ᠰᠢᠨᠬᠤᠧᠠ ᠬᠤᠷᠢᠶ᠎ᠠ《ᠪᠢᠳᠡᠨ ᠤ ᠢᠳᠡᠬᠡᠯ》ᠴᠤᠪᠤᠷᠠᠯ ᠪᠤᠭᠤᠨᠢ ᠸᠢᠳᠢᠣ᠋ ᠬᠢᠵᠤ ᠤᠩᠰᠢᠭᠴᠢᠳ ᠲᠤ ᠬᠦᠷᠬᠡᠨ᠎ᠡ 2017-10-11 16:28

    ᠰᠢᠨᠬᠤᠧᠠ ᠬᠤᠷᠢᠶ᠎ᠠ   ᠪᠡᠭᠡᠵᠢᠩ ᠤᠨ 10 ᠰᠠᠷ᠎ᠠ ᠶᠢᠨ 11 ᠤ ᠡᠳᠦᠷ ᠤᠨ ᠴᠠᠬᠢᠯᠭᠠᠨ ᠮᠡᠳᠡᠭᠡ   ᠨᠠᠮ ᠤᠨ ᠠᠷᠪᠠ ᠶᠢᠰᠦᠳᠦᠬᠡᠷ ᠶᠡᠬᠡ ᠬᠤᠷᠠᠯ ᠤᠳᠠᠬᠤ ᠦᠬᠡᠢ ᠬᠤᠷᠠᠯᠳᠤᠬᠤ ᠬᠡᠵᠤ ᠪᠠᠶᠢᠭ᠎ᠠ ᠳᠠᠰᠢᠷᠠᠮ ᠢᠶᠡᠷ᠂ ᠰᠢᠨᠬᠤᠧᠠ ᠬᠤᠷᠢᠶ᠎ᠠ《ᠪᠢᠳᠡᠨ ᠤ ᠢᠳᠡᠬᠡᠯ》 ᠬᠡᠮᠡᠬᠦ 4 ᠠᠩᠬᠢᠳᠤ ᠴᠤᠪᠤᠷᠠᠯ ᠪᠤᠭᠤᠨᠢ ᠸᠢᠳᠢᠣ᠋ ᠬᠢᠵᠤ᠂ 12 ᠡᠴᠡ 15 ᠤ ᠡᠳᠦᠷ ᠪᠤᠯᠳᠠᠯ᠎ᠠ ᠡᠯ᠎ᠡ ᠰᠢᠨ᠎ᠡ ᠬᠡᠪᠯᠡᠯ ᠮᠡᠳᠡᠬᠡᠯᠡᠯ ᠤᠨ ᠬᠡᠷᠡᠭᠰᠡᠯ ᠢᠶᠡᠷ ᠰᠠᠴᠤᠬᠤ ᠳᠤ ᠪᠡᠯᠡᠨ ᠪᠤᠯᠤᠭᠠᠳ ᠪᠠᠶᠢᠨ᠎ᠠ᠃

    ᠨᠠᠮ ᠤᠨ ᠠᠷᠪᠠ ᠶᠢᠰᠦᠳᠦᠬᠡᠷ ᠶᠡᠬᠡ ᠬᠤᠷᠠᠯ ᠤᠨ ᠠᠮᠵᠢᠯᠳᠠ ᠲᠠᠢ ᠬᠤᠷᠠᠯᠳᠤᠬᠤ ᠳᠤ ᠪᠡᠯᠡᠭ ᠪᠤᠯᠭᠠᠨ ᠪᠠᠷᠢᠭᠰᠠᠨ ᠡᠨᠡᠬᠦ ᠴᠤᠪᠤᠷᠠᠯ ᠸᠢᠳᠢᠣ᠋ ᠨᠢ 《ᠬᠦᠮᠦᠨ ᠤ ᠤᠷᠴᠢᠯᠠᠩ ᠤᠨ ᠵᠦᠪ ᠵᠠᠮ》᠂ 《ᠦᠨᠡᠨ ᠶᠤᠰᠤ ᠦᠨᠢ ᠮᠦᠩᠬᠡ》᠂ 《ᠤᠯᠤᠰ ᠨᠡᠶᠢᠳᠡ ᠶᠢᠨ ᠪᠢᠰᠢᠷᠡᠯ》᠂ 《ᠳᠤᠮᠳᠠᠳᠤ ᠶᠢᠨ ᠴᠤᠭ ᠵᠢᠪᠬᠤᠭ᠎ᠠ》 ᠬᠡᠬᠦ 4 ᠠᠩᠬᠢ ᠪᠡᠷ ᠪᠦᠷᠢᠯᠳᠦᠵᠤ᠂ ᠳᠤᠮᠳᠠᠳᠤ ᠤᠯᠤᠰ ᠤᠨ ᠤᠨᠴᠠᠯᠢᠭ ᠲᠠᠢ ᠨᠡᠶᠢᠬᠡᠮ ᠵᠢᠷᠤᠮᠳᠤ ᠨᠡᠶᠢᠬᠡᠮ ᠤᠨ ᠵᠠᠮ ᠤᠨ ᠢᠳᠡᠬᠡᠯ᠂ ᠤᠨᠤᠯ ᠤᠨ ᠢᠳᠡᠬᠡᠯ᠂ ᠳᠦᠷᠢᠮ ᠤᠨ ᠢᠳᠡᠬᠡᠯ᠂ ᠰᠤᠶᠤᠯ ᠤᠨ ᠢᠳᠡᠬᠡᠯ ᠢ ᠳᠦᠷᠰᠦᠯᠢᠭ᠌ ᠳᠠᠶᠢᠯᠪᠤᠷᠢᠯᠠᠵᠠᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
010070230030000000000000011120701121787404