蒙古文网站Logo
ᠰᠢᠨᠬᠤᠸᠠ ᠮᠤᠩᠭ᠋ᠤᠯ ᠨᠧᠲ

ᠰᠢ ᠵᠢᠨ ᠫᠢᠩ ᠤᠨ《ᠨᠡᠶᠢᠬᠡᠮ ᠵᠢᠷᠤᠮᠳᠤ ᠨᠡᠶᠢᠬᠡᠮ ᠤᠨ ᠰᠤᠶᠤᠯ ᠤᠨ ᠪᠠᠶᠢᠭᠤᠯᠤᠯᠳᠠ ᠶᠢᠨ ᠳᠤᠬᠠᠢ ᠦᠬᠦᠯᠡᠯᠳᠡ ᠶᠢᠨ ᠰᠤᠩᠭᠤᠮᠠᠯ》 ᠬᠡᠪᠯᠡᠭᠳᠡᠪᠡ

2017-10-16 09:38

    ᠰᠢᠨᠬᠤᠧᠠ ᠬᠤᠷᠢᠶ᠎ᠠ   ᠪᠡᠭᠡᠵᠢᠩ ᠤᠨ 10 ᠰᠠᠷ᠎ᠠ ᠶᠢᠨ 15 ᠤ ᠡᠳᠦᠷ ᠤᠨ ᠴᠠᠬᠢᠯᠭᠠᠨ ᠮᠡᠳᠡᠭᠡ   ᠨᠠᠮ ᠤᠨ ᠳᠦᠪ ᠬᠤᠷᠢᠶᠠᠨ ᠤ ᠰᠤᠷᠪᠤᠯᠵᠢ ᠪᠢᠴᠢᠭ᠌ ᠰᠤᠳᠤᠯᠬᠤ ᠭᠠᠵᠠᠷ ᠡᠴᠡ ᠨᠠᠶᠢᠷᠠᠭᠤᠯᠤᠨ ᠡᠮᠬᠢᠳᠬᠡᠭᠰᠡᠨ ᠰᠢ ᠵᠢᠨ ᠫᠢᠩ ᠤᠨ《ᠨᠡᠶᠢᠬᠡᠮ ᠵᠢᠷᠤᠮᠳᠤ ᠨᠡᠶᠢᠬᠡᠮ ᠤᠨ ᠰᠤᠶᠤᠯ ᠤᠨ ᠪᠠᠶᠢᠭᠤᠯᠤᠯᠳᠠ ᠶᠢᠨ ᠳᠤᠬᠠᠢ ᠦᠬᠦᠯᠡᠯᠳᠡ ᠶᠢᠨ ᠰᠤᠩᠭᠤᠮᠠᠯ》ᠨᠤᠮ ᠤᠶᠢᠷ᠎ᠠ ᠶᠢᠨ ᠡᠳᠦᠷ ᠳᠦᠪ ᠤᠨ ᠰᠤᠷᠪᠤᠯᠵᠢ ᠪᠢᠴᠢᠭ᠌ ᠤᠨ ᠬᠡᠪᠯᠡᠯ ᠤᠨ ᠬᠤᠷᠢᠶ᠎ᠠ ᠡᠴᠡ ᠬᠡᠪᠯᠡᠭᠳᠡᠨ ᠤᠯᠤᠰ ᠲᠠᠶᠠᠭᠠᠷ ᠤᠨ ᠬᠡᠮᠵᠢᠶᠡᠨ ᠳᠤ ᠳᠠᠷᠬᠠᠭᠠᠭᠳᠠᠪᠠ᠃

    ᠨᠤᠮ ᠤᠨ ᠠᠭᠤᠯᠭ᠎ᠠ ᠨᠢ ᠡᠷᠡᠰ ᠪᠠᠳᠤ ᠰᠤᠶᠤᠯ ᠤᠨ ᠢᠳᠡᠬᠡᠯ ᠲᠠᠢ᠂ ᠨᠡᠶᠢᠬᠡᠮ ᠵᠢᠷᠤᠮᠳᠤ ᠨᠡᠶᠢᠬᠡᠮ ᠤᠨ ᠰᠤᠶᠤᠯ ᠤᠨ ᠬᠦᠴᠦᠷᠬᠡᠭ᠌ ᠤᠯᠤᠰ ᠢ ᠪᠠᠶᠢᠭᠤᠯᠬᠤ; ᠮᠠᠷᠺᠰ ᠤᠨ ᠦᠵᠡᠯ ᠢᠶᠡᠷ ᠵᠢᠯᠤᠭᠤᠳᠤᠭᠤᠯᠵᠤ᠂ ᠦᠵᠡᠯ ᠤᠬᠠᠮᠰᠠᠷ ᠤᠨ ᠠᠵᠢᠯ ᠤᠨ ᠤᠳᠤᠷᠢᠳᠬᠤ ᠡᠷᠬᠡ᠂ ᠬᠠᠮᠢᠶᠠᠷᠤᠯᠳᠠ ᠶᠢᠨ ᠡᠷᠬᠡ᠂ ᠦᠬᠡ ᠬᠡᠯᠡᠬᠦ ᠡᠷᠬᠡ ᠶᠢ ᠪᠠᠳᠤᠳᠠᠢ ᠡᠵᠡᠮᠳᠡᠬᠦ; ᠤᠨᠤᠯ ᠤᠨ ᠪᠠᠶᠢᠭᠤᠯᠤᠯᠳᠠ ᠶᠢ ᠳᠡᠬᠡᠳᠦ ᠬᠡᠮᠵᠢᠶ᠎ᠡ ᠪᠡᠷ ᠴᠢᠬᠤᠯᠠᠴᠢᠯᠠᠵᠤ᠂ ᠳᠤᠮᠳᠠᠳᠤ ᠤᠯᠤᠰ ᠤᠨ ᠤᠨᠴᠠᠯᠢᠭ ᠲᠠᠢ ᠬᠦᠨ ᠤᠬᠠᠭᠠᠨ ᠨᠡᠶᠢᠬᠡᠮ ᠤᠨ ᠰᠢᠨᠵᠢᠯᠡᠬᠦ ᠤᠬᠠᠭᠠᠨ ᠤ ᠪᠠᠶᠢᠭᠤᠯᠤᠯᠳᠠ ᠶᠢ ᠳᠦᠷᠬᠡᠳᠬᠡᠬᠦ; ᠨᠡᠶᠢᠬᠡᠮ ᠵᠢᠷᠤᠮ ᠤᠨ ᠭᠤᠤᠯᠯᠠᠬᠤ ᠦᠷᠳᠡᠭ ᠤᠨ ᠦᠵᠡᠯᠳᠡ ᠶᠢ ᠪᠤᠶᠢᠵᠢᠭᠤᠯᠵᠤ ᠦᠢᠯᠡᠳᠦᠯᠬᠡᠵᠢᠬᠦᠯᠬᠦ; ᠪᠦᠬᠦ ᠦᠨᠳᠦᠰᠦᠳᠡᠨ ᠤ ᠦᠵᠡᠯ ᠰᠠᠨᠠᠭ᠎ᠠ ᠮᠤᠷᠠᠯ ᠤᠨ ᠬᠢᠷᠢ ᠳᠦᠪᠰᠢᠨ ᠢ ᠳᠡᠬᠡᠭᠰᠢᠯᠡᠬᠦᠯᠬᠦ; ᠠᠷᠠᠳ ᠳᠦᠮᠡᠨ ᠢᠶᠡᠷ ᠭᠤᠤᠯ ᠪᠤᠯᠭᠠᠭᠰᠠᠨ ᠡᠬᠦᠳᠦᠨ ᠪᠦᠳᠦᠬᠡᠯᠳᠡ ᠶᠢᠨ ᠴᠢᠭᠯᠡᠯ ᠬᠠᠨᠳᠤᠯᠭ᠎ᠠ ᠶᠢ ᠪᠠᠷᠢᠮᠳᠠᠯᠠᠬᠤ; ᠰᠤᠶᠤᠯ ᠤᠨ ᠠᠵᠢᠯ ᠦᠢᠯᠡᠰ ᠤᠨ ᠪᠦᠬᠦ ᠳᠠᠯ᠎ᠠ ᠶᠢᠨ ᠦᠷᠨᠢᠩᠬᠦᠢ ᠬᠦᠭᠵᠢᠯᠳᠡ ᠪᠤᠯᠤᠨ ᠰᠤᠶᠤᠯ ᠤᠨ ᠠᠵᠤ ᠦᠢᠯᠡᠰ ᠤᠨ ᠳᠦᠷᠬᠡᠨ ᠬᠦᠭᠵᠢᠯᠳᠡ ᠶᠢ ᠠᠬᠢᠭᠤᠯᠬᠤ; ᠤᠯᠤᠰ ᠤᠨ ᠰᠤᠶᠤᠯ ᠢᠳᠡᠬᠡᠯ ᠦᠨᠡᠮᠰᠢᠯ ᠤᠨ ᠪᠤᠳᠠᠳᠤ ᠬᠦᠴᠦᠨ ᠢ ᠳᠡᠬᠡᠭᠰᠢᠯᠡᠬᠦᠯᠵᠤ ᠳᠤᠮᠳᠠᠳᠤ ᠶᠢᠨ ᠦᠯᠢᠬᠡᠷ  ᠢ ᠰᠠᠶᠢᠬᠠᠨ ᠶᠠᠷᠢᠬᠤ ᠵᠡᠷᠬᠡ 8 ᠳᠤᠰᠬᠠᠢ ᠰᠡᠳᠦᠪ ᠢᠶᠡᠷ ᠪᠦᠷᠢᠯᠳᠦᠵᠡᠢ᠃

    ᠨᠤᠮ ᠳᠤ ᠨᠡᠶᠢᠳᠡ 361 ᠬᠡᠰᠡᠭ ᠦᠬᠦᠯᠡᠯᠳᠡ ᠶᠢ ᠪᠠᠭᠳᠠᠭᠠᠵᠤ᠂ ᠰᠢ ᠵᠢᠨ ᠫᠢᠩ ᠨᠦᠬᠦᠷ ᠤᠨ 2012 ᠤᠨ ᠤ 11 ᠰᠠᠷ᠎ᠠ ᠶᠢᠨ 15 ᠡᠴᠡ 2017 ᠤᠨ ᠤ 7 ᠰᠠᠷ᠎ᠠ ᠶᠢᠨ 26 ᠪᠤᠯᠳᠠᠯᠠᠬᠢ ᠬᠤᠭᠤᠴᠠᠭᠠᠨ ᠤ ᠶᠠᠷᠢᠶ᠎ᠠ᠂ ᠮᠡᠳᠡᠬᠦᠯᠦᠯᠳᠡ᠂ ᠢᠯᠡᠳᠬᠡᠯ᠂ ᠵᠢᠭᠠᠪᠤᠷᠢ᠂ ᠴᠤᠬᠤᠯᠠᠪᠤᠷᠢ᠂ ᠪᠠᠶᠠᠷ ᠤᠨ ᠵᠠᠬᠢᠶ᠎ᠠ ᠵᠡᠷᠬᠡ 70 ᠭᠠᠷᠤᠢ ᠴᠢᠬᠤᠯᠠ ᠰᠤᠷᠪᠤᠯᠵᠢ ᠪᠢᠴᠢᠭ᠌ ᠢ ᠬᠠᠮᠤᠷᠴᠠᠢ᠃ ᠡᠬᠦᠨ ᠳᠤ ᠵᠠᠷᠢᠮ ᠦᠬᠦᠯᠡᠯᠳᠡ ᠶᠢ ᠠᠩᠬ᠎ᠠ ᠢᠯᠡ ᠪᠡᠷ ᠨᠡᠶᠢᠳᠡᠯᠡᠵᠤ ᠪᠤᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121808185