ᠸᠠᠩ ᠴᠢ ᠱᠠᠨ ᠨᠠᠮ ᠤᠨ ᠠᠷᠪᠠ ᠶᠢᠰᠦᠳᠦᠭᠡᠷ ᠶᠡᠬᠡ ᠬᠤᠷᠠᠯ ᠤᠨ ᠬᠤᠨᠠᠨ ᠮᠤᠵᠢ ᠢᠢᠨ ᠲᠦᠯᠥᠬᠡᠯᠡᠭᠴᠢᠳ ᠤᠨ ᠪᠦᠯᠬᠦᠮ ᠤᠨ ᠶᠠᠷᠢᠯᠴᠠᠭ᠎ᠠ ᠳ᠋ᠤ ᠤᠷᠤᠯᠴᠠᠬᠤ ᠳ᠋ᠠᠭᠠᠨ ᠲᠤᠭ ᠲᠡᠮᠳᠡᠭ ᠲᠤᠳᠤᠷᠬᠠᠢ ᠪᠡᠷ ᠨᠠᠮ ᠤᠨ ᠤᠳᠤᠷᠢᠳᠤᠯᠭ᠎ᠠ ᠢᠢ ᠪᠠᠷᠢᠮᠳᠠᠯᠠᠵᠥ ᠠᠷᠠᠳ ᠲᠦᠮᠡᠨ ᠳ᠋ᠤ ᠬᠢᠭᠰᠡᠡ ᠲᠦᠪ ᠴᠢᠨᠭᠭ᠎ᠠ ᠠᠮᠠᠯᠠᠯᠳᠠ ᠪᠡᠨ ᠬᠦᠢᠴᠡᠳᠬᠡᠬᠦ ᠬᠡᠷᠡᠭᠳᠡᠢ ᠬᠡᠵᠤ ᠴᠢᠬᠤᠯᠠᠴᠢᠯᠠᠪᠠ 2017-10-20 11:21

    ᠰᠢᠨᠬᠤᠧᠠ ᠬᠤᠷᠢᠶ᠎ᠠ   ᠪᠡᠭᠡᠵᠢᠩ ᠤᠨ 10 ᠰᠠᠷ᠎ᠠ ᠶᠢᠨ 19 ᠤ ᠡᠳᠦᠷ ᠤᠨ ᠴᠠᠬᠢᠯᠭᠠᠨ ᠮᠡᠳᠡᠭᠡ   ᠸᠠᠩ ᠴᠢ ᠱᠠᠨ ᠨᠦᠬᠦᠷ 19 ᠤ ᠡᠳᠤᠷ ᠦᠪᠡᠷ ᠤᠨ ᠢᠶᠡᠨ ᠪᠠᠢᠢᠭ᠎ᠠ ᠨᠠᠮ ᠤᠨ ᠠᠷᠪᠠ ᠶᠢᠰ᠋ᠦᠳᠦᠭᠡᠷ ᠶᠡᠬᠡ ᠬᠤᠷᠠᠯ ᠤᠨ ᠬᠤᠨᠠᠨ ᠮᠤᠵᠢ ᠢᠢᠨ ᠲᠦᠯᠥᠬᠡᠯᠡᠭᠴᠢᠳ ᠤᠨ ᠪᠦᠯᠬᠦᠮ ᠤᠨ ᠶᠠᠷᠢᠯᠴᠠᠭ᠎ᠠ ᠳ᠋ᠤ ᠤᠷᠤᠯᠴᠠᠬᠤ ᠳ᠋ᠠᠭᠠᠨ᠂ ᠰᠢ ᠵᠢᠨ ᠫᠢᠩ ᠨᠦᠬᠦᠷ ᠤᠨ ᠨᠠᠮ ᠤᠨ ᠠᠷᠪᠠᠨ ᠨᠠᠶ᠋ᠮᠠᠳᠤᠭᠠᠷ ᠬᠤᠭᠤᠴᠠᠭᠠᠨ ᠤ ᠲᠦᠪ ᠬᠤᠷᠢᠶ᠎ᠠ ᠶᠢ ᠳᠦᠯᠦᠭᠡᠯᠡᠨ ᠬᠢᠭ᠍ᠰ᠋ᠡᠡ ᠢᠯᠡᠳᠬᠡᠯ ᠳ᠋ᠤ ᠲᠤᠮᠳᠠᠳᠤ ᠤᠯᠤᠰ ᠤᠨ ᠤᠨᠴᠠᠯᠢᠭ ᠲᠠᠢ ᠨᠡᠢᠢᠬᠡᠮ ᠵᠢᠷᠤᠮ ᠰᠢᠨ᠎ᠠ ᠴᠠᠭ ᠦᠶ᠎ᠠ ᠳ᠋ᠤ ᠤᠷᠤᠭᠰ᠋ᠠᠠ ᠬᠡᠬᠦ ᠴᠢᠬᠤᠯᠠ ᠶᠡᠬᠡ ᠤᠯᠤᠰ ᠲᠦᠷᠦ ᠢᠢᠨ ᠮᠠᠭᠠᠳᠯᠠᠯᠳᠠ ᠬᠢᠵᠥ᠂ ᠴᠢᠨᠡᠭᠡᠯᠢᠭ᠌ ᠨᠡᠢᠢᠬᠡᠮ ᠢ ᠪᠦᠬᠦ ᠲᠠᠯ᠎ᠠ ᠪᠡᠷ ᠪᠡᠶᠡᠯᠡᠬᠦᠯᠬᠦ ᠰᠢᠢᠳᠪᠤᠷᠢᠳᠤ ᠢᠯᠠᠯᠳᠠ ᠢᠢ ᠤᠯᠬᠤ᠂ ᠨᠡᠢᠢᠬᠡᠮ ᠵᠢᠷᠤᠮ ᠤᠨ ᠤᠳᠤᠬᠢᠴᠢᠯᠠᠭᠰ᠋ᠠᠠ ᠤᠯᠤᠰ ᠢ ᠪᠦᠬᠦ ᠲᠠᠯ᠎ᠠ ᠪᠡᠷ ᠪᠦᠳᠦᠭᠡᠨ ᠪᠠᠢᠢᠭᠤᠯᠬᠤ ᠠᠤᠭ᠎ᠠ ᠲᠦᠰ᠋ᠦᠪ ᠢ ᠵᠢᠷᠤᠭᠯᠠᠵᠥ᠂ ᠵᠠᠮ ᠤᠨ ᠢᠳᠡᠭᠡᠯ᠂ ᠤᠨᠤᠯ ᠤᠨ ᠢᠳᠡᠬᠡᠯ᠂ ᠪᠠᠢᠢᠭᠤᠯᠤᠯ ᠤᠨ ᠢᠳᠡᠬᠡᠯ᠂ ᠰᠤᠶᠤᠯ ᠤᠨ ᠢᠳᠡᠬᠡᠯ ᠢ ᠢᠯᠡᠷᠡᠬᠦᠯᠵᠥ᠂ ᠨᠠᠮ ᠡᠴᠡ ᠠᠷᠠᠳ ᠲᠦᠮᠡᠨ ᠳ᠋ᠤ ᠲᠦᠪ ᠴᠢᠩᠭ᠎ᠠ ᠠᠮᠠᠯᠠᠯᠳᠡ ᠬᠢᠵᠥ᠂ ᠰᠢᠨ᠎ᠠ ᠴᠠᠭ ᠦᠶ᠎ᠠ ᠢᠢᠨ ᠲᠤᠮᠳᠠᠳᠤ ᠤᠯᠤᠰ ᠤᠨ ᠤᠨᠴᠠᠯᠢᠭ ᠲᠠᠢ ᠨᠡᠢᠢᠬᠡᠮ ᠵᠢᠷᠤᠮ ᠤᠨ ᠠᠭᠤᠤ ᠶᠡᠬᠡ ᠢᠯᠠᠯᠳᠠ ᠢᠢ ᠲᠡᠮᠡᠴᠡᠨ ᠤᠯᠬᠤ ᠬᠦᠳᠦᠯᠪᠤᠷᠢ ᠢᠢᠨ ᠴᠢᠨᠠᠷᠳᠠᠢ ᠪᠢᠴᠢᠭ᠌ ᠮᠠᠲ᠋ᠧᠷᠢᠶᠠᠯ ᠪᠤᠯᠵᠥ᠂ ᠡᠨᠡ ᠨᠢ ᠯᠠᠪᠳᠠᠶ᠎ᠠ ᠲᠤᠮᠳᠠᠳᠤ ᠢᠢᠨ ᠦᠨᠳᠦᠰ᠋ᠦᠳᠡᠨ ᠤ ᠨᠢᠬᠳᠠᠷᠠᠯ ᠤᠨ ᠬᠦᠴᠦᠨ ᠲᠦᠪᠯᠡᠬᠦ ᠬᠦᠴᠦᠨ ᠢ ᠲᠤᠢᠢᠯ ᠤᠨ ᠶᠡᠬᠡᠪᠡᠷ ᠨᠡᠮᠡᠭᠳᠡᠬᠦᠯᠬᠦ ᠪᠤᠯᠤᠨ᠎ᠠ᠃ ᠲᠦᠯᠥᠬᠡᠯᠡᠭᠴᠢ ᠪᠤᠯᠤᠭᠰ᠋ᠠᠠ ᠤ ᠬᠤᠪᠢ ᠪᠡᠷ᠂ ᠪᠢ ᠡᠨᠡᠬᠦ ᠢᠯᠡᠳᠬᠡᠯ ᠢ ᠪᠦᠷᠢᠨ ᠵᠦᠪᠰ᠋ᠢᠶᠡᠷᠡᠵᠥ᠂ ᠪᠦᠷᠢᠨ ᠬᠦᠷᠢᠶᠡᠯᠡᠵᠥ ᠪᠠᠢᠢᠨ᠎ᠠ ᠬᠡᠵᠥ ᠵᠢᠭᠠᠵᠥ ᠭᠠᠷᠭᠠᠪᠠ᠃

    ᠸᠠᠩ ᠴᠢ ᠱᠠᠠ᠂ ᠲᠦᠮᠡᠨ ᠭᠠᠵᠠᠷ ᠤᠨ ᠠᠶᠠᠨ ᠲᠦᠷᠦᠭᠦᠤ ᠠᠯᠬᠤᠮ ᠡᠴᠡ ᠡᠬᠢᠯᠡᠲᠡᠭ᠂ ᠬᠦᠴᠢᠷ ᠪᠡᠷᠭᠡᠰ᠋ᠢᠶᠠᠯ ᠢ ᠲᠤᠭᠤᠯᠪᠠᠯ ᠠᠮᠵᠢᠯᠳᠠ ᠳᠤ ᠬᠦᠷᠴᠤ ᠴᠢᠳᠠᠳᠠᠬ᠃ ᠨᠠᠮ ᠤᠨ ᠠᠷᠪᠠᠠ ᠨᠠᠶ᠋ᠮᠠᠲᠤᠭᠠᠷ ᠶᠡᠬᠡ ᠬᠤᠷᠠᠯ ᠡᠴᠡ ᠨᠠᠰ᠋ᠢᠬᠢ 5 ᠵᠢᠯ ᠪᠤᠯ ᠨᠠᠮ ᠪᠠ ᠤᠯᠤᠰ ᠤᠨ ᠬᠦᠭᠵᠢᠯᠲᠠ ᠢᠢᠨ ᠠᠬᠢᠴᠠ ᠳ᠋ᠡᠬᠢ ᠲᠦᠢᠯ ᠤᠨ ᠶᠡᠷᠦ ᠪᠤᠰ᠋ᠤ᠂ ᠰᠦᠷ ᠵᠢᠪᠬᠤᠯᠠᠩ ᠲᠠᠢ 5 ᠵᠢᠯ ᠪᠤᠯᠤᠨ᠎ᠠ᠃ ᠰᠢ ᠵᠢᠨ ᠫᠢᠩ ᠨᠦᠬᠦᠷ ᠢᠶᠡᠷ ᠭᠤᠤᠯ ᠪᠤᠯᠭᠠᠭᠰ᠋ᠠᠠ ᠨᠠᠮ ᠤᠨ ᠲᠦᠪ ᠬᠤᠷᠢᠶ᠎ᠠ ᠤᠭ ᠰᠠᠨᠠᠭ᠎ᠠ ᠪᠠᠠ ᠦᠯᠦ ᠮᠠᠷᠲᠠᠠ᠂ ᠡᠷᠡᠮᠡᠭᠡᠢᠢᠯᠡ ᠡᠤᠷᠤᠭᠰ᠋ᠢᠯᠠᠵᠦ᠂ ᠲᠡᠯᠡᠬᠡᠢ ᠪᠠ ᠤᠯᠤᠰ ᠤᠨ ᠲᠤᠲᠤᠭᠠᠲᠤ ᠢᠢᠨ ᠮᠠᠰ᠋ᠢ ᠤᠯᠠᠠ ᠠᠶᠤᠯ ᠲᠦᠭᠰ᠋ᠢᠬᠦᠷᠢ ᠪᠤᠯᠤᠨ ᠦᠷᠢᠰ᠋ᠦᠯᠲᠦᠭᠡᠡ ᠢ ᠪᠦᠲᠦᠮᠵᠢᠲᠠᠢ ᠠᠷᠭᠠᠴᠠᠵᠦ᠂ ᠤᠷᠲᠤ ᠬᠤᠭᠤᠴᠠᠭᠠᠠ ᠤ ᠲᠤᠷᠰ᠋ᠢ ᠰᠢᠢᠳᠪᠦᠷᠢᠯᠡᠬᠦ ᠭᠡᠵᠦ ᠪᠤᠲᠤᠵᠦ ᠪᠠᠢᠢᠭᠰ᠋ᠠᠠ ᠪᠤᠯᠪᠠᠴᠤ ᠰᠢᠢᠳᠪᠦᠷᠢᠯᠡᠵᠦ ᠲᠡᠢᠢᠯᠦᠭᠰ᠋ᠡᠡ ᠦᠭᠡᠢ ᠬᠦᠴᠢᠷ ᠠᠰ᠋ᠠᠭᠤᠲᠠᠯ ᠢ ᠰᠢᠢᠳᠪᠦᠷᠢᠯᠡᠵᠦ᠂ ᠦᠩᠭᠡᠷᠡᠭᠰ᠋ᠡᠡ ᠳ᠋ᠤ ᠪᠦᠲᠦᠭᠡᠬᠦ ᠭᠡᠵᠦ ᠪᠤᠲᠤᠵᠦ ᠪᠠᠢᠢᠭᠰ᠋ᠠᠠ ᠪᠤᠯᠪᠠᠴᠤ ᠪᠦᠲᠦᠭᠡᠵᠦ ᠲᠡᠢᠢᠯᠦᠭᠰ᠋ᠡᠡ ᠦᠭᠡᠢ ᠲᠤᠮᠤ ᠤᠴᠢᠷ ᠢ ᠪᠦᠲᠦᠭᠡᠵᠦ᠂ ᠪᠦᠬᠦ ᠲᠠᠯ᠎ᠠ ᠢᠢᠨ᠂ ᠡᠭᠦᠲᠦᠯᠳᠡ ᠵᠢᠨ ᠴᠢᠨᠠᠷ ᠲᠠᠢ ᠠᠮᠵᠢᠯᠲᠠ ᠤᠯᠵᠦ᠂ ᠲᠤᠮᠲᠠᠲᠤ ᠤᠯᠤᠰ ᠤᠨ ᠤᠨᠴᠠᠯᠢᠭ ᠲᠠᠢ ᠨᠡᠢᠢᠭᠡᠮ ᠵᠢᠷᠤᠮ ᠤᠨ ᠰᠢᠨ᠎ᠠ ᠴᠠᠭ ᠦᠶ᠎ᠠ ᠢᠢ ᠡᠬᠢᠯᠡᠭᠦᠯᠵᠠᠢ᠃ ᠨᠠᠮ ᠪᠤᠯᠤᠨ ᠤᠯᠤᠰ ᠦᠨ ᠠᠵᠢᠯ ᠤᠢᠢᠯᠡᠰ ᠦᠨ ᠬᠦᠭᠵᠢᠯᠳᠠ ᠳᠤ ᠲᠡᠤᠬᠡᠳᠤ ᠴᠢᠨᠠᠷᠳᠠᠢ ᠬᠤᠪᠢᠷᠠᠯᠳᠠ ᠭᠠᠷᠤᠬᠰ᠋ᠠᠨ ᠦᠨᠳᠤᠰ᠋ᠤᠨ ᠰᠢᠯᠳᠠᠭᠠᠨ ᠨᠢ ᠰᠢ ᠵᠢᠨ ᠫᠢᠩ ᠨᠦᠬᠦᠷ ᠢᠶᠡᠷ ᠭᠤᠤᠯ ᠪᠤᠯᠭᠠᠬᠰ᠋ᠠᠨ ᠨᠠᠮ ᠦᠨ ᠲᠦᠪ ᠬᠤᠷᠢᠶᠠᠨ ᠦ ᠪᠠᠳᠤ ᠴᠢᠨᠭᠭ᠎ᠠ ᠤᠳᠤᠷᠢᠳᠤᠯᠭ᠎ᠠ ᠳᠤ ᠪᠤᠢ᠃ ᠶᠠᠷᠤᠩᠬᠡᠢ ᠱᠦᠵᠢ ᠰᠢ ᠵᠢᠨ ᠫᠢᠩ ᠨᠠᠮ ᠦᠨ ᠤᠳᠤᠷᠢᠳᠤᠯᠭ᠎ᠠ ᠢᠢ ᠪᠠᠷᠢᠮᠳᠠᠯᠠᠬᠤ ᠳᠤ ᠲᠤᠬ ᠲᠡᠮᠳᠡᠭ ᠳᠤᠳᠤᠷᠬᠠᠢ᠂ ᠵᠤᠬᠰ᠋ᠤᠯᠳᠠ ᠪᠠᠳᠤ ᠪᠠᠢᠢᠵᠤ᠂ ᠬᠡᠯᠡᠵᠤ ᠪᠠᠢᠢᠬᠤ ᠪᠡᠷ ᠪᠠᠷᠠᠬᠤ ᠦᠬᠡᠢ᠂ ᠨᠡᠩ ᠴᠤ ᠬᠢᠵᠤ ᠪᠤᠢ᠂ ᠶᠠᠮᠠᠷᠪᠠ ᠬᠦᠷᠢᠶ᠎ᠠ ᠪᠠ ᠶᠠᠮᠠᠷᠪᠠ ᠠᠵᠢᠯ ᠳᠤ ᠬᠡᠰ᠋ᠡᠨ ᠦᠬᠡᠢ᠂ ᠴᠦᠮ ᠨᠠᠮ ᠦᠨ ᠤᠳᠤᠷᠢᠳᠤᠯᠭ᠎ᠠ ᠢᠢ ᠴᠢᠩᠭᠠᠳᠬᠠᠬᠤ ᠡᠴᠡ ᠭᠠᠷᠳᠠᠵᠤ᠂ ᠪᠠᠳᠤ ᠴᠢᠩᠭ᠎ᠠ ᠡᠭᠦᠷᠭᠡᠯᠡᠯ ᠢᠶᠡᠷ ᠨᠠᠮ ᠦᠨ ᠲᠦᠪ ᠬᠤᠷᠢᠶᠠᠨ ᠦ ᠲᠦᠪᠯᠡᠷᠡᠭᠰ᠋ᠡᠨ ᠨᠢᠬᠡᠳᠤᠯᠳᠠᠢ ᠤᠳᠤᠷᠢᠳᠤᠯᠭ᠎ᠠ ᠢᠢᠨ ᠡᠷᠬᠡ ᠰᠦᠷ ᠢ ᠪᠤᠢ ᠪᠤᠯᠭᠠᠵᠤ᠂ ᠨᠠᠮ ᠦᠨ ᠤᠳᠤᠷᠢᠳᠤᠯᠭ᠎ᠠ ᠪᠠᠭᠤᠷᠠᠢ ᠪᠠᠢᠢᠬᠤ᠂ ᠨᠠᠮ ᠦᠨ ᠪᠠᠢᠢᠭᠤᠯᠤᠯᠳᠠ ᠲᠤᠳᠠᠬᠳᠠᠯ ᠲᠠᠢ ᠪᠠᠢᠢᠬᠤ᠂ ᠨᠠᠮ ᠢ ᠴᠢᠩᠭ᠎ᠠ ᠵᠠᠰ᠋ᠠᠬᠤ ᠡᠷᠴᠢᠮ ᠰᠤᠯᠠ ᠪᠠᠢᠢᠬᠤ ᠪᠠᠢᠢᠳᠠᠯ ᠢ ᠦᠨᠳᠤᠰ᠋ᠤᠨ ᠡᠴᠡ ᠨᠢ ᠬᠤᠪᠢᠷᠠᠭᠤᠯᠵᠤ᠂ ᠳᠤᠮᠳᠠᠳᠤ ᠤᠯᠤᠰ ᠦᠨ ᠤᠨᠴᠠᠯᠢᠬ ᠳᠠᠢ ᠨᠡᠢᠢᠬᠡᠮ ᠵᠢᠷᠤᠮ ᠦᠨ ᠬᠠᠮᠤᠬ ᠦᠨ ᠮᠦᠨ ᠴᠢᠨᠠᠷ ᠪᠦᠬᠦᠢ ᠤᠨᠴᠠᠯᠢᠬ ᠢ ᠦᠨᠡᠨᠬᠦ ᠢᠯᠡᠷᠡᠬᠦᠯᠵᠤ᠂ ᠨᠠᠮ ᠪᠤᠯᠤᠨ ᠤᠯᠤᠰ ᠦᠨ ᠤᠷᠤᠬᠰ᠋ᠢᠯᠠᠯᠳᠠ ᠢᠢᠨ ᠴᠢᠭᠯᠡᠯ ᠢ ᠲᠦᠪ ᠪᠤᠯᠭᠠᠪᠠ᠃ ᠨᠠᠮ ᠦᠨ ᠤᠳᠤᠷᠢᠳᠤᠯᠭ᠎ᠠ ᠢᠢ ᠪᠠᠳᠤ ᠪᠠᠷᠢᠮᠳᠠᠯᠠᠪᠠᠯ᠂ ᠳᠤᠮᠳᠠᠳᠤ ᠢᠢᠨ ᠦᠨᠳᠤᠰ᠋ᠤᠳᠠᠨ ᠦ ᠠᠭᠤᠤ ᠶᠡᠬᠡ ᠰᠡᠷᠬᠦᠨ ᠮᠠᠨᠳᠤᠯᠳᠠ ᠬᠤᠷᠢᠬᠯᠠᠬᠳᠠᠰ᠋ᠢ ᠦᠬᠡᠢ ᠭᠡᠳᠡᠭ ᠢ ᠲᠡᠤᠬᠡ ᠪᠤᠯᠤᠨ ᠪᠤᠳᠠᠳᠤ ᠠᠬᠤᠢ ᠴᠦᠮ ᠭᠦᠢᠴᠡᠳ ᠭᠡᠷᠡᠴᠢᠯᠡᠵᠤ ᠪᠠᠢᠢᠨ᠎ᠠ ᠭᠡᠵᠦ ᠵᠢᠭᠠᠵᠦ ᠭᠠᠷᠭᠠᠪᠠ᠃

    ᠸᠠᠩ ᠴᠢ ᠱᠠᠨ᠂ ᠮᠠᠨ ᠤ ᠨᠠᠮ ᠢᠯᠠᠯᠲᠠ ᠡᠴᠡ ᠢᠯᠠᠯᠲᠠ ᠲᠡᠰ᠋ᠢ ᠲᠠᠰ᠋ᠤᠷᠠᠯᠳᠠ ᠦᠭᠡᠢ ᠤᠷᠤᠭᠰ᠋ᠢᠯᠠᠵᠤ ᠴᠢᠳᠠᠭᠰ᠋ᠠᠨ ᠤ ᠦᠨᠳᠦᠰ᠋ᠦᠨ ᠰᠢᠯᠳᠠᠭᠠᠨ ᠨᠢ ᠮᠠᠷᠺᠰ ᠤᠨ ᠦᠵᠡᠯ ᠤᠨ ᠦᠨᠳᠦᠰ᠋ᠦᠨ ᠤᠭ ᠶᠤᠰ᠋ᠤ ᠵᠢ ᠳᠤᠮᠳᠠᠳᠤ ᠵᠢᠨ ᠤᠯᠠᠮᠵᠢᠯᠠᠯᠲᠦ ᠰᠤᠶᠤᠯ ᠤᠨ ᠭᠤᠤᠯ ᠴᠢᠮᠦᠭᠡ ᠯᠦ᠋ᠭᠡ ᠠᠭᠤᠰ᠋ᠤᠯᠴᠠᠭᠤᠯᠵᠤ᠂ ᠳᠤᠮᠳᠠᠳᠤ ᠤᠯᠤᠰ ᠤᠨ ᠪᠤᠳᠠᠳᠠᠢ ᠪᠠᠢᠢᠳᠠᠯ ᠯᠤᠭ᠎ᠠ ᠤᠶᠠᠯᠳᠤᠭᠤᠯᠤᠭᠰ᠋ᠠ ᠳᠤ ᠪᠠᠢᠢᠨ᠎ᠠ᠃ ᠰᠢ ᠵᠢᠨ ᠫᠢᠩ ᠤᠨ ᠰᠢᠨ᠎ᠠ ᠴᠠᠭ ᠦᠶ᠎ᠠ ᠵᠢᠨ ᠳᠤᠮᠳᠠᠳᠤ ᠤᠯᠤᠰ ᠤᠨ ᠤᠨᠴᠠᠯᠢᠭ ᠲᠠᠢ ᠨᠡᠢᠢᠭᠡᠮ ᠵᠢᠷᠤᠮ ᠤᠨ ᠦᠵᠡᠯ ᠰᠠᠨᠠᠭ᠎ᠠ ᠪᠤᠯ ᠮᠠᠷᠺᠰ ᠤᠨ ᠦᠵᠡᠯ ᠤᠨ ᠳᠤᠮᠳᠠᠳᠤ ᠤᠯᠤᠰ᠋ᠴᠢᠯᠠᠭᠰ᠋ᠠᠨ ᠬᠠᠮᠤᠭ ᠤᠨ ᠰᠢᠨ᠎ᠠ ᠦᠷ᠎ᠠ ᠪᠦᠲᠦᠬᠡᠯ ᠮᠦᠨ᠂ ᠳᠤᠮᠳᠠᠳᠤ ᠤᠯᠤᠰ ᠤᠨ ᠢᠷᠡᠭᠡᠳᠦᠢ ᠵᠢᠨ ᠤᠷᠤᠭᠰ᠋ᠢᠯᠠᠯᠲᠠ ᠵᠢᠨ ᠴᠢᠭᠯᠡᠯ ᠢ ᠬᠠᠷᠠᠭᠤᠯᠵᠤ ᠪᠠᠢᠢᠨ᠎ᠠ᠃ ᠠᠭᠤᠤ ᠶᠡᠬᠡ ᠲᠡᠮᠡᠴᠡᠯ ᠢ ᠦᠷᠨᠢᠭᠦᠯᠬᠦ᠂ ᠠᠭᠤᠤ ᠶᠡᠬᠡ ᠢᠨᠵᠧᠨᠧᠷᠢᠩ ᠢ ᠪᠦᠲᠦᠭᠡᠨ ᠪᠠᠢᠢᠭᠤᠯᠬᠤ᠂ ᠠᠭᠤᠤ ᠶᠡᠬᠡ ᠦᠢᠯᠡᠰ ᠢ ᠠᠬᠢᠭᠤᠯᠬᠤ᠂ ᠠᠭᠤᠤ ᠶᠡᠬᠡ ᠬᠦᠰ᠋ᠡᠯ ᠵᠡᠭᠦᠳᠦ ᠶᠢ ᠪᠡᠶᠡᠯᠡᠭᠦᠯᠬᠦ ᠳᠤ ᠡᠷᠬᠡᠪᠰ᠋ᠢ ᠴᠠᠭ ᠦᠶ᠎ᠠ ᠲᠠᠢ ᠵᠡᠷᠭᠡᠴᠡᠨ ᠤᠷᠤᠭᠰ᠋ᠢᠯᠠᠬᠤ ᠤᠨᠤᠯ ᠤᠨ ᠬᠡᠪ ᠴᠢᠨᠠᠷ ᠢ ᠪᠠᠳᠠᠷᠠᠭᠤᠯᠵᠤ᠂ ᠰᠢᠨ᠎ᠠ ᠤᠨᠤᠯ ᠢᠶᠡᠷ ᠪᠦᠬᠦ ᠨᠠᠮ ᠢ ᠵᠡᠪᠰ᠋ᠡᠭᠯᠡᠨ᠂ ᠦᠢᠯᠡᠳᠦᠯᠭᠡ ᠪᠠᠨ ᠵᠢᠯᠤᠭᠤᠳᠤᠭᠤᠯᠬᠤ ᠬᠡᠷᠡᠭᠲᠠᠢ᠃ ᠳᠤᠮᠳᠠᠳᠤ ᠤᠯᠤᠰ ᠤᠨ ᠤᠨᠴᠠᠯᠢᠭ ᠲᠠᠢ ᠨᠡᠢᠢᠭᠡᠮ ᠵᠢᠷᠤᠮ ᠤᠨ ᠦᠵᠡᠯ ᠰᠠᠨᠠᠭ᠎ᠠ ᠵᠢ ᠬᠢᠨᠠᠮᠠᠭᠠᠢ ᠰᠤᠷᠤᠯᠴᠠᠵᠦ᠂ ᠦᠨᠡᠨᠬᠦ ᠡᠵᠡᠮᠰ᠋ᠢᠵᠦ᠂ ᠦᠪᠡᠷ ᠵᠢᠡᠨ ᠤᠷᠤᠯᠴᠠᠵᠦ᠂ ᠦᠵᠡᠯ ᠰᠠᠨᠠᠭ᠎ᠠ ᠪᠠ ᠠᠵᠢᠯ ᠤᠨ ᠪᠤᠳᠠᠳᠤ ᠪᠠᠢᠢᠳᠠᠯ ᠲᠠᠢ ᠨᠢᠬᠳᠠ ᠬᠤᠯᠪᠤᠵᠦ᠂ ᠤᠯᠤᠰ ᠲᠦᠷᠦ ᠪᠠ ᠶᠡᠭᠡ ᠲᠠᠯ᠎ᠠ ᠡᠴᠡ ᠭᠤᠤᠯᠯᠠᠬᠴᠢ ᠲᠠᠢ ᠨᠢᠭᠡᠳᠦᠯᠳᠠᠢ ᠪᠠᠢᠢᠵᠦ᠂ ᠰᠤᠷᠤᠯᠴᠠᠬᠤ ᠰᠡᠳᠬᠢᠬᠦ ᠦᠢᠯᠡᠳᠦᠯᠭᠡᠵᠢᠬᠦᠯᠬᠦ ᠡᠵᠡᠮᠰ᠋ᠢᠬᠦ ᠵᠢᠨ ᠳᠤᠮᠳᠠ ᠨᠡᠪᠳᠡᠷᠭᠡᠢ ᠤᠢᠢᠯᠠᠭᠠᠵᠦ᠂ ᠰᠢᠯᠭᠠᠯᠳᠠ ᠪᠠ ᠳᠠᠪᠳᠠᠯᠳᠠ ᠳᠤᠮᠳᠠ ᠤᠬᠠᠮᠰ᠋ᠠᠷ ᠢᠶᠡᠨ ᠳᠡᠭᠡᠭᠰ᠋ᠢᠯᠡᠬᠦᠯᠵᠦ᠂ ᠰᠡᠳᠬᠢᠯ ᠳ᠋ᠡᠭᠡᠨ ᠰᠢᠩᠭᠡᠭᠡᠵᠤ᠂ ᠠᠵᠢᠯᠯᠠᠭ᠎ᠠ ᠳᠡᠭᠡᠷ᠎ᠡ ᠪᠡᠨ ᠢᠯᠡᠷᠡᠬᠦᠯᠵᠦ᠂ ᠠᠷᠪᠠ ᠶᠢᠰ᠋ᠦᠳᠦᠭᠡᠷ ᠶᠡᠭᠡ ᠬᠤᠷᠠᠯ ᠤᠨ ᠪᠠᠢᠢᠯᠳᠤᠬᠤ ᠪᠤᠳᠤᠯᠭ᠎ᠠ ᠵᠢᠨ ᠪᠠᠢᠢᠷᠢᠯᠠᠭᠤᠯᠤᠯᠳᠠ ᠵᠢ ᠦᠨᠡᠨᠬᠦ ᠪᠤᠳᠠᠳᠠᠢ ᠳ᠋ᠦ ᠨᠡᠢᠢᠳᠠᠪᠤᠷᠢᠵᠢᠭᠤᠯᠵᠦ᠂ ᠨᠠᠮ ᠤᠨ ᠠᠷᠠᠳ ᠲᠦᠮᠡᠨ ᠳ᠋ᠦ ᠠᠮᠠᠯᠳᠠᠭᠰ᠋ᠠᠨ ᠠᠮᠠᠯᠠᠯᠳᠠ ᠵᠢ ᠪᠡᠶᠡᠯᠡᠬᠦᠯᠬᠦ ᠭᠡᠷᠡᠭᠲᠡᠢ ᠬᠡᠵᠥ ᠴᠢᠬᠤᠯᠠᠴᠢᠯᠠᠪᠠ᠃

    ᠸᠠᠩ ᠴᠢ ᠱᠠᠨ᠂ ᠪᠦᠬᠦ ᠲᠠᠯ᠎ᠠ ᠪᠡᠷ ᠨᠠᠮ ᠢ ᠴᠢᠩᠭ᠎ᠠ ᠵᠠᠰ᠋ᠠᠬᠤ ᠪᠤᠯ ᠨᠢᠭᠡᠨ ᠠᠭᠤᠤ ᠶᠡᠭᠡ ᠪᠡᠶᠡᠴᠢ ᠬᠤᠪᠢᠰ᠋ᠬᠠᠯ ᠮᠦᠨ᠂ ᠨᠠᠮ ᠰᠢᠨ᠎ᠠ ᠴᠠᠭ ᠦᠶ᠎ᠠ ᠵᠢᠨ ᠲᠡᠦᠭᠡᠳᠦ ᠡᠬᠦᠷᠭᠡ ᠪᠡᠨ ᠪᠡᠶᠡᠯᠡᠬᠦᠯᠬᠦ ᠳ᠋ᠦ ᠡᠷᠭᠡᠪᠰ᠋ᠢ ᠡᠷᠡᠰ ᠭᠤᠢᠢᠪᠢᠰ᠋ᠢ ᠦᠭᠡᠢ ᠪᠡᠷ ᠨᠠᠮ ᠤᠨ ᠤᠳᠤᠷᠢᠳᠤᠯᠭ᠎ᠠ ᠵᠢ ᠪᠠᠷᠢᠮᠳᠠᠯᠠᠨ ᠳᠡᠬᠦᠯᠳᠡᠷᠵᠢᠬᠦᠯᠵᠦ᠂ ᠡᠷᠡᠰ ᠭᠤᠢᠢᠪᠢᠰ᠋ᠢ ᠦᠭᠡᠢ ᠪᠡᠷ ᠨᠠᠮ ᠤᠨ ᠪᠠᠢᠢᠭᠤᠯᠤᠯᠳᠠ ᠵᠢᠨ ᠰᠢᠨ᠎ᠠ ᠠᠭᠤᠤ ᠶᠡᠭᠡ ᠢᠨᠵᠧᠨᠧᠷᠢᠩ ᠢ ᠠᠬᠢᠭᠤᠯᠬᠤ ᠭᠡᠷᠡᠭᠲᠡᠢ᠃ ᠨᠠᠮ ᠤᠨ ᠤᠳᠤᠷᠢᠳᠤᠯᠭ᠎ᠠ ᠪᠤᠯ ᠬᠡᠢᠢᠰ᠋ᠪᠤᠷᠢ ᠪᠢᠰ᠋ᠢ ᠦᠨᠡᠨ ᠪᠤᠳᠠᠳᠠᠢ ᠶᠤᠮ᠂ ᠲᠡᠷᠡ ᠨᠢ ᠬᠦᠰ᠋ᠡᠯᠡᠩ ᠢᠳᠡᠭᠡᠯ ᠪᠢᠰ᠋ᠢᠷᠡᠯ ᠦᠨᠳᠦᠰ᠋ᠦᠨ ᠵᠤᠷᠢᠯᠳᠠ ᠵᠢ ᠪᠠᠳᠤᠳᠬᠠᠬᠤ᠂ ᠨᠠᠮ ᠤᠨ ᠱᠤᠭᠤᠮ ᠴᠢᠭᠯᠡᠯᠳᠠ ᠲᠦᠷᠦ ᠵᠢᠨ ᠪᠤᠳᠤᠯᠭ᠎ᠠ ᠵᠢ ᠭᠡᠷᠡᠭᠵᠢᠬᠦᠯᠬᠦ ᠳᠡᠭᠡᠷ᠎ᠠ ᠢᠯᠡᠷᠡᠵᠦ᠂ ᠨᠠᠮ ᠤᠨ ᠺᠠᠳ᠋ᠷ ᠢ ᠬᠠᠮᠢᠶᠠᠷᠬᠤ᠂ ᠬᠦᠮᠦᠨ ᠢ ᠵᠦᠪ ᠰᠤᠩᠭᠤᠬᠤ᠂ ᠰᠠᠢᠢᠨ ᠬᠦᠮᠦᠨ ᠢ ᠭᠡᠷᠡᠭᠯᠡᠬᠦ᠂ ᠢᠯᠠ ᠳᠤᠳᠤ ᠦᠷᠳᠡᠭ ᠤᠨ ᠦᠵᠡᠯᠳᠠ ᠪᠠ ᠤᠯᠤᠰ ᠲᠦᠷᠦ ᠵᠢᠨ ᠤᠳᠤᠷᠢᠳᠤᠮᠵᠢ ᠵᠢ ᠪᠤᠢ ᠪᠤᠯᠭᠠᠬᠤ ᠳᠡᠭᠡᠷ᠎ᠠ ᠢᠯᠡᠷᠡᠵᠤ ᠪᠠᠢᠢᠳᠠᠬ᠃ ᠡᠬᠦᠷᠢᠳᠠ ᠵᠤᠬᠰ᠋ᠤᠰ᠋ᠢ ᠦᠭᠡᠢ ᠤᠷᠤᠬᠰ᠋ᠢᠯᠠᠬᠤ ᠪᠠᠳᠤ ᠵᠤᠷᠢᠬ ᠢᠶᠡᠷ᠂ ᠨᠠᠮ ᠤᠨ ᠤᠷᠳᠤ ᠬᠤᠭᠤᠴᠠᠭᠠᠨ ᠤ ᠲᠦᠷᠦ ᠪᠠᠷᠢᠬᠤ ᠨᠦᠬᠦᠴᠡᠯ ᠲᠤᠤᠷᠠᠬᠢ ᠦᠪᠡᠷ ᠤᠨ ᠪᠡᠶ᠎ᠠ ᠳ᠋ᠡᠭᠡᠨ ᠬᠢᠨᠠᠯᠳᠠ ᠲᠠᠯᠪᠢᠬᠤ ᠪᠦᠳᠦᠮᠵᠢᠳᠠᠢ ᠠᠷᠭ᠎ᠠ ᠵᠠᠮ ᠢ ᠰᠦᠪᠡᠭᠴᠢᠯᠡᠵᠦ᠂ ᠦᠪᠡᠷ ᠢ ᠪᠡᠨ ᠠᠷᠢᠭᠤᠨ ᠴᠢᠬᠡᠴᠢ ᠪᠤᠯᠭᠠᠬᠤ᠂ ᠦᠪᠡᠷ ᠢ ᠪᠡᠨ ᠳᠡᠬᠦᠯᠳᠡᠷᠵᠢᠬᠦᠯᠬᠦ᠂ ᠦᠪᠡᠷ ᠢ ᠪᠡᠨ ᠰᠢᠨᠡᠴᠢᠯᠡᠬᠦ᠂ ᠦᠪᠡᠷ ᠢ ᠪᠡᠨ ᠳᠡᠭᠡᠭᠰ᠋ᠢᠯᠡᠬᠦᠯᠬᠦ ᠵᠢ ᠪᠡᠶᠡᠯᠡᠬᠦᠯᠬᠦ ᠭᠡᠷᠡᠭᠲᠡᠢ ᠭᠡᠵᠦ ᠵᠢᠭᠠᠵᠦ ᠭᠠᠷᠭᠠᠪᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
010070230030000000000000011120701121830999