蒙古文网站Logo
ᠰᠢᠨᠬᠤᠸᠠ ᠮᠤᠩᠭ᠋ᠤᠯ ᠨᠧᠲ

ᠪᠷᠢᠺᠰ ᠤᠯᠤᠰ ᠤᠳ ᠬᠠᠮᠳᠤᠷᠠᠨ《ᠴᠠᠭ ᠮᠦᠴᠡ ᠬᠠᠮᠢᠭᠠᠰᠢ ᠤᠷᠤᠰᠤᠨ ᠤᠳᠪᠠ》 ᠬᠡᠮᠡᠬᠦ ᠺᠢᠨᠣ᠋ ᠬᠢᠵᠡᠢ

2017-10-13 11:35

    ᠰᠢᠨᠬᠤᠧᠠ ᠬᠤᠷᠢᠶ᠎ᠠ   ᠲᠠᠶᠢᠶᠤᠧᠠᠨ ᠤ 10 ᠰᠠᠷ᠎ᠠ ᠶᠢᠨ 11 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠭᠴᠢ ᠯᠢᠤᠢ ᠮᠧᠩ ᠴᠢ) ᠪᠷᠢᠺᠰ ᠤᠯᠤᠰ ᠤᠳ ᠤᠨ ᠬᠠᠮᠳᠤᠷᠠᠨ ᠬᠢᠭᠰᠡᠨ ᠠᠩᠬᠠᠨ ᠤ ᠺᠢᠨᠣ᠋ 《ᠴᠠᠭ ᠮᠦᠴᠡ ᠬᠠᠮᠢᠭᠠᠰᠢ ᠤᠷᠤᠰᠤᠨ ᠤᠳᠪᠠ》 ᠶᠢ 11 ᠤ ᠡᠳᠦᠷ ᠱᠠᠨ ᠰᠢ ᠮᠤᠵᠢ ᠶᠢᠨ ᠳᠠᠶᠢᠶᠤᠧᠠᠨ ᠬᠤᠳᠠ ᠳᠤ ᠳᠠᠨᠢᠯᠴᠠᠭᠤᠯᠤᠯ᠎ᠠ᠃ ᠤᠭ ᠺᠢᠨᠣ᠋ 10 ᠰᠠᠷ᠎ᠠ ᠶᠢᠨ 19 ᠤ ᠡᠳᠦᠷ ᠤᠯᠤᠰ ᠲᠠᠶᠠᠭᠠᠷ ᠤᠨ ᠦᠵᠡᠭᠴᠢᠳ ᠲᠠᠢ ᠵᠤᠯᠭᠠᠬᠤ ᠶᠤᠮ ᠪᠠᠶᠢᠨ᠎ᠠ᠃

    ᠺᠢᠨᠣ᠋ ᠶᠢ ᠳᠤᠮᠳᠠᠳᠤ ᠤᠯᠤᠰ ᠤᠨ ᠺᠢᠨᠣ᠋ ᠤᠳᠤᠷᠢᠳᠤᠭᠠᠴᠢ ᠵᠢᠶᠠ ᠵᠠᠩ ᠺᠧ ᠪᠤᠯᠤᠨ ᠪᠷᠠᠽᠢᠯ᠂ ᠤᠷᠤᠰ᠂ ᠡᠨᠡᠳᠬᠡᠭ᠌᠂ ᠡᠮᠦᠨᠡᠳᠦ ᠠᠹᠧᠷᠢᠺᠡ ᠶᠢᠨ ᠺᠢᠨᠣ᠋ ᠤᠳᠤᠷᠢᠳᠤᠭᠠᠴᠢ ᠨᠠᠷ ᠬᠠᠮᠳᠤᠷᠠᠨ ᠤᠳᠤᠷᠢᠳᠴᠠᠢ᠃ ᠺᠢᠨᠣ᠋ ᠨᠢ ᠳᠠᠪᠤᠨ ᠬᠦᠷᠦᠨ ᠤ ᠳᠦᠯᠦᠬᠡᠯᠡᠬᠦ ᠪᠦᠳᠦᠬᠡᠯ ᠪᠤᠯᠤᠭᠰᠠᠨ ᠳᠠᠪᠤᠨ ᠪᠤᠭᠤᠨᠢ ᠬᠡᠰᠡᠭ ᠢᠶᠡᠷ ᠪᠦᠷᠢᠯᠳᠤᠵᠤ᠂ ᠬᠡᠰᠡᠭ ᠪᠦᠷᠢ ᠶᠢᠨ ᠦᠯᠢᠬᠡᠷ ᠨᠢ 《ᠴᠠᠭ ᠮᠦᠴᠡ》 ᠬᠡᠮᠡᠬᠦ ᠭᠤᠤᠯ ᠰᠡᠳᠦᠪ ᠤᠨ ᠳᠤᠭᠤᠷᠢᠨ ᠳᠤ ᠪᠡᠶ᠎ᠡ ᠳᠠᠭᠠᠭᠠᠭᠰᠠᠨ ᠪᠦᠳᠦᠬᠡᠯ ᠳᠤᠭᠤᠷᠪᠢᠵᠤ᠂ ᠬᠦᠮᠦᠨ ᠬᠦᠮᠦᠨ ᠤ ᠬᠤᠭᠤᠷᠤᠨᠳᠤ ᠪᠠ ᠬᠦᠮᠦᠨ ᠪᠠᠶᠢᠭᠠᠯᠢ ᠶᠢᠨ ᠬᠤᠭᠤᠷᠤᠨᠳᠤᠬᠢ ᠬᠠᠶᠢᠷ᠎ᠠ ᠰᠡᠳᠬᠢᠯᠬᠡ ᠶᠢᠨ ᠠᠭᠤᠰᠤᠯᠴᠠᠯ ᠢ ᠳᠡᠯᠬᠡᠵᠡᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121798565