蒙古文网站Logo
ᠰᠢᠨᠬᠤᠸᠠ ᠮᠤᠩᠭ᠋ᠤᠯ ᠨᠧᠲ

ᠯᠢᠦ ᠶᠦᠨ ᠱᠠᠨ ᠶᠦᠨᠨᠠᠨ ᠮᠤᠵᠢ ᠶᠢᠨ ᠳᠦᠯᠦᠬᠡᠯᠡᠭᠴᠢᠳ ᠤᠨ ᠪᠦᠯᠬᠦᠮ ᠤᠨ ᠶᠠᠷᠢᠯᠴᠠᠭ᠎ᠠ ᠳᠤ ᠤᠷᠤᠯᠴᠠᠪᠠ

2017-10-19 17:47

    ᠰᠢᠨᠬᠤᠧᠠ ᠬᠤᠷᠢᠶ᠎ᠠ   ᠪᠡᠭᠡᠵᠢᠩ ᠤᠨ 10 ᠰᠠᠷ᠎ᠠ ᠶᠢᠨ 18 ᠤ ᠡᠳᠦᠷ ᠤᠨ ᠴᠠᠬᠢᠯᠭᠠᠨ ᠮᠡᠳᠡᠭᠡ   ᠯᠢᠦ ᠶᠦᠨ ᠱᠠᠨ ᠨᠦᠬᠦᠷ 18 ᠤ ᠦᠳᠡ ᠡᠴᠡ ᠬᠤᠶᠢᠰᠢ ᠦᠪᠡᠷ ᠤᠨ ᠢᠶᠡᠨ ᠪᠠᠢᠢᠭ᠎ᠠ ᠨᠠᠮ ᠤᠨ ᠠᠷᠪᠠ ᠶᠢᠰᠦᠳᠦᠭᠡᠷ ᠶᠡᠬᠡ ᠬᠤᠷᠠᠯ ᠤᠨ ᠶᠦᠨᠨᠠᠨ ᠮᠤᠵᠢ ᠢᠢᠨ ᠲᠦᠯᠥᠬᠡᠯᠡᠭᠴᠢᠳ ᠤᠨ ᠪᠦᠯᠬᠦᠮ ᠤᠨ ᠶᠠᠷᠢᠯᠴᠠᠭ᠎ᠠ ᠳ᠋ᠤ ᠤᠷᠤᠯᠴᠠᠬᠤ ᠳ᠋ᠠᠭᠠᠨ᠂ ᠰᠢ ᠵᠢᠨ ᠫᠢᠩ ᠤᠨ ᠰᠢᠨ᠎ᠠ ᠴᠠᠭ ᠦᠶ᠎ᠠ ᠢᠢᠨ ᠲᠤᠮᠳᠠᠳᠤ ᠤᠯᠤᠰ ᠤᠨ ᠤᠨᠴᠠᠯᠢᠭ ᠲᠠᠢ ᠨᠡᠢᠢᠬᠡᠮ ᠵᠢᠷᠤᠮ ᠤᠨ ᠦᠵᠡᠯ ᠰᠠᠨᠠᠭ᠎ᠠ ᠢᠢ ᠨᠠᠷᠢᠨ ᠬᠢᠨᠠᠮᠠᠭᠠᠢ ᠰᠤᠷᠤᠯᠴᠠᠨ ᠤᠢᠢᠯᠠᠭᠠᠵᠥ᠂ ᠰᠢᠨ᠎ᠠ ᠴᠠᠭ ᠦᠶ᠎ᠠ ᠰᠢᠨ᠎ᠠ ᠡᠬᠦᠷᠬᠡ ᠰᠢᠨ᠎ᠠ ᠠᠶᠠᠨ ᠰᠢᠨ᠎ᠠ ᠤᠨᠤᠯ ᠢ ᠬᠦᠨᠵᠡᠬᠡᠢ ᠡᠵᠡᠮᠰᠢᠵᠥ᠂ ᠦᠵᠡᠯ ᠰᠠᠨᠠᠭ᠎ᠠ ᠪᠤᠯᠤᠨ ᠤᠢᠢᠯᠠ ᠠᠵᠢᠯᠯᠠᠭ᠎ᠠ ᠪᠠᠨ ᠨᠠᠮ ᠤᠨ ᠠᠷᠪᠠ ᠶᠢᠰᠦᠳᠦᠭᠡᠷ ᠶᠡᠬᠡ ᠬᠤᠷᠠᠯ ᠤᠨ ᠵᠤᠷᠢᠭ ᠰᠠᠨᠠᠭ᠎ᠠ ᠲᠠᠢ ᠨᠢᠬᠡᠳᠬᠡᠬᠦ ᠬᠡᠷᠡᠭᠳᠡᠢ ᠬᠡᠵᠥ ᠬᠡᠯᠡᠪᠡ᠃

    10 ᠰᠠᠷ᠎ᠠ ᠵᠢᠨ 18 ᠤ ᠦᠳᠡ ᠡᠴᠡ ᠬᠤᠢᠢᠰᠢ᠂ ᠶᠦᠨᠨᠠᠨ ᠮᠤᠵᠢ ᠵᠢᠨ ᠲᠦᠯᠦᠭᠡᠯᠡᠭᠴᠢᠳ ᠤᠨ ᠪᠦᠯᠬᠦᠮ ᠤᠨ ᠲᠦᠯᠦᠭᠡᠯᠡᠭᠴᠢᠳ ᠨᠠᠮ ᠤᠨ ᠠᠷᠪᠠ ᠶᠢᠰᠦᠳᠦᠭᠡᠷ ᠶᠡᠬᠡ ᠬᠤᠷᠠᠯ ᠤᠨ ᠢᠯᠡᠳᠭᠡᠯ ᠤᠨ ᠲᠤᠭᠤᠷᠢᠨ ᠳᠦ ᠬᠦᠭᠵᠢᠶᠠᠨᠲᠠᠢ ᠶᠠᠷᠢᠯᠴᠠᠪᠠ᠃ ᠴᠧᠨ ᠬᠤᠤ᠂ ᠷᠤᠧᠠᠨ ᠴᠧᠩ ᠹᠠ᠂ ᠭᠤᠤ ᠳ᠋ᠧ ᠷᠦᠩ ᠵᠡᠷᠭᠡ ᠨᠦᠭᠦᠳ ᠤᠷᠢᠳ ᠬᠤᠵᠢᠳ ᠦᠭᠡ ᠬᠡᠯᠡᠪᠡ᠃ ᠲᠦᠯᠦᠭᠡᠯᠡᠭᠴᠢᠳ ᠤᠨ ᠦᠭᠡ ᠵᠢ ᠰᠤᠨᠤᠰᠤᠭᠰᠠᠨ ᠤ ᠳᠠᠷᠠᠭ᠎ᠠ ᠯᠢᠦ ᠶᠦᠨ ᠱᠠᠨ ᠦᠭᠡ ᠬᠡᠯᠡᠵᠠᠢ᠃ ᠲᠡᠷᠡ᠂ ᠰᠢ ᠵᠢᠨ ᠫᠢᠩ ᠨᠦᠬᠦᠷ ᠤᠨ ᠢᠯᠡᠳᠭᠡᠯ ᠨᠢ ᠲᠡᠤᠬᠡ ᠪᠠ ᠴᠠᠭ ᠦᠶ᠎ᠠ ᠵᠢᠨ ᠦᠨᠳᠦᠷᠴᠡ ᠡᠴᠡ ᠰᠢᠨ᠎ᠠ ᠴᠠᠭ ᠦᠶ᠎ᠠ ᠵᠢᠨ ᠳᠤᠮᠳᠠᠳᠤ ᠤᠯᠤᠰ ᠤᠨ ᠤᠨᠴᠠᠯᠢᠭ ᠲᠠᠢ ᠨᠡᠢᠢᠭᠡᠮ ᠵᠢᠷᠤᠮ ᠤᠨ ᠦᠵᠡᠯ ᠰᠠᠨᠠᠭ᠎ᠠ ᠪᠤᠯᠤᠨ ᠦᠨᠳᠦᠰᠦᠨ ᠠᠷᠭ᠎ᠠ ᠪᠤᠳᠤᠯᠭ᠎ᠠ ᠵᠢ ᠳᠤᠳᠤᠷᠬᠠᠢ ᠳᠤᠷᠠᠳᠴᠤ᠂ ᠰᠢᠨ᠎ᠠ ᠴᠠᠭ ᠦᠶ᠎ᠠ ᠳᠦ ᠳᠤᠮᠳᠠᠳᠤ ᠤᠯᠤᠰ ᠤᠨ ᠤᠨᠴᠠᠯᠢᠭ ᠲᠠᠢ ᠨᠡᠢᠢᠭᠡᠮ ᠵᠢᠷᠤᠮ ᠢ ᠪᠠᠷᠢᠮᠲᠠᠯᠠᠨ ᠬᠦᠭᠵᠢᠭᠦᠯᠬᠦ ᠠᠯᠢ ᠤᠯᠠᠨ ᠴᠢᠬᠤᠯᠠ ᠶᠡᠬᠡ ᠤᠨᠤᠯ ᠪᠤᠯᠤᠨ ᠦᠢᠯᠡᠳᠦᠯᠭᠡ ᠵᠢᠨ ᠠᠰᠠᠭᠤᠳᠠᠯ ᠳᠦ ᠭᠦᠨᠵᠡᠭᠡᠢ ᠬᠠᠷᠢᠭᠤᠯᠲᠠ ᠦᠭᠴᠠᠢ᠂ ᠡᠨᠡ ᠪᠤᠯ ᠨᠢᠭᠡᠨ ᠲᠤᠭ ᠲᠡᠮᠳᠡᠭ ᠢ ᠡᠷᠭᠦᠭᠰᠡᠨ᠂ ᠴᠢᠭᠯᠡᠯ ᠢ ᠵᠢᠭᠠᠭᠰᠠᠨ᠂ ᠠᠷᠭ᠎ᠠ ᠪᠤᠳᠤᠯᠭ᠎ᠠ ᠵᠢ ᠳᠤᠳᠤᠷᠬᠠᠢᠢᠯᠠᠭᠰᠠᠨ᠂ ᠠᠤᠭ᠎ᠠ ᠲᠦᠰᠦᠪ ᠢ ᠵᠢᠷᠤᠭᠯᠠᠭᠰᠠᠨ ᠰᠠᠢᠢᠨ ᠢᠯᠡᠳᠭᠡᠯ ᠪᠤᠯᠤᠨ᠎ᠠ᠂ ᠭᠡᠷᠡᠯ ᠰᠠᠴᠤᠷᠠᠩᠭᠤᠢ ᠮᠡᠷᠺᠰ ᠤᠨ ᠦᠵᠡᠯ ᠤᠨ ᠬᠦᠳᠦᠯᠪᠦᠷᠢ ᠵᠢᠨ ᠴᠢᠨᠠᠷᠲᠠᠢ ᠪᠢᠴᠢᠭ᠌ ᠮᠠᠲ᠋ᠧᠷᠢᠶᠠᠯ ᠪᠤᠯᠤᠨ᠎ᠠ᠂ ᠰᠢᠨ᠎ᠠ ᠴᠠᠭ ᠦᠶ᠎ᠠ ᠳᠦ ᠳᠤᠮᠳᠠᠳᠤ ᠤᠯᠤᠰ ᠤᠨ ᠤᠨᠴᠠᠯᠢᠭ ᠲᠠᠢ ᠨᠡᠢᠢᠭᠡᠮ ᠵᠢᠷᠤᠮ ᠤᠨ ᠠᠭᠤᠤ ᠶᠡᠬᠡ ᠢᠯᠠᠯᠲᠠ ᠵᠢ ᠲᠡᠮᠡᠴᠡᠨ ᠤᠯᠬᠤ ᠤᠯᠤᠰ ᠲᠦᠷᠦ ᠵᠢᠨ ᠲᠤᠩᠬᠠᠭ ᠪᠤᠯᠤᠨ ᠠᠵᠢᠯᠯᠠᠭᠠᠨ ᠤ ᠬᠦᠳᠦᠯᠪᠦᠷᠢ ᠪᠤᠯᠤᠨ᠎ᠠ᠃ ᠪᠢᠳᠡ ᠨᠠᠷᠢᠨ ᠬᠢᠨᠠᠮᠠᠭᠠᠢ ᠰᠤᠷᠤᠯᠴᠠᠨ ᠤᠢᠢᠯᠠᠭᠠᠵᠤ᠂ ᠡᠷᠡᠰ ᠲᠤᠤᠱᠯᠠᠭᠤᠯᠤᠨ ᠨᠠᠢᠢᠳᠠᠪᠤᠷᠢᠵᠢᠭᠤᠯᠬᠤ ᠬᠡᠷᠡᠭᠲᠠᠢ ᠭᠡᠪᠡ᠃

    ᠯᠢᠦ ᠶᠦᠨ ᠱᠠᠨ᠂ ᠨᠠᠮ ᠦᠨ ᠠᠷᠪᠠᠨ ᠨᠠᠶ᠋ᠮᠠᠳᠤᠭᠠᠷ ᠶᠡᠬᠡ ᠬᠤᠷᠠᠯ ᠡᠴᠡ ᠨᠠᠰᠢ᠂ ᠨᠠᠮ ᠪᠤᠯᠤᠨ ᠤᠯᠤᠰ ᠦᠨ ᠤᠢᠢᠯᠡᠰ ᠲᠤ ᠲᠡᠤᠬᠡᠳᠤ ᠴᠢᠨᠠᠷᠳᠠᠢ ᠬᠤᠪᠢᠷᠠᠯᠳᠠ ᠭᠠᠷᠴᠤ᠂ ᠲᠡᠤᠬᠡᠳᠤ ᠴᠢᠨᠠᠷᠳᠠᠢ ᠦᠷ᠎ᠠ ᠪᠦᠳᠤᠬᠡᠯ ᠤᠯᠵᠤ᠂ ᠡᠨᠡ ᠨᠢ ᠮᠠᠨ ᠦ ᠨᠠᠮ ᠦᠨ ᠲᠡᠤᠬᠡ᠂ ᠪᠦᠬᠦᠳᠠ ᠨᠠᠢᠢᠷᠠᠮᠳᠠᠬᠤ ᠳᠤᠮᠳᠠᠳᠤ ᠠᠷᠠᠳ ᠤᠯᠤᠰ ᠦᠨ ᠲᠡᠤᠬᠡ᠂ ᠳᠤᠮᠳᠠᠳᠤ ᠢᠢᠨ ᠦᠨᠳᠤᠰᠤᠳᠠᠨ ᠦ ᠲᠡᠤᠬᠡᠨ ᠳᠤ ᠬᠦᠰᠢᠶ᠎ᠠ ᠲᠡᠮᠳᠡᠭ ᠪᠦᠬᠦᠢ ᠠᠴᠢ ᠬᠤᠯᠪᠤᠬᠳᠠᠯ ᠳᠠᠢ ᠶᠤᠮ᠃ ᠡᠳᠡᠬᠡᠷ ᠦᠷ᠎ᠠ ᠪᠦᠳᠤᠮᠵᠢ ᠢᠢ ᠤᠯᠤᠬᠰᠠᠨ ᠦᠨᠳᠤᠰᠤ ᠨᠢ ᠶᠠᠷᠤᠩᠬᠡᠢ ᠱᠦᠵᠢ ᠰᠢ ᠵᠢᠨ ᠫᠢᠩ ᠤᠨ ᠡᠨᠡᠬᠦ ᠪᠠᠳᠤ ᠴᠢᠩᠭ᠎ᠠ ᠭᠤᠤᠯᠯᠠᠬᠴᠢ ᠢᠢᠨ ᠵᠢᠯᠤᠭᠤᠳᠤᠯᠭ᠎ᠠ ᠳᠤ ᠪᠠᠢᠢᠵᠤ᠂ ᠨᠠᠮ ᠦᠨ ᠲᠦᠪ ᠬᠤᠷᠢᠶᠠᠨ ᠦ ᠲᠦᠪᠯᠡᠷᠡᠭᠰᠡᠨ ᠨᠢᠬᠡᠳᠤᠯᠳᠠᠢ ᠤᠳᠤᠷᠢᠳᠤᠯᠭ᠎ᠠ ᠳᠤ ᠪᠠᠢᠢᠵᠤ᠂ ᠳᠤᠮᠳᠠᠳᠤ ᠤᠯᠤᠰ ᠦᠨ ᠡᠪ ᠬᠠᠮᠳᠤ ᠨᠠᠮ ᠦᠨ ᠤᠳᠤᠷᠢᠳᠤᠯᠭ᠎ᠠ ᠪᠤᠯᠤᠨ ᠳᠤᠮᠳᠠᠳᠤ ᠤᠯᠤᠰ ᠦᠨ ᠤᠨᠴᠠᠯᠢᠬ ᠳᠠᠢ ᠨᠡᠢᠢᠬᠡᠮ ᠵᠢᠷᠤᠮ ᠦᠨ ᠦᠪᠡᠷᠮᠢᠴᠠ ᠲᠠᠪᠠᠭᠤᠯᠢᠬ ᠢ ᠤᠯᠠᠮ ᠵᠢᠨᠷ ᠢᠯᠡᠷᠡᠬᠦᠯᠵᠠᠢ ᠬᠡᠵᠤ ᠬᠡᠯᠡᠪᠡ᠃

    ᠯᠢᠤ ᠶᠦᠨ ᠱᠠᠠ᠂ ᠨᠠᠮ ᠤᠨ ᠠᠷᠪᠠ ᠶᠢᠰᠦᠲᠦᠭᠡᠷ ᠶᠡᠬᠡ ᠬᠤᠷᠠᠯ ᠤᠨ ᠢᠯᠡᠳᠭᠡᠯ ᠳ᠋ᠤ ᠲᠤᠮᠲᠠᠲᠤ ᠤᠯᠤᠰ ᠤᠨ ᠤᠨᠴᠠᠯᠢᠭ ᠲᠠᠢ ᠨᠡᠢᠢᠭᠡᠮ ᠵᠢᠷᠤᠮ ᠰᠢᠨ᠎ᠠ ᠴᠠᠭ ᠦᠶ᠎ᠠ ᠳ᠋ᠤ ᠤᠷᠤᠵᠠᠢ ᠭᠡᠵᠦ ᠲᠤᠷᠠᠳᠴᠠᠢ᠂ ᠡᠨᠡ ᠪᠤᠯ ᠨᠠᠮ ᠪᠠ ᠤᠯᠤᠰ ᠤᠨ ᠬᠦᠭᠵᠢᠯᠲᠠ ᠢᠢᠨ ᠲᠡᠤᠬᠡ ᠢᠢᠨ ᠪᠠᠢᠢᠷᠢ ᠰᠠᠭᠤᠷᠢ ᠢᠢᠨ ᠤᠨᠤᠪᠴᠢᠲᠠᠢ ᠬᠤᠷᠢᠶᠠᠩᠭᠤᠢᠢᠯᠠᠯ ᠮᠦᠨ᠃ ᠰᠢᠨ᠎ᠠ ᠴᠠᠭ ᠦᠶ᠎ᠠ ᠢᠢ ᠲᠠᠨᠢᠵᠦ ᠤᠢᠢᠯᠠᠭᠠᠬᠤ ᠳ᠋ᠤ ᠰᠢᠨ᠎ᠠ ᠡᠬᠢᠯᠡᠯᠲᠡ ᠢᠢᠨ ᠴᠡᠭ᠂ ᠰᠢᠨ᠎ᠠ ᠡᠬᠦᠷᠭᠡ ᠬᠠᠷᠢᠭᠤᠴᠠᠯᠭ᠎ᠠ᠂ ᠰᠢᠨ᠎ᠠ ᠠᠶᠠᠠ ᠢ ᠡᠵᠡᠮᠲᠡᠬᠦ ᠨᠢ ᠴᠢᠬᠤᠯᠠ᠃ ᠲᠤᠮᠲᠠᠲᠤ ᠤᠯᠤᠰ ᠤᠨ ᠤᠨᠴᠠᠯᠢᠭ ᠲᠠᠢ ᠨᠡᠢᠢᠭᠡᠮ ᠵᠢᠷᠤᠮ ᠰᠢᠨ᠎ᠠ ᠬᠦᠭᠵᠢᠯᠲᠠ ᠢᠢᠨ ᠱᠠᠲᠤᠨ ᠳ᠋ᠤ ᠤᠷᠤᠵᠦ᠂ ᠨᠠᠮ ᠪᠠ ᠤᠯᠤᠰ ᠤᠨ ᠦᠢᠯᠡᠰ ᠰᠢᠨ᠎ᠠ ᠲᠡᠤᠭᠡ ᠢᠢᠨ ᠡᠬᠢᠯᠡᠯᠲᠡ ᠢᠢᠨ ᠴᠡᠭ ᠲᠡᠭᠡᠷ᠎ᠠ ᠤᠷᠤᠰᠢᠵᠦ ᠪᠠᠢᠢᠬᠤ ᠢᠢ ᠬᠦᠨᠵᠡᠭᠡᠢ ᠲᠠᠨᠢᠬᠤ ᠬᠡᠷᠡᠭᠲᠡᠢ; ᠠᠭᠤᠤ ᠶᠡᠬᠡ ᠲᠡᠮᠡᠴᠡᠯ ᠬᠢᠵᠦ᠂ ᠠᠭᠤᠤ ᠶᠡᠬᠡ ᠢᠨᠵᠧᠨ᠋᠋ᠧᠷᠢᠩ ᠢ ᠪᠦᠳᠦᠭᠡᠨ ᠪᠠᠢᠢᠭᠤᠯᠵᠦ᠂ ᠠᠭᠤᠤ ᠶᠡᠬᠡ ᠦᠢᠯᠡᠰ ᠢ ᠠᠬᠢᠭᠤᠯᠵᠦ᠂ ᠠᠭᠤᠤ ᠶᠡᠬᠡ ᠵᠡᠭᠦᠲᠦ ᠢᠢ ᠲᠡᠷᠭᠡᠯᠰᠢᠭᠦᠯᠬᠦ ᠨᠢ ᠤᠲᠤ ᠦᠶ᠎ᠠ ᠢᠢᠨ ᠲᠤᠮᠲᠠᠲᠤ ᠤᠯᠤᠰ ᠤᠨ ᠡᠪ ᠬᠠᠮᠲᠤᠴᠤᠳ ᠤᠨ ᠡᠬᠦᠷᠭᠡ ᠬᠠᠷᠢᠭᠤᠴᠠᠯᠭ᠎ᠠ ᠪᠠ ᠡᠬᠦᠷᠭᠡᠯᠡᠯ ᠮᠦᠨ ᠭᠡᠰᠡᠡ ᠢ ᠬᠦᠨᠵᠡᠭᠡᠢ ᠲᠠᠨᠢᠬᠤ ᠬᠡᠷᠡᠭᠲᠡᠢ; ᠴᠢᠨᠡᠭᠡᠯᠢᠭ ᠨᠡᠢᠢᠭᠡᠮ ᠢ ᠪᠦᠬᠦ ᠲᠠᠯ᠎ᠠ ᠪᠠᠷ ᠪᠡᠶᠡᠯᠡᠭᠦᠯᠬᠦ ᠰᠢᠢᠳᠪᠦᠷᠢᠳᠤ ᠢᠯᠠᠯᠲᠠ ᠢᠢ ᠤᠯᠬᠤ᠂ ᠨᠡᠢᠢᠭᠡᠮ ᠵᠢᠷᠤᠮ ᠤᠨ ᠤᠲᠤᠬᠢᠴᠢᠯᠠᠭᠰᠠᠠ ᠤᠯᠤᠰ ᠢ ᠪᠦᠬᠦ ᠲᠠᠯ᠎ᠠ ᠪᠡᠷ ᠪᠦᠳᠦᠭᠡᠨ ᠪᠠᠢᠢᠭᠤᠯᠬᠤ ᠰᠢᠨ᠎ᠠ ᠠᠶᠠᠠ ᠤ ᠡᠬᠦᠷᠭᠡ ᠬᠠᠷᠠᠯᠲᠠ ᠢᠢ ᠬᠦᠨᠵᠡᠭᠡᠢ ᠲᠠᠨᠢᠬᠤ ᠬᠡᠷᠡᠭᠲᠡᠢ; ᠰᠢᠨ᠎ᠠ ᠴᠠᠭ ᠦᠶ᠎ᠠ ᠳ᠋ᠤ ᠨᠠᠮ ᠨᠢ ᠰᠢᠨ᠎ᠠ ᠵᠢᠳᠭᠦᠯ ᠭᠠᠷᠭᠠᠬᠤ ᠬᠡᠷᠡᠭᠲᠠᠢ ᠬᠡᠳᠡᠭ ᠢ ᠭᠦᠨᠵᠡᠭᠡᠢ ᠲᠠᠨᠢᠵᠤ᠂ ᠨᠠᠮ ᠤᠨ ᠤᠯᠤᠰ ᠲᠦᠷᠦ ᠢᠢᠨ ᠪᠠᠢᠢᠭᠤᠯᠤᠯᠲᠠ ᠪᠠᠷ ᠶᠡᠷᠦᠩᠭᠡᠢᠢᠯᠡᠨ ᠵᠢᠯᠤᠭᠤᠲᠤᠭᠤᠯᠵᠦ᠂ ᠨᠠᠮ ᠤᠨ ᠪᠠᠢᠢᠭᠤᠯᠤᠯᠲᠠ ᠢᠢ ᠪᠦᠬᠦ ᠲᠠᠯ᠎ᠠ ᠪᠠᠷ ᠴᠢᠩᠭᠠᠳᠬᠠᠠ᠂ ᠭᠤᠢᠢᠪᠢᠰᠢ ᠦᠭᠡᠢ ᠪᠡᠷ ᠪᠦᠬᠦ ᠲᠠᠯ᠎ᠠ ᠪᠠᠷ ᠨᠠᠮ ᠢ ᠴᠢᠩᠭ᠎ᠠ ᠵᠠᠰᠠᠬᠤ ᠬᠡᠷᠡᠭᠲᠡᠢ ᠬᠡᠵᠥ ᠬᠡᠯᠡᠪᠡ᠃

    ᠯᠢᠦ ᠶᠦᠨ ᠱᠠᠨ᠂ ᠰᠢᠨ᠎ᠠ ᠴᠠᠭ ᠦᠶ᠎ᠠ ᠳ᠋ᠦ ᠰᠢᠨ᠎ᠠ ᠤᠨᠤᠯ ᠪᠤᠢ ᠪᠤᠯᠵᠦ᠂ ᠰᠢᠨ᠎ᠠ ᠤᠨᠤᠯ ᠢᠶᠡᠷ ᠰᠢᠨ᠎ᠠ ᠦᠢᠯᠡᠳᠦᠯᠭᠡ ᠵᠢ ᠬᠦᠳᠦᠯᠦᠨ ᠵᠢᠯᠤᠭᠤᠳᠤᠨ᠎ᠠ᠃ ᠰᠢ ᠵᠢᠨ ᠫᠢᠩ ᠤᠨ ᠰᠢᠨ᠎ᠠ ᠴᠠᠭ ᠦᠶ᠎ᠠ ᠵᠢᠨ ᠳᠤᠮᠳᠠᠳᠤ ᠤᠯᠤᠰ ᠤᠨ ᠤᠨᠴᠠᠯᠢᠭ ᠲᠠᠢ ᠨᠡᠢᠢᠭᠡᠮ ᠵᠢᠷᠤᠮ ᠤᠨ ᠦᠵᠡᠯ ᠰᠠᠨᠠᠭ᠎ᠠ ᠨᠢ ᠮᠠᠷᠺᠰ ᠤᠨ ᠦᠵᠡᠯ ᠤᠨ ᠰᠢᠨ᠎ᠠ ᠠᠬᠤᠢ ᠪᠠᠢᠢᠳᠠᠯ᠂ ᠳᠤᠮᠳᠠᠳᠤ ᠤᠯᠤᠰ ᠤᠨ ᠤᠨᠴᠠᠯᠢᠭ ᠲᠠᠢ ᠰᠢᠨ᠎ᠠ ᠠᠬᠤᠢ ᠪᠠᠢᠢᠳᠠᠯ᠂ ᠨᠠᠮ ᠤᠨ ᠲᠦᠷᠦ ᠵᠢ ᠵᠠᠰᠠᠵᠦ ᠵᠠᠰᠠᠬ ᠢ ᠡᠷᠬᠢᠯᠡᠬᠦ ᠰᠢᠨ᠎ᠠ ᠠᠬᠤᠢ ᠪᠠᠢᠢᠳᠠᠯ᠂ ᠨᠠᠮ ᠢ ᠬᠠᠮᠢᠶᠠᠷᠬᠤ ᠨᠠᠮ ᠢ ᠵᠠᠰᠠᠬᠤ ᠰᠢᠨ᠎ᠠ ᠪᠠᠢᠢᠳᠠᠯ ᠢ ᠨᠡᠭᠡᠭᠡᠵᠡᠢ᠃ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠨᠢ ᠰᠢ ᠵᠢᠨ ᠫᠢᠩ ᠤᠨ ᠰᠢᠨ᠎ᠠ ᠴᠠᠭ ᠦᠶ᠎ᠠ ᠵᠢᠨ ᠳᠤᠮᠳᠠᠳᠤ ᠤᠯᠤᠰ ᠤᠨ ᠤᠨᠴᠠᠯᠢᠭ ᠲᠠᠢ ᠨᠡᠢᠢᠭᠡᠮ ᠵᠢᠷᠤᠮ ᠤᠨ ᠦᠵᠡᠯ ᠰᠠᠨᠠᠭ᠎ᠠ ᠵᠢ ᠨᠠᠮ ᠤᠨ ᠡᠷᠭᠡᠪᠰᠢ ᠤᠷᠳᠤ ᠬᠤᠭᠤᠴᠠᠭ᠎ᠠ ᠪᠡᠷ ᠪᠠᠷᠢᠮᠳᠠᠯᠠᠬᠤ ᠴᠢᠬᠤᠯᠠᠳᠠᠢ ᠵᠢᠯᠤᠭᠤᠳᠬᠤ ᠦᠵᠡᠯ ᠰᠠᠨᠠᠭ᠎ᠠ ᠪᠡᠷ ᠲᠤᠭᠳᠠᠭᠠᠵᠦ᠂ ᠨᠠᠮ ᠤᠨ ᠵᠢᠯᠤᠭᠤᠳᠬᠤ ᠦᠵᠡᠯ ᠰᠠᠨᠠᠭ᠎ᠠ ᠵᠢᠨ ᠲᠠᠬᠢᠨ ᠨᠢᠭᠡ ᠤᠳᠠᠭ᠎ᠠ ᠴᠠᠭ ᠦᠶ᠎ᠠ ᠵᠢ ᠲᠠᠭᠠᠨ ᠪᠦᠬᠦ ᠲᠠᠯ᠎ᠠ ᠪᠠᠷ ᠤᠷᠤᠬᠰᠢᠯᠠᠬᠤ ᠵᠢ ᠪᠡᠶᠡᠯᠡᠬᠦᠯᠤᠨ᠂ ᠴᠢᠬᠤᠯᠠ ᠶᠡᠭᠡ ᠤᠯᠤᠰ ᠲᠦᠷᠦ ᠵᠢᠨ ᠠᠴᠢ ᠬᠤᠯᠪᠤᠭᠳᠠᠯ᠂ ᠤᠨᠤᠯ ᠤᠨ ᠠᠴᠢ ᠬᠤᠯᠪᠤᠭᠳᠠᠯ᠂ ᠦᠢᠯᠡᠳᠦᠯᠭᠡ ᠵᠢᠨ ᠠᠴᠢ ᠬᠤᠯᠪᠤᠭᠳᠠᠯ ᠲᠠᠢ ᠶᠤᠮ᠃ ᠦᠷᠭᠡᠨ ᠤᠯᠠᠨ ᠨᠠᠮ ᠤᠨ ᠭᠡᠰᠢᠬᠦᠨ ᠺᠠᠳ᠋ᠷ《ᠲᠦᠷᠪᠡᠨ ᠤᠬᠠᠮᠰᠠᠷ》 ᠢ ᠴᠢᠩᠭᠠᠳᠬᠠᠵᠦ᠂ ᠡᠨᠡᠬᠦ ᠦᠵᠡᠯ ᠰᠠᠨᠠᠭᠠᠨ ᠤ ᠴᠠᠭ ᠦᠶ᠎ᠠ ᠵᠢᠨ ᠤᠷᠴᠢᠨ ᠠᠬᠤᠢ᠂ ᠲᠡᠦᠭᠡ ᠵᠢᠨ ᠪᠠᠢᠢᠷᠢ ᠰᠠᠭᠤᠷᠢ᠂ ᠰᠢᠨᠵᠢᠯᠡᠬᠦ ᠤᠬᠠᠭᠠᠨ ᠤ ᠰᠢᠰᠲ᠋ᠧᠮ᠂ ᠵᠤᠷᠢᠭ ᠰᠠᠨᠠᠭᠠᠨ ᠤ ᠮᠦᠨ ᠴᠢᠨᠠᠷ᠂ ᠦᠢᠯᠡᠳᠦᠯᠭᠡ ᠵᠢᠨ ᠱᠠᠭᠠᠷᠳᠠᠯᠭ᠎ᠠ ᠵᠢ ᠬᠦᠨᠵᠡᠭᠡᠢ ᠡᠵᠡᠮᠰᠢᠵᠦ᠂ ᠡᠬᠦᠨ ᠤ ᠳᠤᠮᠳᠠᠬᠢ ᠡᠷᠡᠰ ᠪᠠᠳᠤ ᠢᠳᠡᠭᠡᠯ ᠪᠢᠰᠢᠷᠡᠯ᠂ ᠢᠯᠠ ᠳᠤᠳᠤ ᠠᠷᠠᠳ ᠲᠦᠮᠡᠨ ᠤ ᠵᠤᠬᠰᠤᠯᠳᠠ᠂ ᠪᠠᠳᠤ ᠴᠢᠨᠭᠭ᠎ᠠ ᠲᠡᠦᠭᠡ ᠵᠢᠨ ᠡᠬᠦᠷᠭᠡᠯᠡᠯ᠂ ᠦᠨᠡᠨ ᠢ ᠪᠠᠷᠢᠮᠳᠠᠯᠠᠵᠦ ᠪᠤᠳᠠᠳᠠᠢ ᠵᠢ ᠡᠷᠬᠢᠮᠯᠡᠬᠦ ᠰᠤᠷᠳᠠᠯ᠂ ᠵᠤᠷᠢᠬᠳᠠᠢ ᠪᠡᠷ ᠰᠢᠨ᠎ᠠ ᠵᠢ ᠡᠬᠦᠳᠬᠦ ᠵᠤᠷᠢᠭ ᠰᠠᠨᠠᠭ᠎ᠠ ᠪᠠ ᠰᠢᠨᠵᠢᠯᠡᠬᠦ ᠤᠬᠠᠭᠠᠨᠴᠢ ᠠᠷᠭ᠎ᠠ ᠵᠢᠨ ᠤᠨᠤᠯ ᠢ ᠬᠦᠨᠵᠡᠭᠡᠢ ᠡᠵᠡᠮᠰᠢᠵᠦ᠂ ᠨᠠᠮ ᠤᠨ ᠤᠨᠤᠯ ᠤᠨ ᠰᠢᠨ᠎ᠠ ᠡᠬᠦᠳᠦᠯᠳᠠ ᠪᠡᠷ ᠲᠡᠷᠢᠬᠢ ᠲᠤᠯᠤᠭᠠᠢ ᠪᠡᠨ ᠵᠡᠪᠰᠡᠭᠯᠡᠵᠦ᠂ ᠦᠢᠯᠡᠳᠦᠯᠭᠡ ᠵᠢ ᠵᠢᠯᠤᠭᠤᠳᠴᠦ᠂ ᠠᠵᠢᠯ ᠵᠢᠨᠨ ᠠᠬᠢᠭᠤᠯᠬᠤ ᠭᠡᠷᠡᠭᠲᠡᠢ ᠭᠡᠵᠥ ᠬᠡᠯᠡᠪᠡ᠃

ᠢᠷᠡᠯᠳᠡ᠄ ᠦᠪᠦᠷ ᠮᠤᠩᠭᠤᠯ ᠤᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121827617