠮᠦᠨ ᠰᠤᠯᠤᠩᠭᠤᠰ ᠬᠤᠢᠢᠭ ᠤᠨ ᠪᠠᠢᠢᠲᠠᠯ ᠤᠨ ᠲᠤᠬᠠᠢ ᠦᠵᠡᠯᠲᠡ ᠪᠠᠠ ᠰᠤᠯᠢᠯᠴᠠᠵᠠᠢ᠃ ᠰᠢ ᠵᠢᠨ ᠫᠢᠩ᠂ ᠲᠤᠮᠲᠠᠲᠤ ᠤᠯᠤᠰ ᠤᠨ ᠬᠢᠨ ᠰᠤᠯᠤᠩᠭᠤᠰ ᠬᠤᠢᠢᠭ ᠲᠦ ᠴᠦᠮ᠎ᠠ ᠶᠢᠨ ᠵᠡᠪᠰᠡᠭ ᠦᠭᠡᠢ ᠪᠤᠯᠭᠠᠬᠤ ᠬᠠᠷ᠋ᠠᠯᠲᠠ ᠢᠢ ᠪᠠᠷ᠋ᠢᠮᠲᠠᠯᠠᠵᠦ᠂ ᠤᠯᠠᠠ ᠤᠯᠤᠰ ᠤᠨ ᠴᠦᠮ᠎ᠠ ᠢᠢᠨ ᠵᠡᠷ ᠵᠡᠪᠰᠡᠭ ᠢ ᠦᠯᠦ ᠲᠠᠷ᠋ᠬᠠᠭᠠᠬᠤ ᠰᠢᠰᠲ᠋ᠧᠮ ᠢ ᠡᠷ᠋ᠡᠰ ᠬᠠᠮᠠᠭᠠᠯᠠᠵᠦ᠂ ᠵᠡᠭᠦᠨ ᠬᠤᠢᠢᠲᠦ ᠠᠽᠢᠶ᠎ᠠ ᠶᠢᠨ ᠡᠩᠭᠡ ᠲᠠᠢᠢᠪᠤᠩ ᠪᠤᠯᠤᠨ ᠲᠤᠭᠲᠠᠭᠤᠨ ᠪᠠᠢᠢᠲᠠᠯ ᠢ ᠡᠷ᠋ᠡᠰ ᠬᠠᠮᠠᠭᠠᠯᠠᠨ᠎ᠠ᠃ ᠰᠤᠯᠤᠩᠭᠤᠰ ᠬᠤᠢᠢᠭ ᠤᠨ ᠠᠰᠠᠭᠤᠲᠠᠯ ᠢ ᠶ᠍ᠠᠷ᠋ᠢᠯᠴᠠᠵᠦ ᠵᠦᠪᠲᠡᠬᠦ ᠢᠢ ᠪᠠᠭᠲᠠᠭᠠᠭᠰᠠᠠ ᠨᠠᠢᠢᠷ᠋ᠠᠮᠲᠠᠯ ᠤᠨ ᠠᠷ᠋ᠭ᠎ᠠ ᠪᠠᠷ ᠰᠢᠢᠳᠪᠦᠷ᠋ᠢᠯᠡᠪᠡᠯ ᠵᠤᠬᠢᠨ᠎ᠠ᠂ ᠲᠡᠯᠡᠭᠡᠢ ᠨᠡᠢᠢᠭᠡᠮ ᠬᠠᠮᠲᠤᠪᠠᠷ ᠴᠢᠷ᠋ᠮᠠᠢᠢᠬᠤ ᠴᠢᠬᠤᠯᠠᠲᠠᠢ᠃ ᠲᠤᠮᠲᠠᠲᠤ ᠠᠩᠭ᠍ᠯᠢ ᠨᠢᠬᠡᠳᠦᠭᠰᠡᠨ ᠦᠨᠳᠦᠰᠦᠨ ᠤ ᠪᠠᠶᠢᠭᠤᠯᠤᠯᠭ᠎ᠠ ᠶᠢᠨ ᠠᠶᠤᠯ ᠦᠭᠡᠢ ᠢᠢᠨ ᠵᠦᠪᠯᠡᠯ ᠤᠨ ᠪᠠᠢᠢᠩᠭᠤ ᠢᠢᠨ ᠭᠡᠷ᠋ᠡᠭ ᠡᠷ᠋ᠬᠢᠯᠡᠭᠴᠢ ᠤᠯᠤᠰ ᠪᠤᠯᠤᠭᠰᠠᠠ ᠤ ᠬᠤᠪᠢ ᠳ᠋ᠤ᠂ ᠭᠠᠵᠠᠷ ᠤᠷ᠋ᠤᠠ ᠪᠤᠯᠤᠨ ᠲᠡᠯᠡᠭᠡᠢ ᠢᠢᠨ ᠡᠩᠭᠡ ᠲᠠᠢᠢᠪᠤᠩ ᠢ ᠬᠠᠮᠠᠭᠠᠯᠠᠬᠤ ᠲᠠᠯ᠎ᠠ ᠡᠴᠡ ᠬᠤᠯᠪᠤᠭᠲᠠᠯ ᠪᠦᠬᠦᠢ ᠠᠰᠠᠭᠤᠲᠠᠯ ᠢ ᠰᠢᠢᠳᠪᠦᠷ᠋ᠢᠯᠡᠬᠦ ᠬᠠᠷ᠋ᠢᠭᠤᠴᠠᠯᠭ᠎ᠠ ᠪᠠ ᠡᠬᠦᠷ᠋ᠭᠡ ᠲᠠᠢ ᠪᠠᠢᠢᠭ᠎ᠠ ᠶ᠍ᠤᠮ᠂ ᠠᠩᠭ᠍ᠯᠢ ᠢᠢᠨ ᠬᠢᠨ ᠢᠳᠬᠠᠵᠦ ᠪᠠᠢᠢᠭᠠᠳ ᠨᠠᠢᠢᠷ᠋ᠠᠮᠲᠠᠯ ᠤᠨ ᠬᠡᠯᠡᠯᠴᠡᠭᠡ ᠬᠢᠬᠦ ᠢᠢ ᠠᠬᠢᠭᠤᠯᠵᠦ᠂ ᠪᠠᠢᠢᠲᠠᠯ ᠢ ᠨᠠᠮᠲᠠᠭᠤᠯᠵᠦ᠂ ᠶ᠍ᠠᠷ᠋ᠢᠯᠴᠠᠭ᠎ᠠ ᠢᠢ ᠲᠠᠬᠢᠨ ᠡᠬᠢᠯᠡᠭᠦᠯᠬᠦ ᠳ᠋ᠤ ᠪᠦᠲᠦᠭᠡᠯᠴᠢ ᠴᠢᠨᠠᠷ᠋ᠲᠠᠢ ᠦᠢᠯᠡᠲᠦᠯ ᠦᠵᠡᠭᠦᠯᠬᠦ ᠢᠢ ᠬᠦᠰᠡᠵᠦ ᠪᠠᠢᠢᠨ᠎ᠠ ᠭᠡᠵᠦ ᠴᠢᠬᠤᠯᠠᠴᠢᠯᠠᠪᠠ᠃

    ᠲᠧᠯᠧᠢᠢᠱᠠ•ᠮᠧᠢ᠂ ᠠᠩᠭ᠍ᠯᠢ ᠢᠢᠨ ᠬᠢᠨ ᠤᠯᠠᠠ ᠤᠯᠤᠰ ᠪᠠ ᠭᠠᠵᠠᠷ ᠤᠷ᠋ᠤᠨ ᠤ ᠡᠩᠭᠡ ᠲᠠᠢᠢᠪᠤᠩ ᠲᠤᠭᠲᠠᠭᠤᠨ ᠪᠠᠢᠢᠲᠠᠯ ᠢ ᠬᠠᠮᠠᠭᠠᠯᠠᠬᠤ ᠪᠠᠷ ᠴᠢᠷ᠋ᠮᠠᠢᠢᠵᠦ᠂ ᠰᠤᠯᠤᠩᠭᠤᠰ ᠬᠤᠢᠢᠭ ᠤᠨ ᠴᠦᠮ᠎ᠠ ᠶᠢᠨ ᠠᠰᠠᠭᠤᠲᠠᠯ ᠢ ᠨᠠᠢᠢᠷ᠋ᠠᠮᠲᠠᠯ ᠢᠶᠡᠷ ᠰᠢᠢᠳᠪᠦᠷ᠋ᠢᠯᠡᠬᠦ ᠪᠠᠷ ᠴᠢᠷ᠋ᠮᠠᠢᠢᠨ᠎ᠠ᠃ ᠠᠩᠭ᠍ᠯᠢ ᠢᠢᠨ ᠬᠢᠨ ᠰᠤᠯᠤᠩᠭᠤᠰ ᠬᠤᠢᠢᠬ ᠤᠨ ᠠᠰᠠᠭᠤᠲᠠᠯ ᠢ ᠰᠢᠢᠳᠪᠦᠷ᠋ᠢᠯᠡᠬᠦ ᠲᠠᠯ᠎ᠠ ᠪᠠᠷ ᠬᠢ ᠲᠤᠮᠲᠠᠲᠤ ᠤᠯᠤᠰ ᠤᠨ ᠴᠢᠬᠤᠯᠠ ᠨᠦᠯᠦᠭᠡ ᠢᠢ ᠴᠢᠬᠤᠯᠠᠴᠢᠯᠠᠵᠤ᠂ ᠲᠤᠮᠲᠠᠲᠤ ᠤᠯᠤᠰ ᠤᠨ ᠴᠢᠷ᠋ᠮᠠᠢᠢᠯᠭ᠎ᠠ ᠢᠢ ᠮᠠᠭᠲᠠᠠ ᠰᠠᠢᠢᠰᠢᠶᠠᠵᠦ᠂ ᠲᠤᠷ᠋ᠠᠲᠠᠶ᠎ᠠ ᠲᠤᠮᠲᠠᠲᠤ ᠤᠯᠤᠰ ᠯᠤᠭ᠎ᠠ ᠤᠯᠤᠯᠴᠠᠭ᠎ᠠ ᠪᠠ ᠵᠤᠬᠢᠴᠠᠭᠤᠯᠭ᠎ᠠ ᠪᠠᠠ ᠴᠢᠩᠭᠠᠳᠬᠠᠨ᠎ᠠ ᠭᠡᠵᠦ ᠢᠯᠡᠳᠭᠡᠵᠠᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
010070230030000000000000011120701121724956