蒙古文网站Logo
ᠰᠢᠨᠬᠤᠸᠠ ᠮᠤᠩᠭ᠋ᠤᠯ ᠨᠧᠲ

ᠰᠢ ᠵᠢᠨ ᠫᠢᠩ ᠨᠠᠮ ᠤᠨ ᠠᠷᠪᠠ ᠶᠢᠰᠦᠳᠦᠬᠡᠷ ᠶᠡᠬᠡ ᠬᠤᠷᠠᠯ ᠤᠨ ᠪᠡᠯᠡᠳᠬᠡᠯ ᠬᠤᠷᠠᠯ ᠢ ᠡᠷᠬᠢᠯᠡᠨ ᠬᠤᠷᠠᠯᠳᠤᠭᠤᠯᠵᠠᠢ

2017-10-17 21:13

    ᠰᠢᠨᠬᠤᠧᠠ ᠬᠤᠷᠢᠶ᠎ᠠ   ᠪᠡᠭᠡᠵᠢᠩ ᠤᠨ 10 ᠰᠠᠷ᠎ᠠ ᠶᠢᠨ 17 ᠤ ᠡᠳᠦᠷ ᠤᠨ ᠴᠠᠬᠢᠯᠭᠠᠨ ᠮᠡᠳᠡᠭᠡ   ᠳᠤᠮᠳᠠᠳᠤ ᠤᠯᠤᠰ ᠤᠨ ᠡᠪ ᠬᠠᠮᠳᠤ ᠨᠠᠮ ᠤᠨ ᠠᠷᠪᠠ ᠶᠢᠰᠦᠳᠦᠬᠡᠷ ᠤᠳᠠᠭᠠᠨ ᠤ ᠪᠦᠬᠦ ᠤᠯᠤᠰ ᠤᠨ ᠳᠦᠯᠦᠬᠡᠯᠡᠭᠴᠢᠳ ᠤᠨ ᠶᠡᠬᠡ ᠬᠤᠷᠠᠯ ᠤᠨ ᠬᠡᠪᠯᠡᠯ ᠮᠡᠳᠡᠬᠡᠯᠡᠯ ᠤᠨ ᠬᠤᠷᠠᠯ 10 ᠰᠠᠷ᠎ᠠ ᠶᠢᠨ 17 ᠤ ᠦᠳᠡ ᠡᠴᠡ ᠬᠤᠶᠢᠰᠢ ᠠᠷᠠᠳ ᠤᠨ ᠶᠡᠬᠡ ᠬᠤᠷᠠᠯ ᠤᠨ ᠳᠠᠩᠬᠢᠮ ᠳᠤ ᠬᠤᠷᠠᠯᠳᠤᠪᠠ᠃

    ᠰᠢ ᠵᠢᠨ ᠫᠢᠩ ᠨᠦᠬᠦᠷ ᠬᠤᠷᠠᠯ ᠢ ᠡᠷᠬᠢᠯᠡᠵᠡᠢ᠃

    ᠨᠠᠮ ᠤᠨ ᠠᠷᠪᠠ ᠶᠢᠰᠦᠳᠦᠬᠡᠷ ᠶᠡᠬᠡ ᠬᠤᠷᠠᠯ ᠳᠤ ᠤᠷᠤᠯᠴᠠᠬᠤ ᠶᠤᠰᠤᠳᠠᠢ ᠳᠦᠯᠦᠬᠡᠯᠡᠭᠴᠢ᠂ ᠤᠨᠴᠠ ᠤᠷᠢᠭᠰᠠᠨ ᠳᠦᠯᠦᠬᠡᠯᠡᠭᠴᠢ 2354 ᠬᠦᠮᠦᠨ᠃

    ᠪᠡᠯᠡᠳᠬᠡᠯ ᠬᠤᠷᠠᠯ ᠳᠤ ᠤᠷᠤᠯᠴᠠᠭᠰᠠᠨ ᠳᠦᠯᠦᠬᠡᠯᠡᠭᠴᠢ᠂ ᠤᠨᠴᠠ ᠤᠷᠢᠭᠰᠠᠨ ᠳᠦᠯᠦᠬᠡᠯᠡᠭᠴᠢ 2307 ᠬᠦᠮᠦᠨ᠃

    ᠬᠤᠷᠠᠯ ᠨᠢ ᠭᠠᠷ ᠡᠷᠬᠦᠵᠤ ᠰᠠᠨᠠᠯ ᠦᠭᠬᠦ ᠠᠷᠭ᠎ᠠ ᠪᠡᠷ 22 ᠬᠦᠮᠦᠨ ᠢᠶᠡᠷ ᠪᠦᠷᠢᠯᠳᠦᠭᠰᠡᠨ ᠳᠦᠯᠦᠬᠡᠯᠡᠭᠴᠢᠳ ᠤᠨ ᠬᠢᠷᠢ ᠬᠡᠮ ᠢ ᠰᠢᠯᠭᠠᠬᠤ ᠵᠦᠪᠯᠡᠯ ᠢ ᠪᠠᠳᠤᠯᠠᠵᠤ᠂ 243 ᠬᠦᠮᠦᠨ ᠢᠶᠡᠷ ᠪᠦᠷᠢᠯᠳᠦᠭᠰᠡᠨ ᠶᠡᠬᠡ ᠬᠤᠷᠠᠯ ᠤᠨ ᠳᠡᠷᠢᠬᠦᠯᠡᠭᠴᠢ ᠶᠢᠨ ᠪᠠᠭ ᠢ ᠪᠠᠳᠤᠯᠠᠨ᠂ ᠯᠢᠦ ᠶᠦᠨ ᠱᠠᠨ ᠢ ᠶᠡᠬᠡ ᠬᠤᠷᠠᠯ ᠤᠨ ᠨᠠᠷᠢᠨ ᠪᠢᠴᠢᠭ᠌ ᠤᠨ ᠳᠠᠷᠤᠭ᠎ᠠ ᠪᠡᠷ ᠪᠠᠳᠤᠯᠠᠭᠰᠠᠨ ᠪᠠᠶᠢᠨ᠎ᠠ᠃ ᠶᠡᠬᠡ ᠬᠤᠷᠠᠯ ᠨᠢ ᠪᠠᠰᠠ ᠶᠡᠬᠡ ᠬᠤᠷᠠᠯ ᠤᠨ ᠨᠠᠷᠢᠨ ᠪᠢᠴᠢᠭ᠌ ᠤᠨ ᠭᠠᠵᠠᠷ ᠤᠨ ᠪᠠᠶᠢᠭᠤᠯᠤᠮᠵᠢ ᠶᠢ ᠪᠠᠶᠢᠷᠢᠰᠢᠭᠤᠯᠬᠤ ᠪᠠ ᠠᠵᠢᠯ ᠤᠨ ᠡᠬᠦᠷᠬᠡ ᠶᠢ ᠪᠠᠳᠤᠯᠠᠪᠠ᠃

    ᠬᠤᠷᠠᠯ ᠢᠶᠡᠷ ᠪᠠᠰᠠ ᠨᠠᠮ ᠤᠨ ᠠᠷᠪᠠ ᠶᠢᠰᠦᠳᠦᠬᠡᠷ ᠶᠡᠬᠡ ᠬᠤᠷᠠᠯ ᠤᠨ ᠬᠦᠳᠦᠯᠪᠦᠷᠢ ᠶᠢ ᠪᠠᠳᠤᠯᠠᠪᠠ᠃ ᠶᠡᠬᠡ ᠬᠤᠷᠠᠯ ᠤᠨ ᠬᠦᠳᠦᠯᠪᠦᠷᠢ ᠨᠢ᠄ ᠠᠷᠪᠠᠨ ᠨᠠᠶ᠋ᠮᠠᠳᠤᠭᠠᠷ ᠬᠤᠭᠤᠴᠠᠭᠠᠨ ᠤ ᠳᠦᠪ ᠬᠤᠷᠢᠶ᠎ᠠ ᠶᠢᠨ ᠮᠡᠳᠡᠬᠦᠯᠦᠯᠳᠡ ᠶᠢ ᠰᠤᠨᠤᠰᠴᠤ ᠬᠢᠨᠠᠨ ᠰᠢᠯᠭᠠᠨ᠎ᠠ; ᠠᠷᠪᠠᠨ ᠨᠠᠶ᠋ᠮᠠᠳᠤᠭᠠᠷ ᠬᠤᠭᠤᠴᠠᠭᠠᠨ ᠤ ᠳᠦᠪ ᠬᠤᠷᠢᠶ᠎ᠠ ᠶᠢᠨ ᠰᠠᠬᠢᠯᠭ᠎ᠠ ᠪᠠᠳᠤ ᠪᠠᠶᠢᠴᠠᠭᠠᠬᠤ ᠬᠤᠷᠢᠶ᠎ᠠ ᠶᠢᠨ ᠠᠵᠢᠯ ᠤᠨ ᠮᠡᠳᠡᠬᠦᠯᠦᠯᠳᠡ ᠶᠢ ᠬᠢᠨᠠᠨ ᠰᠢᠯᠭᠠᠨ᠎ᠠ; 《ᠳᠤᠮᠳᠠᠳᠤ ᠤᠯᠤᠰ ᠤᠨ ᠡᠪ ᠬᠠᠮᠳᠤ ᠨᠠᠮ ᠤᠨ ᠨᠠᠮ ᠤᠨ ᠳᠦᠷᠢᠮ(ᠵᠠᠰᠠᠪᠤᠷᠢᠯᠠᠬᠤ ᠳᠦᠰᠦᠯ) 》 ᠢ ᠬᠢᠨᠠᠨ ᠵᠦᠪᠯᠡᠵᠤ ᠪᠠᠳᠤᠯᠠᠨ᠎ᠠ; ᠠᠷᠪᠠᠨ ᠶᠢᠰᠦᠳᠦᠬᠡᠷ ᠬᠤᠭᠤᠴᠠᠭᠠᠨ ᠤ ᠨᠠᠮ ᠤᠨ ᠳᠦᠪ ᠬᠤᠷᠢᠶ᠎ᠠ ᠶᠢ ᠰᠤᠩᠭᠤᠨ᠎ᠠ; ᠠᠷᠪᠠᠨ ᠶᠢᠰᠦᠳᠦᠬᠡᠷ ᠬᠤᠭᠤᠴᠠᠭᠠᠨ ᠤ ᠳᠦᠪ ᠬᠤᠷᠢᠶ᠎ᠠ ᠶᠢᠨ ᠰᠠᠬᠢᠯᠭ᠎ᠠ ᠪᠠᠳᠤ ᠪᠠᠶᠢᠴᠠᠭᠠᠬᠤ ᠬᠤᠷᠢᠶ᠎ᠠ ᠶᠢ ᠰᠤᠩᠭᠤᠨ᠎ᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121817821