蒙古文网站Logo
ᠰᠢᠨᠬᠤᠸᠠ ᠮᠤᠩᠭ᠋ᠤᠯ ᠨᠧᠲ

ᠰᠢ ᠵᠢᠨ ᠫᠢᠩ ᠬᠦᠭ᠍ᠵᠢᠵᠤ ᠪᠠᠢᠢᠭ᠎ᠠ ᠤᠯᠤᠰ ᠤᠳ ᠤᠨ ᠬᠠᠮᠳᠤᠷᠠᠯᠴᠠᠭ᠎ᠠ ᠪᠠ ᠬᠦᠭ᠍ᠵᠢᠯᠳᠠ ᠵᠢᠨ ᠳᠡᠭᠡᠳᠦ ᠰᠤᠷᠭᠠᠭᠤᠯᠢ ᠵᠢᠨ ᠠᠩᠬᠠᠳᠤᠭᠠᠷ ᠬᠤᠭᠤᠴᠠᠭᠠᠨ ᠤ ᠮᠠᠭᠢᠰᠲ᠋ᠷ ᠲᠡᠬᠦᠰᠦᠭᠰᠡᠨ ᠰᠤᠷᠤᠬᠴᠢᠳ ᠲᠦ ᠬᠠᠷᠢᠭᠤ ᠵᠠᠬᠢᠳᠠᠯ ᠢᠯᠡᠭᠡᠪᠡ

2017-10-19 10:53

    ᠰᠢᠨᠬᠤᠸᠠ ᠬᠤᠷᠢᠶ᠎ᠠ ᠪᠡᠭᠡᠵᠢᠩ ᠤᠨ 10 ᠰᠠᠷ᠎ᠠ ᠵᠢᠨ 18 ᠤ ᠡᠳᠤᠷ ᠤᠨ ᠴᠠᠬᠢᠯᠭᠠᠨ ᠮᠡᠳᠡᠭᠡ ᠤᠯᠤᠰ ᠤᠨ ᠲᠡᠷᠢᠬᠦᠯᠡᠭᠴᠢ ᠰᠢ ᠵᠢᠨ ᠫᠢᠩ 11 ᠤ ᠡᠳᠦᠷ ᠬᠦᠭ᠍ᠵᠢᠵᠤ ᠪᠠᠢᠢᠭ᠎ᠠ ᠤᠯᠤᠰ ᠤᠳ ᠤᠨ ᠬᠠᠮᠳᠤᠷᠠᠯᠴᠠᠭ᠎ᠠ ᠪᠠ ᠬᠦᠭ᠍ᠵᠢᠯᠳᠠ ᠵᠢᠨ ᠳᠡᠭᠡᠳᠦ ᠰᠤᠷᠭᠠᠭᠤᠯᠢ ᠵᠢᠨ ᠠᠩᠬᠠᠳᠤᠭᠠᠷ ᠬᠤᠭᠤᠴᠠᠭᠠᠨ ᠤ ᠮᠠᠭᠢᠰᠲ᠋ᠷ ᠲᠡᠬᠦᠰᠦᠭᠰᠡᠨ ᠰᠤᠷᠤᠬᠴᠢᠳ ᠲᠦ ᠬᠠᠷᠢᠭᠤ ᠵᠠᠬᠢᠳᠠᠯ ᠢᠯᠡᠭᠡᠵᠡᠢ᠃ ᠵᠠᠬᠢᠳᠠᠯ ᠤᠨ ᠪᠦᠬᠦ ᠠᠭᠤᠯᠭ᠎ᠠ ᠨᠢ ᠳᠤᠤᠷᠠᠬᠢ ᠮᠡᠳᠦ᠄

    ᠬᠦᠭ᠍ᠵᠢᠵᠤ ᠪᠠᠢᠢᠭ᠎ᠠ ᠤᠯᠤᠰ ᠤᠳ ᠤᠨ ᠬᠠᠮᠳᠤᠷᠠᠯᠴᠠᠭ᠎ᠠ ᠪᠠ ᠬᠦᠭ᠍ᠵᠢᠯᠳᠠ ᠵᠢᠨ ᠳᠡᠭᠡᠳᠦ ᠰᠤᠷᠭᠠᠭᠤᠯᠢ ᠵᠢᠨ ᠠᠩᠬᠠᠳᠤᠭᠠᠷ ᠬᠤᠭᠤᠴᠠᠭᠠᠨ ᠤ ᠮᠠᠬᠢᠰᠲ᠋ᠷ ᠲᠡᠬᠦᠰᠦᠭᠰᠡᠨ ᠰᠤᠷᠤᠬᠴᠢᠳ ᠲᠦ᠄

    ᠲᠠᠨᠠᠷ ᠰᠠᠢᠢᠨ ᠪᠠᠢᠢᠵᠠᠭᠠᠨ᠎ᠠ ᠤᠤ? ᠵᠠᠬᠢᠳᠠᠯ ᠢ ᠴᠢᠨᠢ ᠲᠤᠰ᠋ᠤᠯ᠎ᠠ᠃ ᠲᠠᠨᠠᠷ ᠰᠤᠷᠤᠯᠭ᠎ᠠ ᠪᠡᠨ ᠪᠦᠷᠢᠨ ᠠᠮᠵᠢᠯᠳᠠᠳᠠᠢ ᠲᠡᠬᠦᠰ᠋ᠭᠡᠵᠦ᠂ ᠬᠦᠭ᠍ᠵᠢᠵᠤ ᠪᠠᠢᠢᠭ᠎ᠠ ᠤᠯᠤᠰ ᠤᠳ ᠤᠨ ᠬᠠᠮᠳᠤᠷᠠᠯᠴᠠᠭ᠎ᠠ ᠪᠠ ᠬᠦᠭ᠍ᠵᠢᠯᠳᠠ ᠵᠢᠨ ᠳᠡᠭᠡᠳᠦ ᠰᠤᠷᠭᠠᠭᠤᠯᠢ ᠵᠢᠨ ᠠᠩᠬᠠᠳᠤᠭᠠᠷ ᠬᠤᠭᠤᠴᠠᠭᠠᠨ ᠤ ᠮᠠᠬᠢᠰᠲ᠋ᠷ ᠪᠤᠯᠤᠭᠰ᠋ᠠᠨ ᠪᠦᠭᠡᠳ ᠰᠤᠷᠤᠯᠴᠠᠬᠤ ᠶᠢᠨ ᠳᠠᠭᠠᠤ ᠰᠡᠳᠬᠢᠵᠦ᠂ ᠮᠠᠰ᠋ᠢ ᠤᠯᠤᠯᠳᠠ ᠲᠠᠢ ᠪᠤᠯᠤᠭᠰ᠋ᠠᠨ ᠢ ᠰᠤᠨᠤᠰ᠋ᠤᠭᠠᠳ ᠪᠢ ᠮᠠᠰ᠋ᠢ ᠪᠠᠶᠠᠷᠯᠠᠵᠦ ᠪᠠᠢᠢᠨ᠎ᠠ᠃

    ᠲᠠᠨᠠᠷ ᠵᠠᠬᠢᠳᠠᠯ ᠳ᠋᠋ᠠᠭᠠᠨ᠂ ᠲᠦᠪ ᠭᠤᠤᠯᠴᠢ᠂ ᠪᠠᠬᠳᠠᠭᠠᠮᠵᠢᠳᠠᠢ᠂ ᠲᠤᠭᠳᠠᠪᠤᠷᠢᠲᠡᠢ ᠬᠦᠭ᠍ᠵᠢᠯᠳᠠ ᠵᠢ ᠠᠬᠢᠭᠤᠯᠬᠤ ᠪᠤᠯ ᠪᠢᠳᠡᠨ ᠤ ᠬᠠᠮᠳᠦ ᠵᠢᠨ ᠬᠦᠰ᠋ᠡᠯ ᠮᠦᠨ ᠭᠡᠵᠦ ᠢᠯᠡᠳᠭᠡᠪᠡ᠃ ᠡᠨᠡ ᠨᠢ ᠮᠥᠨᠴᠤ ᠳᠤᠮᠳᠠᠳᠤ ᠤᠯᠤᠰ ᠬᠦᠭ᠍ᠵᠢᠵᠤ ᠪᠠᠢᠢᠭ᠎ᠠ ᠤᠯᠤᠰ ᠤᠳ ᠤᠨ ᠬᠠᠮᠳᠤᠷᠠᠯᠴᠠᠭ᠎ᠠ ᠪᠠ ᠬᠦᠭ᠍ᠵᠢᠯᠳᠠ ᠵᠢᠨ ᠳᠡᠭᠡᠳᠦ ᠰᠤᠷᠭᠠᠭᠤᠯᠢ ᠵᠢ ᠰᠠᠨᠠᠭᠠᠴᠢᠯᠠᠵᠦ ᠪᠠᠢᠢᠭᠤᠯᠤᠭᠰ᠋ᠠᠨ ᠤ ᠤᠬ ᠰᠠᠨᠠᠭ᠎ᠠ ᠮᠦᠨ᠃ ᠬᠦᠭ᠍ᠵᠢᠵᠤ ᠪᠠᠢᠢᠭ᠎ᠠ ᠤᠯᠤᠰ ᠤᠳ ᠤᠨ ᠬᠠᠮᠳᠤᠷᠠᠯᠴᠠᠭ᠎ᠠ ᠪᠤᠯ ᠬᠦᠭ᠍ᠵᠢᠵᠦ ᠪᠠᠢᠢᠭ᠎ᠠ ᠤᠯᠤᠰ ᠬᠠᠮᠳᠤᠷᠠᠯᠴᠠᠨ ᠦᠪᠡᠷ ᠢ ᠪᠡᠨ ᠬᠦᠴᠦᠷᠭᠡᠭ᠍ᠵᠢᠭᠦᠯᠵᠦ᠂ ᠦᠷᠢᠰ᠋ᠦᠯᠳᠦᠭᠡᠨ ᠢ ᠠᠷᠭᠠᠴᠠᠬᠤ ᠠᠭᠤᠤ ᠶᠡᠭᠡ ᠦᠢᠯᠡᠰ ᠮᠦᠨ᠃ ᠳᠤᠮᠳᠠᠳᠤ ᠤᠯᠤᠰ ᠬᠦᠭ᠍ᠵᠢᠵᠤ ᠪᠠᠢᠢᠭ᠎ᠠ ᠤᠯᠤᠰ ᠤᠳ ᠤᠨ ᠬᠠᠮᠳᠤᠷᠠᠯᠴᠠᠭ᠎ᠠ ᠪᠠ ᠬᠦᠭ᠍ᠵᠢᠯᠳᠠ ᠵᠢᠨ ᠳᠡᠭᠡᠳᠦ ᠰᠤᠷᠭᠠᠭᠤᠯᠢ ᠵᠢᠨ ᠲᠠᠪᠴᠠᠩ ᠤᠨ ᠦᠢᠯᠡᠳᠦᠯ ᠢ ᠬᠦᠢᠴᠡᠳ ᠪᠠᠳᠠᠷᠠᠭᠤᠯᠵᠦ᠂ ᠬᠦᠭ᠍ᠵᠢᠵᠤ ᠪᠠᠢᠢᠭ᠎ᠠ ᠤᠯᠤᠰ ᠤᠳ ᠤᠨ ᠬᠠᠮᠳᠤᠷᠠᠯᠴᠠᠭ᠎ᠠ ᠵᠢ ᠠᠬᠢᠭᠤᠯᠵᠦ᠂ ᠦᠷᠭᠡᠨ ᠤᠯᠠᠨ ᠬᠦᠭ᠍ᠵᠢᠵᠦ ᠪᠠᠢᠢᠭ᠎ᠠ ᠤᠯᠤᠰ ᠬᠠᠮᠳᠤᠪᠡᠷ ᠬᠦᠭ᠍ᠵᠢᠯ ᠴᠡᠴᠡᠭᠯᠡᠯ ᠤᠨ ᠵᠠᠮ ᠢᠶᠡᠷ ᠵᠠᠮᠨᠠᠬᠤ ᠶᠢ ᠠᠬᠢᠭᠤᠯᠬᠤ ᠪᠤᠯᠤᠨ᠎ᠠ᠃

    ᠠᠩᠬᠠᠳᠤᠭᠠᠷ ᠬᠤᠭᠤᠴᠠᠭᠠᠨ ᠤ ᠲᠡᠬᠦᠰ᠋ᠬᠦ ᠰᠤᠷᠤᠬᠴᠢᠳ ᠪᠤᠯᠤᠭᠰ᠋ᠠᠨ ᠤ ᠬᠤᠪᠢ ᠳ᠋᠋ᠦ᠂ ᠲᠠᠨᠠᠷ ᠲᠤ ᠤᠮᠤᠬᠰᠢᠯ᠂ ᠦᠩᠭᠡ ᠭᠡᠷᠡᠯ ᠲᠠᠢ ᠪᠤᠳᠤᠬᠳᠠᠵᠤ ᠪᠠᠶᠢᠭ᠎ᠠ ᠨᠢ ᠶᠠᠷᠢᠶᠠᠨ ᠦᠭᠡᠢ᠃ ᠲᠠᠨᠠᠷ ᠴᠥᠬᠦᠷᠡᠯ ᠦᠭᠡᠢ ᠰᠤᠷᠤᠯᠴᠠᠨ᠂ ᠰᠤᠷᠤᠬᠰ᠋ᠠᠨ ᠡᠷᠳᠡᠮ ᠵᠢᠡᠨ ᠭᠡᠷᠡᠭᠯᠡᠵᠦ᠂ ᠠᠯᠤᠰ ᠢ ᠵᠤᠷᠢᠨ ᠤᠷᠬᠢᠯ ᠳ᠋᠋ᠦ ᠭᠠᠷᠴᠦ᠂ ᠤᠯᠤᠰ ᠤᠷᠤᠨ ᠳ᠋᠋ᠠᠭᠠᠨ ᠲᠤᠰ᠋ᠠ ᠲᠠᠢ ᠬᠦᠮᠦᠨ ᠪᠤᠯᠵᠦ᠂ ᠤᠯᠤᠰ ᠤᠨ ᠢᠶᠡᠨ ᠪᠠᠢᠢᠳᠠᠯ ᠳᠤ ᠨᠡᠢᠢᠴᠡᠭᠰ᠋ᠡᠨ ᠲᠤᠭᠳᠠᠪᠤᠷᠢᠲᠠᠢ ᠬᠦᠭ᠍ᠵᠢᠯᠳᠠ ᠶᠢᠨ ᠵᠠᠮ ᠢ ᠴᠢᠷᠮᠠᠢᠢᠨ ᠰᠦᠪᠡᠭ᠍ᠴᠢᠯᠡᠵᠦ᠂ ᠲᠤᠰ ᠲᠤᠰ ᠤᠨ ᠤᠯᠤᠰ ᠤᠨ ᠢᠶᠡᠨ ᠤᠳᠤᠷᠢᠳᠤᠬᠴᠢ ᠪᠤᠯᠬᠤ ᠵᠢ ᠬᠦᠰ᠋ᠡᠵᠤ ᠪᠠᠢᠢᠨ᠎ᠠ᠃ ᠲᠠᠨᠠᠷ ᠪᠠᠭᠰ᠋ᠢ ᠨᠠᠷ ᠪᠤᠯᠤᠨ ᠬᠠᠮᠳᠦ ᠰᠤᠷᠤᠬᠴᠢ᠂ ᠨᠠᠢᠢᠵᠠ ᠨᠠᠷ ᠲᠠᠢ ᠪᠠᠨ ᠳᠤᠮᠳᠠᠳᠤ ᠤᠯᠤᠰ ᠲᠦ ᠪᠠᠶᠢᠭᠤᠯᠤᠬᠰᠠᠨ ᠪᠠᠷᠢᠯᠳᠤᠯᠭ᠎ᠠ ᠪᠠᠨ ᠨᠠᠨᠳᠢᠩᠨᠠᠨ᠂ ᠲᠤᠰ ᠲᠤᠰ ᠤᠨ ᠤᠯᠤᠰ ᠪᠤᠯᠤᠨ ᠳᠤᠮᠳᠠᠳᠤ ᠤᠯᠤᠰ ᠯᠤᠭ᠎ᠠ ᠶᠢᠨ ᠨᠦᠬᠦᠷᠰᠡᠭ᠌᠌ ᠬᠠᠮᠳᠤᠷᠠᠯᠴᠠᠭᠠᠨ ᠤ ᠰᠢᠨ᠎ᠠ ᠬᠠᠭᠤᠳᠠᠰ᠋ᠤ ᠵᠢ ᠪᠢᠴᠢᠭᠯᠡᠵᠦ᠂ ᠪᠦᠬᠦ ᠪᠦᠮᠪᠦᠷᠴᠡᠭ ᠤᠨ ᠬᠦᠭ᠍ᠵᠢᠵᠤ ᠪᠠᠢᠢᠭ᠎ᠠ ᠤᠯᠤᠰ ᠤᠳ ᠤᠨ ᠬᠠᠮᠳᠤᠷᠠᠯᠴᠠᠭᠠᠨ ᠤ ᠦᠢᠯᠡᠳᠦᠯᠭᠡᠵᠢᠬᠦᠯᠦᠭᠴᠢ ᠪᠤᠯᠬᠤ ᠶᠢ ᠬᠦᠰ᠋ᠡᠵᠦ ᠪᠠᠢᠢᠨ᠎ᠠ᠃

    ᠭᠡᠷ ᠤᠨ ᠬᠦᠮᠦᠰ ᠲᠦ ᠴᠢᠨᠢ ᠮᠡᠨᠳᠦᠴᠢᠯᠡᠯ ᠬᠦᠷᠭᠡᠵᠤ ᠪᠠᠢᠢᠬᠤ ᠶᠢ ᠲᠠᠮᠵᠢᠭᠤᠯᠬᠤ ᠪᠤᠯᠪᠠᠤ᠂ ᠳᠤᠮᠳᠠᠳᠤ ᠤᠯᠤᠰ ᠲᠦ ᠳᠠᠬᠢᠨᠳᠠ ᠢᠷᠡᠬᠦ ᠵᠢ ᠴᠢᠨᠢ ᠪᠠᠶᠠᠷᠯᠠᠨ ᠤᠭᠳᠤᠵᠤ ᠪᠠᠢᠢᠨ᠎ᠠ!

                     ᠪᠦᠭᠦᠳᠡ ᠨᠠᠢᠢᠷᠠᠮᠳᠠᠬᠤ ᠳᠤᠮᠳᠠᠳᠤ ᠠᠷᠠᠳ ᠤᠯᠤᠰ ᠤᠨ ᠲᠡᠷᠢᠭᠦᠯᠡᠭᠴᠢ ᠰᠢ ᠵᠢᠨ ᠫᠢᠩ

                     2017 ᠤᠨ ᠤ 10 ᠰᠠᠷ᠎ᠠ ᠵᠢᠨ 11 ᠤ ᠡᠳᠦᠷ

    2015 ᠤᠨ ᠤ 9 ᠰᠠᠷ᠎ᠠ ᠳᠤ᠂ ᠰᠢ ᠵᠢᠨ ᠫᠢᠩ ᠨᠢᠬᠡᠳᠤᠭ᠍ᠰᠡᠨ ᠦᠨᠳᠦᠰᠦᠨ ᠤ ᠪᠠᠢᠢᠭᠤᠯᠤᠯᠭ᠎ᠠ ᠶᠢᠨ ᠪᠠᠢᠢᠭᠤᠯᠤᠭᠳᠠᠭᠰᠠᠨ 70 ᠵᠢᠯ ᠤᠨ ᠤᠢ ᠶᠢᠨ ᠴᠤᠪᠤᠷᠠᠯ ᠹᠤᠷᠦ᠋ᠮ ᠳᠤ ᠤᠷᠤᠯᠴᠠᠬᠤ ᠳ᠋ᠠᠭᠠᠨ᠂ ᠳᠤᠮᠳᠠᠳᠤ ᠤᠯᠤᠰ ᠬᠦᠭ᠍ᠵᠢᠵᠤ ᠪᠠᠢᠢᠭ᠎ᠠ ᠤᠯᠤᠰ ᠤᠳ ᠤᠨ ᠬᠠᠮᠲᠤᠷᠠᠯᠴᠠᠭ᠎ᠠ ᠪᠠ ᠬᠦᠭ᠍ᠵᠢᠯᠲᠠ ᠵᠢᠨ ᠳᠡᠭᠡᠳᠦ ᠰᠤᠷᠭᠠᠭᠤᠯᠢ  ᠪᠠᠢᠢᠭᠤᠯᠤᠨ᠎ᠠ ᠭᠡᠵᠤ ᠨᠡᠢᠢᠳᠡᠯᠡᠭᠰᠡᠨ ᠶᠤᠮ᠃ 2016 ᠤᠨ ᠤ 4 ᠰᠠᠷ᠎ᠠ ᠳᠤ᠂ ᠬᠦᠭ᠍ᠵᠢᠵᠤ ᠪᠠᠢᠢᠭ᠎ᠠ ᠤᠯᠤᠰ ᠤᠳ ᠤᠨ ᠬᠠᠮᠲᠤᠷᠠᠯᠴᠠᠭ᠎ᠠ ᠪᠠ ᠬᠦᠭ᠍ᠵᠢᠯᠲᠠ ᠵᠢᠨ ᠳᠡᠭᠡᠳᠦ ᠰᠤᠷᠭᠠᠭᠤᠯᠢ ᠪᠡᠭᠡᠵᠢᠩ ᠶᠡᠬᠡ ᠰᠤᠷᠭᠠᠭᠤᠯᠢ ᠳᠦ ᠠᠯᠪᠠᠨ ᠶᠤᠰᠤ ᠪᠡᠷ ᠪᠠᠢᠢᠭᠤᠯᠤᠭᠳᠠᠵᠠᠢ᠃ ᠲᠤᠰ ᠳᠡᠭᠡᠳᠦ ᠰᠤᠷᠭᠠᠭᠤᠯᠢ ᠵᠢᠨ ᠵᠤᠷᠢᠯᠳᠠ ᠪᠤᠯ ᠦᠷᠭᠡᠨ ᠤᠯᠠᠨ ᠬᠦᠭ᠍ᠵᠢᠵᠤ ᠪᠠᠢᠢᠭ᠎ᠠ ᠤᠯᠤᠰ ᠲᠦ ᠳᠡᠭᠡᠳᠦ ᠵᠡᠷᠭᠡᠯᠡᠯ ᠤᠨ ᠴᠢᠳᠠᠪᠤᠷᠢᠳᠠᠨ ᠬᠦᠮᠦᠵᠢᠭᠦᠯᠦᠨ ᠦᠭᠴᠤ᠂ ᠬᠦᠭ᠍ᠵᠢᠵᠤ ᠪᠠᠢᠢᠭ᠎ᠠ ᠤᠯᠤᠰ ᠤᠳ ᠤᠨ ᠤᠶᠢᠯᠠᠭᠠᠯᠴᠠᠭ᠎ᠠ ᠰᠤᠯᠢᠯᠴᠠᠭᠠᠨ ᠤ ᠲᠠᠪᠴᠠᠩ ᠪᠠᠢᠢᠭᠤᠯᠵᠤ᠂ ᠬᠦᠭ᠍ᠵᠢᠵᠤ ᠪᠠᠢᠢᠭ᠎ᠠ ᠤᠯᠤᠰ ᠤᠳ ᠤᠨ ᠬᠠᠮᠲᠤᠷᠠᠯᠴᠠᠭ᠎ᠠ ᠨᠢ ᠳᠡᠯᠡᠬᠡᠢ ᠵᠢᠨ ᠬᠠᠮᠲᠦ ᠵᠢᠨ ᠬᠦᠭ᠍ᠵᠢᠯᠳᠡ ᠳᠦ ᠨᠡᠩ ᠶᠡᠬᠡ ᠬᠦᠴᠦᠨ ᠨᠡᠮᠡᠷᠢᠯᠡᠬᠦ ᠵᠢ ᠠᠬᠢᠭᠤᠯᠬᠤ ᠶᠠᠪᠤᠳᠠᠯ ᠪᠤᠯᠤᠨ᠎ᠠ᠃

    ᠬᠦᠭ᠍ᠵᠢᠵᠤ ᠪᠠᠢᠢᠭ᠎ᠠ ᠤᠯᠤᠰ ᠤᠳ ᠤᠨ ᠬᠠᠮᠲᠤᠷᠠᠯᠴᠠᠭ᠎ᠠ ᠪᠠ ᠬᠦᠭ᠍ᠵᠢᠯᠲᠠ ᠵᠢᠨ ᠳᠡᠭᠡᠳᠦ ᠰᠤᠷᠭᠠᠭᠤᠯᠢ ᠵᠢᠨ ᠠᠩᠬᠠᠳᠤᠭᠠᠷ ᠬᠤᠭᠤᠴᠠᠭ᠎ᠠ ᠵᠢᠨ ᠲᠦᠰᠦᠯ 2016 ᠤᠨ ᠤ 9 ᠰᠠᠷ᠎ᠠ ᠳᠦ ᠰᠤᠷᠭᠠᠭᠤᠯᠢ ᠡᠬᠢᠯᠡᠭᠰᠡᠨ ᠶᠢᠡᠷ ᠪᠡᠶᠡᠯᠡᠯ ᠶᠢᠡᠨ ᠤᠯᠵᠤ᠂ ᠠᠽᠢᠶ᠎ᠠ ᠲᠢᠪ ᠠᠹᠷᠢᠺᠠ ᠲᠢᠪ ᠯᠠᠲ᠋ᠢᠨ ᠠᠮᠧᠷᠢᠺᠠ ᠲᠢᠪ ᠧᠦ᠋ᠷᠦᠫᠠ ᠲᠢᠪ ᠤᠨ 27 ᠬᠦᠭ᠍ᠵᠢᠵᠤ ᠪᠠᠢᠢᠭ᠎ᠠ ᠤᠯᠤᠰ ᠤᠳ ᠤᠨ ᠵᠠᠰᠠᠭ ᠤᠨ ᠤᠷᠳᠤᠨ ᠤ ᠲᠤᠰᠢᠶᠠᠯᠳᠠᠨ᠂ ᠵᠦᠪᠯᠡᠯᠭᠡᠨ ᠤ ᠬᠤᠷᠠᠯ ᠤᠨ ᠭᠡᠰᠢᠭᠦᠨ᠂ ᠮᠦᠩᠭᠦᠨ ᠭᠦᠢᠯᠭᠡᠭᠡᠨ ᠤ ᠠᠵᠢᠯᠳᠠᠨ ᠪᠤᠯᠤᠨ ᠡᠷᠳᠡᠮᠳᠡᠨ ᠵᠡᠷᠭᠡ 48 ᠬᠦᠮᠦᠨ ᠢ ᠠᠰᠫᠢᠷᠠᠨᠲ᠂ ᠳ᠋ᠤᠺᠲ᠋ᠤᠷᠠᠨᠲ ᠵᠢᠡᠷ ᠡᠯᠰᠡᠵᠠᠢ᠃ 2017 ᠤᠨ ᠤ 7 ᠰᠠᠷ᠎ᠠ ᠵᠢᠨ 6 ᠤ ᠡᠳᠦᠷ᠂ ᠬᠦᠭ᠍ᠵᠢᠵᠤ ᠪᠠᠢᠢᠭ᠎ᠠ ᠤᠯᠤᠰ ᠤᠳ ᠤᠨ ᠬᠠᠮᠲᠤᠷᠠᠯᠴᠠᠭ᠎ᠠ ᠪᠠ ᠬᠦᠭ᠍ᠵᠢᠯᠲᠠ ᠵᠢᠨ ᠳᠡᠭᠡᠳᠦ ᠰᠤᠷᠭᠠᠭᠤᠯᠢ ᠵᠢᠨ 26 ᠮᠠᠭᠢᠰᠲ᠋ᠷ ᠲᠡᠭᠦᠰᠦᠭᠰᠡᠳ ᠰᠤᠷᠭᠠᠭᠤᠯᠢ ᠲᠡᠭᠦᠰᠬᠦ ᠶᠤᠰᠤᠯᠠᠯ ᠳᠡᠭᠡᠷ᠎ᠠ ᠰᠢ ᠵᠢᠨ ᠫᠢᠩ ᠳᠦ ᠢᠯᠡᠭᠡᠭ᠍ᠰᠡᠨ ᠲᠠᠯᠠᠷᠬᠠᠯ ᠤᠨ ᠵᠠᠬᠢᠳᠠᠯ ᠵᠢᠡᠨ ᠤᠩᠰᠢᠵᠤ᠂ ᠳᠤᠮᠳᠠᠳᠤ ᠤᠯᠤᠰ ᠤᠨ ᠵᠠᠰᠠᠭ ᠤᠨ ᠤᠷᠳᠤᠨ ᠡᠴᠡ ᠳᠡᠳᠡᠨ ᠳᠦ ᠡᠷᠳᠡᠮ ᠮᠡᠳᠡᠯᠭᠡ ᠵᠢᠨ ᠲᠦᠪᠰᠢᠨ ᠵᠢᠡᠨ ᠳᠡᠭᠡᠭ᠍ᠰᠢᠯᠡᠭᠦᠯᠬᠦ ᠂ ᠳᠤᠮᠳᠠᠳᠤ ᠤᠯᠤᠰ ᠤᠨ ᠦᠭᠡᠷᠡᠴᠢᠯᠡᠯᠲᠡ ᠨᠡᠬᠡᠬᠡᠯᠲᠡ ᠶᠢᠨ ᠠᠮᠵᠢᠯᠲᠠ ᠶᠢᠨ ᠲᠤᠷᠰᠢᠯᠭ᠎ᠠ ᠵᠢ ᠰᠤᠷᠤᠯᠴᠠᠬᠤ ᠳᠦ ᠠᠵᠠ ᠳᠤᠬᠢᠶᠠᠯ ᠤᠯᠭᠤᠭᠰᠠᠨ ᠳᠦ ᠭᠦᠨ ᠲᠠᠯᠠᠷᠬᠠᠵᠤ᠂ ᠳᠡᠳᠡ ᠴᠤ ᠬᠦᠭ᠍ᠵᠢᠵᠤ ᠪᠠᠢᠢᠭ᠎ᠠ ᠤᠯᠤᠰ ᠤᠳ ᠤᠨ ᠬᠠᠮᠲᠤᠷᠠᠯᠴᠠᠭ᠎ᠠ ᠪᠠ ᠬᠦᠭ᠍ᠵᠢᠯᠲᠠ ᠵᠢᠨ ᠳᠡᠭᠡᠳᠦ ᠰᠤᠷᠭᠠᠭᠤᠯᠢ ᠳᠦ ᠰᠤᠷᠤᠯᠴᠠᠬᠤ ᠪᠠᠷ ᠳᠠᠮᠵᠢᠨ ᠳᠤᠳᠤᠷᠬᠠᠢ ᠤᠢᠢᠯᠠᠭᠠᠭᠳᠠᠬᠤᠨ ᠲᠠᠢ ᠪᠤᠯᠵᠤ ᠡᠯᠪᠡᠭ᠌ ᠪᠠᠶᠠᠯᠢᠭ ᠬᠠᠮᠢᠶᠠᠷᠤᠯᠲᠠ ᠶᠢᠨ ᠮᠡᠳᠡᠯᠭᠡ  ᠰᠤᠷᠤᠬᠰᠠᠨ ᠢᠶᠡᠨ ᠢᠯᠡᠳᠭᠡᠪᠡ᠃ ᠬᠦᠭ᠍ᠵᠢᠵᠤ ᠪᠠᠢᠢᠭ᠎ᠠ ᠤᠯᠤᠰ ᠤᠳ ᠤᠨ ᠬᠠᠮᠲᠤᠷᠠᠯᠴᠠᠭ᠎ᠠ ᠪᠠ ᠬᠦᠭ᠍ᠵᠢᠯᠲᠠ ᠶᠢᠨ ᠳᠡᠭᠡᠳᠦ ᠰᠤᠷᠭᠠᠭᠤᠯᠢ ᠰᠤᠷᠤᠭᠴᠢᠳ ᠤᠨ ᠢᠶᠡᠨ ᠲᠤᠰ ᠲᠤᠰ ᠤᠨ ᠤᠯᠤᠰ ᠲᠠᠭᠠᠨ ᠪᠤᠴᠠᠵᠤ ᠦᠭᠡᠷᠡᠴᠢᠯᠡᠯᠲᠡ ᠬᠦᠭ᠍ᠵᠢᠯᠲᠠ ᠵᠢᠨ ᠰᠢᠯᠢᠳᠡᠭ ᠤᠳᠤᠷᠢᠳᠤᠭᠴᠢ ᠪᠤᠯᠬᠤ  ᠳᠤ ᠨᠢ ᠬᠦᠴᠦᠨ ᠴᠡᠨᠡᠭᠯᠡᠭᠰᠡᠨ ᠨᠢ ᠳᠠᠮᠵᠢᠬ ᠦᠭᠡᠢ᠃

ᠢᠷᠡᠯᠳᠡ᠄ ᠰᠢᠨᠬᠤᠸᠠ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120691121825386