蒙古文网站Logo
ᠰᠢᠨᠬᠤᠸᠠ ᠮᠤᠩᠭ᠋ᠤᠯ ᠨᠧᠲ

ᠰᠢ ᠵᠢᠨ ᠫᠢᠩ ᠸᠢᠶᠸᠲ᠋ᠨᠠᠮ ᠤᠨ ᠵᠠᠭᠤᠴᠢᠯᠠᠭᠤᠷ ᠲᠥ ᠨᠠᠷ᠎ᠠ ᠬᠠᠲᠠᠬᠰᠠᠨ ᠵᠤᠬᠢᠶᠠᠯ ᠨᠡᠢᠢᠳᠡᠯᠡᠪᠠ

2017-11-13 13:15

    ᠰᠢᠨᠬᠤᠸᠠ ᠬᠤᠷᠢᠶ᠎ᠠ   ᠪᠡᠭᠡᠵᠢᠩ ᠤᠨ 11 ᠰᠠᠷ᠎ᠠ ᠶᠢᠨ 9 ᠤ ᠡᠳᠦᠷ ᠤᠨ ᠴᠠᠬᠢᠯᠭᠠᠨ ᠮᠡᠳᠡᠭᠡ   ᠨᠡᠢᠢᠬᠡᠮ ᠵᠢᠷᠤᠮᠳᠤ ᠪᠦᠬᠦᠳᠡ ᠨᠠᠢᠢᠷᠠᠮᠳᠠᠬᠤ ᠸᠢᠶᠸᠲ᠋ᠨᠠᠮ ᠤᠯᠤᠰ ᠲᠥ ᠲᠦᠷᠦ ᠢᠢᠨ ᠠᠶᠢᠯᠴᠢᠯᠠᠯ ᠬᠢᠬᠦ ᠡᠴᠡ ᠪᠡᠨ ᠡᠮᠤᠨᠡᠬᠡᠨ᠂ ᠨᠠᠮ ᠤᠨ ᠲᠦᠪ ᠬᠤᠷᠢᠶᠡᠨ ᠤ ᠶᠡᠷᠤᠩᠬᠡᠢ ᠱᠦᠵᠢ᠂ ᠤᠯᠤᠰ ᠤᠨ ᠲᠡᠷᠢᠬᠦᠯᠡᠭᠴᠢ ᠰᠢ ᠵᠢᠨ ᠫᠢᠩ《ᠠᠷᠠᠳ ᠤᠨ ᠡᠳᠦᠷ ᠤᠨ ᠰᠤᠨᠢᠨ》 ᠳ᠋ᠤ《ᠲᠤᠮᠳᠠᠳᠤ ᠸᠢᠶᠸᠲ᠋ᠨᠠᠮ ᠤᠨ ᠨᠦᠬᠦᠷᠯᠡᠯ ᠤᠨ ᠰᠢᠨ᠎ᠠ ᠪᠠᠢᠢᠳᠠᠯ ᠢ ᠨᠡᠬᠡᠬᠡᠨ ᠡᠬᠦᠳᠦᠶ᠎ᠠ》ᠬᠡᠬᠦ ᠰᠡᠳᠤᠪ ᠲᠠᠢ ᠨᠡᠷ᠎ᠠ ᠬᠠᠲᠠᠬᠰᠠᠨ ᠵᠤᠬᠢᠶᠠᠯ ᠨᠡᠢᠢᠳᠡᠯᠡᠪᠡ᠃ ᠪᠦᠬᠦ ᠠ᠋ᠭᠤᠯᠭ᠎ᠠ ᠨᠢ ᠲᠤᠤᠷᠠᠬᠢ ᠮᠡᠳᠤ᠄

    ᠲᠤᠮᠳᠠᠳᠤ ᠸᠢᠶᠸᠲ᠋ᠨᠠᠮ ᠤᠨ ᠨᠦᠬᠦᠷᠯᠡᠯ ᠤᠨ ᠰᠢᠨ᠎ᠠ ᠪᠠᠢᠢᠳᠠᠯ ᠢ ᠨᠡᠬᠡᠬᠡᠨ ᠡᠬᠦᠳᠦᠶ᠎ᠠ

    ᠲᠤᠮᠳᠠᠳᠤ ᠤᠯᠤᠰ ᠤᠨ ᠡᠪ ᠬᠠᠮᠳᠤ ᠨᠠᠮ ᠤᠨ ᠲᠦᠪ ᠬᠤᠷᠢᠶᠠᠨ ᠤ ᠶᠡᠷᠤᠩᠬᠡᠢ ᠱᠦᠵᠢ ᠪᠦᠬᠦᠳᠡ ᠨᠠᠢᠢᠷᠠᠮᠳᠠᠬᠤ ᠲᠤᠮᠳᠠᠳᠤ ᠠᠷᠠᠳ ᠤᠯᠤᠰ ᠤᠨ ᠲᠡᠷᠢᠬᠦᠯᠡᠭᠴᠢ ᠰᠢ ᠵᠢᠨ ᠫᠢᠩ ᠸᠢᠶᠸᠲ᠋ᠨᠠᠮ ᠤᠨ ᠡᠪ ᠬᠠᠮᠳᠤ ᠨᠠᠮ ᠤᠨ ᠲᠦᠪ ᠬᠤᠷᠢᠶᠡᠨ ᠤ ᠶᠡᠷᠤᠩᠬᠡᠢ ᠱᠦᠵᠢ ᠷᠤᠸᠠᠨ ᠹᠦ᠋ ᠵᠦᠩ ᠪᠤᠯᠤᠨ ᠤᠯᠤᠰ ᠤᠨ ᠲᠡᠷᠢᠬᠦᠯᠡᠭᠴᠢ ᠴᠸᠨ ᠳ᠋ᠠ ᠭᠤᠸᠠᠩ ᠤᠨ ᠤᠷᠢᠯᠭ᠎ᠠ ᠪᠡᠷ᠂ ᠪᠢ ᠤᠳᠠᠯ ᠦᠭᠡᠢ ᠨᠡᠢᠢᠬᠡᠮ ᠵᠢᠷᠤᠮᠳᠤ ᠪᠦᠬᠦᠳᠡ ᠨᠠᠢᠢᠷᠠᠮᠳᠠᠬᠤ ᠸᠢᠶᠧᠲ᠋ᠨᠠᠮ ᠤᠯᠤᠰ ᠲᠥ ᠲᠦᠷᠦ ᠢᠢᠨ ᠶᠠᠪᠤᠳᠠᠯ ᠤᠨ ᠠᠢᠢᠯᠴᠢᠯᠡᠯ ᠬᠢᠨ᠎ᠠ᠃ ᠡᠨᠡ ᠪᠤᠯ ᠮᠢᠨᠦ 2015 ᠤᠨ ᠤ ᠰᠡᠬᠦᠯᠴᠢ ᠪᠡᠷ ᠸᠢᠶᠸᠲ᠋ᠨᠠᠮ ᠳᠤ ᠠᠢᠢᠯᠴᠢᠯᠠᠭᠰᠠᠠ ᠤ ᠲᠠᠷᠠᠭ᠎ᠠ᠂ ᠡᠨᠡᠬᠦ ᠦᠵᠡᠰᠬᠦᠯᠡᠩᠳᠤ ᠰᠠᠢᠢᠬᠠᠨ ᠤᠯᠤᠰ ᠲᠥ ᠲᠠᠬᠢᠨᠳᠡ ᠠᠢᠢᠯᠴᠢᠯᠠᠵᠥ ᠪᠠᠢᠢᠬᠤ ᠶᠠᠪᠤᠳᠠᠯ ᠪᠤᠯᠬᠤ ᠲᠤᠯᠠ ᠲᠤᠢᠢᠯ ᠤᠨ ᠲᠤᠳᠤᠨᠤ ᠰᠠᠨᠠᠭᠳᠠᠵᠥ ᠪᠠᠢᠢᠨ᠎ᠠ᠃

    ᠲᠤᠮᠳᠠᠳᠤ ᠸᠢᠶᠸᠲ᠋ᠨᠠᠮ ᠪᠤᠯ ᠠᠭᠤᠯᠠ ᠤᠰᠤ ᠪᠡᠷ ᠢᠶᠡᠨ ᠵᠠᠯᠭᠠᠯᠳᠤᠭᠰᠠᠠ᠂ ᠤᠷᠤᠭᠤᠯ ᠰᠢᠳᠦᠨ ᠤ ᠬᠤᠯᠪᠤᠭ᠎ᠠ ᠲᠠᠢ ᠬᠦᠷᠰᠢ ᠤᠯᠤᠰ ᠶᠤᠮ᠃ ᠬᠤᠶᠠᠷ ᠤᠯᠤᠰ ᠤᠨ ᠠᠷᠠᠳ ᠲᠦᠮᠡᠨ ᠬᠦᠷᠰᠢᠯᠡᠨ ᠰᠠᠭᠤᠷᠢᠰᠢᠵᠥ᠂ ᠡᠷᠳᠡᠨ ᠡᠴᠡ ᠪᠡᠨ ᠠᠪᠤᠭᠠᠳ ᠬᠠᠷᠢᠯᠴᠠᠨ ᠨᠡᠪᠳᠡᠷᠡᠯᠴᠡᠵᠥ ᠬᠠᠷᠢᠯᠴᠠᠨ ᠲᠤᠯᠢᠯᠠᠯ ᠪᠤᠯᠭᠠᠵᠥ ᠪᠠᠢᠢᠭᠰᠠᠠ ᠶᠤᠮ᠃

    ᠤᠢᠢᠷ᠎ᠠ ᠦᠶ᠎ᠠ ᠡᠴᠡ ᠨᠠᠰᠢ᠂ ᠤᠯᠤᠰ ᠤᠨ ᠲᠤᠰᠠᠭᠠᠷ ᠲᠤᠭᠳᠠᠨᠢᠯ ᠪᠤᠯᠤᠨ ᠦᠨᠳᠦᠰᠦᠳᠡᠨ ᠤ ᠴᠢᠯᠥᠬᠡᠯᠡᠯᠳᠡ ᠪᠡᠨ ᠲᠡᠮᠡᠴᠡᠨ ᠤᠯᠬᠤ ᠲᠡᠮᠡᠴᠡᠯ ᠲᠤᠮᠳᠠ᠂ ᠬᠤᠶᠠᠷ ᠤᠯᠤᠰ ᠤᠨ ᠠᠷᠠᠳ ᠲᠦᠮᠡᠨ ᠮᠦᠷᠦ ᠵᠡᠷᠬᠡᠴᠡᠨ ᠲᠡᠮᠡᠴᠡᠵᠥ᠂ ᠬᠠᠷᠢᠯᠴᠠᠨ ᠲᠤᠰᠠᠯᠠᠯᠴᠠᠵᠥ᠂ ᠨᠦᠬᠦᠷ ᠲᠡᠭᠡᠷ᠎ᠠ ᠪᠡᠨ ᠠᠬ᠎ᠠ ᠲᠡᠬᠦᠤ ᠵᠢᠨ ᠤᠨᠴᠠᠭᠠᠢ ᠨᠦᠬᠦᠷᠯᠡᠯ ᠢ ᠪᠠᠢᠢᠭᠤᠯᠪᠠ᠃ ᠲᠡᠷᠢᠬᠦᠯᠡᠭᠴᠢ ᠬᠤ ᡁᠢ ᠮᠢᠩ ᠤᠨ ᠲᠤᠮᠳᠠᠳᠤ ᠤᠯᠤᠰ ᠲᠥ ᠬᠤᠪᠢᠰᠬᠠᠯ ᠬᠢᠵᠥ ᠪᠠᠢᠢᠭᠰᠠᠠ ᠬᠤᠭᠤᠴᠠᠭ᠎ᠠ ᠤᠷᠢᠳ ᠬᠤᠵᠢᠳ 12 ᠵᠢᠯ ᠪᠤᠯᠵᠥ᠂ ᠲᠡᠷᠢᠬᠦᠯᠡᠭᠴᠢ ᠮᠠᠤ ᠽᠸ ᠳ᠋ᠦᠩ᠂ ᠶᠡᠷᠤᠩᠬᠡᠢ ᠰᠠᠢᠢᠳ ᠵᠸᠥ ᠡᠸᠨ ᠯᠠᠢ ᠵᠡᠷᠬᠡ ᠲᠤᠮᠳᠠᠳᠤ ᠤᠯᠤᠰ ᠤᠨ ᠤᠳᠤᠷᠢᠳᠬᠤ ᠬᠦᠮᠥᠰ ᠲᠠᠢ ᠠᠬ᠎ᠠ ᠲᠡᠬᠦᠤ ᠮᠡᠳᠤ ᠲᠤᠳᠤᠨᠤ ᠪᠤᠯᠤᠭᠰᠠᠠ ᠶᠤᠮ᠃ ᠸᠢᠶᠸᠲ᠋ᠨᠠᠮ ᠤᠨ ᠠᠯᠳᠠᠷᠲᠤ ᠵᠠᠩᠵᠤᠨ ᠬᠤᠩ ᠱᠦᠢ ᠲᠤᠮᠳᠠᠳᠤ ᠤᠯᠤᠰ ᠤᠨ ᠬᠤᠪᠢᠰᠬᠠᠯ ᠳ᠋ᠤ ᠢᠳᠡᠪᠬᠢᠳᠡᠢ ᠤᠷᠤᠯᠴᠠᠵᠥ᠂ ᠤᠯᠠᠭᠠᠨ ᠴᠡᠷᠢᠭ ᠤᠨ 25000 ᠭᠠᠵᠠᠷ ᠤᠨ ᠤᠷᠳᠤ ᠵᠠᠮ ᠤᠨ ᠠᠶᠠᠨ ᠲᠠᠢᠢᠨ ᠳ᠋ᠤ ᠤᠷᠤᠯᠴᠠᠵᠥ᠂ ᠰᠢᠨ᠎ᠠ ᠲᠤᠮᠳᠠᠳᠤ ᠤᠯᠤᠰ ᠡᠴᠡ ᠴᠡᠷᠢᠭ ᠤᠨ ᠴᠤᠯᠠ ᠤᠯᠭᠤᠭᠰᠠᠠ ᠴᠤᠷ ᠤᠨ ᠭᠠᠭᠴᠠ ᠭᠠᠳᠠᠭᠠᠳᠤ ᠢᠢᠨ ᠴᠡᠷᠢᠭ ᠤᠨ ᠤᠹᠢᠼᠸᠷ ᠪᠤᠯᠬᠤ ᠪᠦᠭᠡᠳ ᠲᠡᠯᠡᠬᠡᠢ ᠲᠡᠭᠡᠷ᠎ᠠ ᠴᠦᠭᠡᠨ ᠪᠠᠢᠢᠳᠠᠭ《ᠬᠤᠶᠠᠷ ᠤᠯᠤᠰ ᠤᠨ ᠵᠠᠩᠵᠤᠨ》ᠪᠤᠯᠤᠨ᠎ᠠ᠃ ᠲᠤᠮᠳᠠᠳᠤ ᠤᠯᠤᠰ ᠤᠨ ᠠᠷᠠᠳ ᠲᠦᠮᠡᠨ ᠴᠦ ᠸᠢᠶᠸᠲ᠋ᠨᠠᠮ ᠤᠨ ᠦᠨᠳᠦᠰᠦᠳᠡᠨ ᠤ ᠴᠢᠯᠥᠬᠡᠯᠡᠯᠳᠡ ᠢᠢᠨ ᠲᠡᠮᠡᠴᠡᠯ ᠳ᠋ᠤ ᠬᠠᠷᠠᠮ ᠦᠭᠡᠢ ᠬᠠᠪᠰᠤᠷᠤᠯᠭ᠎ᠠ ᠬᠠᠩᠭ᠋ᠠᠵᠥ᠂ ᠲᠡᠷᠢᠬᠦᠯᠡᠭᠴᠢ ᠮᠠᠤ ᠽᠸ ᠳ᠋ᠦᠩ《7 ᠳ᠋ᠦᠩᠰᠢᠭᠤᠷ ᠲᠤᠮᠳᠠᠳᠤ ᠵᠢᠨ ᠠᠷᠠᠳ ᠲᠦᠮᠡᠨ ᠪᠤᠯ ᠸᠢᠶᠧᠲ᠋ᠨᠠᠮ ᠤᠨ ᠠᠷᠠᠳ ᠲᠦᠮᠡᠨ ᠤ ᠡᠷᠡᠰ ᠪᠠᠳᠤ ᠲᠦᠰᠢᠭ ᠮᠥᠨ᠂ ᠦᠷᠬᠡᠨ ᠠᠭᠤᠳᠠᠮ ᠲᠤᠮᠳᠠᠳᠤ ᠤᠯᠤᠰ ᠤᠨ ᠨᠤᠳᠤᠭ ᠲᠡᠪᠢᠰᠬᠡᠷ ᠪᠤᠯ ᠸᠢᠶᠸᠲ᠋ᠨᠠᠮ ᠤᠨ ᠠᠷᠠᠳ ᠲᠦᠮᠡᠨ ᠤ ᠨᠠᠢᠢᠳᠠᠪᠤᠷᠢᠳᠡᠢ ᠠᠷᠤ ᠲᠠᠯ᠎ᠠ ᠮᠥᠨ》ᠬᠡᠵᠥ ᠢᠯᠡᠳᠭᠡᠵᠥ ᠦᠩᠬᠡᠷᠡᠭᠰᠡᠡ ᠪᠠᠢᠢᠳᠠᠭ᠃ ᠳᠤᠮᠳᠠᠳᠤ ᠤᠯᠤᠰ ᠦᠨ ᠸᠢᠶᠸᠲ᠋ᠨᠠᠮ ᠳᠤ ᠲᠤᠮᠢᠯᠠᠬᠰᠠᠨ ᠴᠡᠷᠢᠭ ᠦᠨ ᠶᠠᠪᠤᠳᠠᠯ ᠦᠨ ᠵᠦᠪᠯᠡᠭᠴᠢ ᠢᠢᠨ ᠪᠦᠯᠬᠦᠮ ᠦᠨ ᠠᠩᠬᠠᠳᠠᠬᠴᠢ ᠶᠡᠬᠡ ᠫᠤᠤᠳᠤ ᠴᠡᠷᠢᠭ ᠦᠨ ᠵᠦᠪᠯᠡᠭᠴᠢ ᠳ᠋ᠸᠤ ᠵᠢᠨ ᠪᠦᠸᠸ ᠸᠢᠶᠸᠲ᠋ᠨᠠᠮ ᠤᠨ ᠨᠦᠬᠦᠳ ᠢ ᠬᠠᠪᠰᠤᠷᠬᠤ ᠡᠬᠦᠷᠬᠡ ᠢᠢ ᠬᠦᠯᠢᠶᠠᠨ ᠠᠪᠤᠭᠰᠠᠨ ᠦ ᠲᠠᠷᠠᠭ᠎ᠠ᠂ ᠰᠠᠶ᠋ᠢᠬᠠᠨ ᠲᠦᠷᠦᠭᠰᠡᠨ ᠦᠬᠢᠨ ᠳ᠋ᠡᠬᠡᠨ《ᠶᠤᠸᠠᠢ ᠬᠤᠸᠠ》 ᠬᠡᠰᠡᠨ ᠨᠡᠷ᠎ᠠ ᠦᠭᠴᠠᠢ᠃ ᠭᠠᠢᠢᠬᠠᠮᠰᠢᠬᠳᠤ ᠤᠨ ᠰᠠᠷ᠎ᠠ ᠢᠢ ᠡᠷᠬᠢᠴᠡᠬᠦᠯᠬᠦ ᠳᠤ᠂ ᠬᠤᠶᠠᠷ ᠨᠠᠮ ᠬᠤᠶᠠᠷ ᠤᠯᠤᠰ ᠦᠨ ᠠ᠋ᠬᠠᠮᠠᠳ ᠨᠢᠬᠡ ᠦᠶ᠎ᠠ ᠢᠢᠨ ᠤᠳᠤᠷᠢᠳᠬᠤ ᠬᠦᠮᠤᠰ ᠦᠨ ᠪᠠᠶ᠎ᠠ ᠪᠡᠷ ᠢᠶᠡᠨ ᠪᠠᠢᠢᠭᠤᠯᠤᠬᠰᠠᠨ᠂ ᠬᠤᠶᠠᠷ ᠤᠯᠤᠰ ᠦᠨ ᠠᠷᠠᠳ ᠲᠦᠮᠡᠨ ᠦ ᠠᠯᠲᠠᠨ ᠠᠮᠢ ᠬᠠᠯᠠᠭᠤᠨ ᠴᠢᠰᠤ ᠪᠡᠷ ᠢᠶᠡᠨ ᠴᠤᠬᠴᠠᠯᠠᠬᠰᠠᠨ ᠨᠦᠬᠦᠷᠯᠠᠯ ᠢ ᠪᠢᠳᠠ ᠦᠨᠢᠳᠠ ᠴᠡᠬᠡᠵᠢᠯᠠᠨ ᠨᠠᠨᠳᠢᠩᠨᠠᠭᠤᠰᠢᠳᠠᠢ ᠶᠤᠮ᠃

    ᠰᠢᠨ᠎ᠠ ᠴᠠᠬ ᠦᠶ᠎ᠠ ᠳᠤ ᠤᠷᠤᠵᠤ᠂ ᠦᠬᠡᠷᠡᠴᠢᠯᠠᠯᠳᠠ ᠰᠢᠨᠡᠴᠢᠯᠡᠯᠲᠡ ᠵᠢᠴᠢ ᠨᠡᠢᠢᠬᠡᠮ ᠵᠢᠷᠤᠮ ᠦᠨ ᠪᠦᠳᠤᠬᠡᠨ ᠪᠠᠢᠢᠭᠤᠯᠤᠯᠳᠠ ᠢᠢᠨ ᠤᠢᠢᠯᠡᠰ ᠢ ᠠᠬᠢᠭᠤᠯᠬᠤ ᠶᠠᠪᠤᠴᠠ ᠳᠤ᠂ ᠬᠤᠶᠠᠷ ᠤᠯᠤᠰ ᠦᠨ ᠠᠷᠠᠳ ᠲᠦᠮᠡᠨ ᠬᠠᠷᠢᠯᠴᠠᠨ ᠲᠤᠯᠢ ᠪᠤᠯᠭᠠᠵᠤ᠂ ᠭᠠᠷ ᠬᠤᠯᠪᠤᠯᠴᠠᠨ ᠵᠡᠷᠭᠡᠪᠡᠷ ᠤᠷᠤᠬᠰᠢᠯᠠᠪᠠ᠃ ᠪᠢᠳᠠ ᠲᠤᠰ ᠤᠯᠤᠰ ᠦᠨ ᠢᠶᠡᠨ ᠤᠯᠤᠰ ᠦᠨ ᠪᠠᠢᠢᠳᠠᠯ ᠳᠤ ᠲᠤᠬᠢᠷᠠᠬᠤ ᠨᠡᠢᠢᠬᠡᠮ ᠵᠢᠷᠤᠮ ᠦᠨ ᠬᠦᠭ᠍ᠵᠢᠯᠳᠠ ᠵᠢᠨ ᠵᠠᠮ ᠢ ᠬᠠᠮᠳᠤᠪᠡᠷ ᠰᠦᠪᠡᠭ᠍ᠴᠢᠯᠠᠵᠤ᠂ ᠦᠪᠡᠷ ᠦᠪᠡᠷ ᠦᠨ ᠬᠦᠭ᠍ᠵᠢᠯᠳᠠ ᠢᠢᠨ ᠭᠠᠢᠢᠬᠠᠮᠰᠢᠬ ᠢ ᠡᠬᠦᠳᠴᠤ᠂ ᠮᠦᠨᠴᠤ ᠬᠤᠶᠠᠷ ᠤᠯᠤᠰ ᠦᠨ ᠬᠠᠷᠢᠯᠴᠠᠭᠠᠨ ᠦ ᠦᠳᠳᠡᠷ ᠲᠦᠷᠬᠡᠨ ᠬᠦᠭ᠍ᠵᠢᠬᠦ ᠢᠢ ᠠᠬᠢᠭᠤᠯᠪᠠ᠃ ᠬᠤᠶᠠᠷ ᠤᠯᠤᠰ ᠦᠨ ᠤᠯᠤᠰ ᠲᠦᠷᠤ ᠢᠢᠨ ᠢᠳᠡᠬᠡᠯᠴᠡᠬᠡ ᠡᠳᠤᠷ ᠢᠷᠡᠬᠦᠶ᠎ᠠ ᠪᠠᠳᠤ ᠪᠤᠯᠵᠤ᠂ ᠲᠡᠬᠡᠳᠤ ᠲᠠᠪᠬᠤᠷᠭ᠎ᠠ ᠢᠢᠨ ᠶᠠᠪᠤᠯᠴᠠᠭ᠎ᠠ ᠨᠡᠩ ᠨᠢᠬᠳᠠ ᠪᠤᠯᠪᠠ᠃ ᠮᠢᠨᠤ ᠡᠨᠡ ᠤᠳᠠᠭ᠎ᠠ ᠶᠢᠨ ᠠᠢᠢᠯᠴᠢᠯᠠᠯ ᠪᠤᠯ ᠬᠤᠶᠠᠷ ᠨᠠᠮ ᠬᠤᠶᠠᠷ ᠤᠯᠤᠰ ᠦᠨ ᠬᠠᠮᠤᠭ ᠤᠨ ᠲᠡᠭᠡᠳᠤ ᠤᠳᠤᠷᠢᠳᠬᠤ ᠬᠦᠮᠤᠨ ᠦ ᠬᠤᠶᠠᠷ ᠵᠢᠯ ᠦᠨ ᠲᠠᠷᠠᠭ᠎ᠠ ᠵᠢᠯ ᠤᠨ ᠳᠤᠳᠤᠷᠠᠬᠢ ᠬᠠᠷᠢᠯᠴᠠᠨ ᠠᠶᠢᠯᠴᠢᠯᠠᠯ ᠢ ᠲᠠᠬᠢᠨ ᠪᠡᠶᠡᠯᠡᠬᠦᠯᠵᠤ ᠪᠠᠢᠢᠨ᠎ᠠ᠃ ᠬᠤᠶᠠᠷ ᠤᠯᠤᠰ ᠤᠨ ᠪᠤᠳᠠᠳᠠᠢ ᠢᠢ ᠡᠷᠬᠢᠮᠯᠡᠭᠰᠡᠡ ᠬᠠᠮᠳᠤᠷᠠᠯᠴᠠᠭ᠎ᠠ ᠬᠦᠨᠵᠡᠭᠡᠢᠢᠷᠡᠨ ᠬᠦᠭ᠍ᠵᠢᠵᠤ ᠪᠠᠢᠢᠨ᠎ᠠ᠃ ᠳᠤᠮᠳᠠᠳᠤ ᠤᠯᠤᠰ ᠵᠠᠯᠭᠠᠪᠠᠷ 13 ᠵᠢᠯ ᠸᠢᠶᠸᠲ᠋ᠨᠠᠮ ᠤᠨ ᠨᠢᠬᠡᠳᠤᠭᠡᠷ ᠶᠡᠬᠡ ᠠᠷᠠᠯᠵᠢᠶᠠᠨ ᠦ ᠬᠠᠨᠢᠳᠠᠨ ᠦ ᠪᠠᠢᠢᠷᠢ ᠰᠠᠭᠤᠷᠢ ᠪᠠᠨ ᠪᠠᠳᠤᠯᠠᠵᠤ᠂ ᠸᠢᠶᠸᠲ᠋ᠨᠠᠮ ᠤᠨ ᠬᠢᠨ ᠵᠡᠬᠦᠨ ᠡᠮᠤᠨᠡᠳᠤ ᠠᠽᠢᠶ᠎ᠠ ᠶᠢᠨ ᠤᠯᠤᠰ ᠦᠳ ᠦᠨ ᠬᠤᠯᠪᠤᠭ᠎ᠠ ᠢᠢᠨ ᠤᠯᠤᠰ ᠳᠤᠳᠤᠷᠠᠬᠢ ᠳᠤᠮᠳᠠᠳᠤ ᠤᠯᠤᠰ ᠦᠨ ᠬᠠᠮᠤᠬ ᠦᠨ ᠲᠤᠮᠤ ᠠᠷᠠᠯᠵᠢᠶᠠᠨ ᠦ ᠬᠠᠨᠢᠳᠠᠨ ᠪᠤᠯᠵᠤ᠂ 2016 ᠤᠨ ᠳᠤ ᠬᠤᠶᠠᠷ ᠲᠠᠯ᠎ᠠ ᠢᠢᠨ ᠠᠷᠠᠯᠵᠢᠶᠠᠨ ᠦ ᠬᠡᠮᠵᠢᠶ᠎ᠠ 1000 ᠳ᠋ᠦᠩᠰᠢᠭᠤᠷ ᠳ᠋ᠤᠯᠯᠠᠷ ᠲᠤ ᠬᠦᠷᠴᠠᠢ᠃ ᠤᠯᠠᠮ ᠡᠴᠡ ᠤᠯᠠᠨ ᠳᠤᠮᠳᠠᠳᠤ ᠤᠯᠤᠰ ᠦᠨ ᠠᠵᠤ ᠠᠬᠤᠶᠢᠯᠠᠯ ᠸᠢᠶᠸᠲ᠋ᠨᠠᠮ ᠳᠤ ᠪᠡᠯᠡ ᠤᠷᠤᠭᠤᠯᠵᠤ ᠠᠵᠢᠯ ᠤᠢᠢᠯᠡᠰ ᠢᠶᠡᠨ ᠬᠦᠭ᠍ᠵᠢᠬᠦᠯᠵᠤ ᠪᠤᠢ᠃ ᠲᠢᠶᠠᠨ ᠬᠤᠩ ᠪᠦᠯᠦᠭᠯᠡᠯ ᠸᠢᠶᠸᠲ᠋ᠨᠠᠮ ᠳᠤ ᠠᠷᠪᠠᠨ ᠬᠡᠳᠦᠨ ᠵᠢᠯ ᠡᠵᠡᠩᠨᠠᠵᠤ᠂ ᠪᠸᠢ ᠨᠢᠩ ᠮᠤᠵᠢ ᠳᠤ ᠪᠠᠢᠢᠭᠤᠯᠤᠬᠰᠠᠨ ᠤᠢᠢᠯᠡᠳᠪᠤᠷᠢ ᠨᠢ ᠲᠤᠬᠠᠢ ᠢᠢᠨ ᠭᠠᠵᠠᠷ ᠲᠤ 7000 ᠭᠠᠷᠤᠢ ᠠᠵᠢᠯ ᠦᠨ ᠪᠠᠢᠢᠷᠢ ᠬᠠᠩᠭ᠋ᠠᠵᠤ᠂ ᠮᠦᠨᠴᠤ ᠮᠤᠵᠢ ᠢᠢᠨ ᠳᠤᠳᠤᠷᠠᠬᠢ ᠬᠠᠮᠤᠬ ᠦᠨ ᠲᠤᠮᠤ ᠭᠠᠢᠢᠯᠢ ᠲᠤᠰᠢᠶᠠᠬᠤ ᠡᠷᠤᠬᠡ ᠪᠤᠯᠪᠠ᠃ ᠳᠤᠮᠳᠠᠳᠤ ᠤᠯᠤᠰ ᠦᠨ ᠠᠷᠠᠳ ᠡᠴᠡ ᠡᠵᠡᠩᠨᠡᠭᠰᠡᠨ ᠠᠵᠤ ᠠᠬᠤᠶᠢᠯᠠᠯ ᠢᠶᠡᠷ ᠭᠤᠤᠯ ᠪᠤᠯᠭᠠᠬᠰᠠᠨ ᠪᠡᠯᠡ ᠤᠷᠤᠭᠤᠯᠤᠯᠳᠠ ᠢᠢᠨ ᠠᠷᠠᠯᠵᠢᠶᠠᠴᠢᠨ ᠳ᠋ᠢᠶᠸᠨ ᠽᠢᠶᠠᠩ ᠮᠤᠵᠢ ᠳᠤ ᠯᠦᠩ ᠵᠢᠶᠠᠩ ᠠᠵᠤ ᠤᠢᠢᠯᠡᠳᠪᠤᠷᠢ ᠢᠢᠨ ᠬᠦᠷᠢᠶᠠᠯᠠᠩ ᠪᠠᠢᠢᠭᠤᠯᠵᠤ᠂ 30 ᠭᠠᠷᠤᠢ ᠠᠵᠤ ᠠᠬᠤᠶᠢᠯᠠᠯ ᠤᠷᠤᠵᠤ ᠰᠠᠭᠤᠪᠠ᠃ ᠬᠤᠶᠠᠷ ᠤᠯᠤᠰ ᠦᠨ ᠰᠤᠶᠤᠯ ᠢᠷᠬᠡᠨᠰᠢᠯ ᠦᠨ ᠰᠤᠯᠢᠯᠴᠠᠭ᠎ᠠ ᠨᠡᠩ ᠨᠢᠬᠳᠠ ᠪᠤᠯᠵᠠᠢ᠃ ᠳᠤᠮᠳᠠᠳᠤ ᠤᠯᠤᠰ ᠪᠤᠯ ᠸᠢᠶᠸᠲ᠋ᠨᠠᠮ ᠤᠨ ᠨᠢᠬᠡᠳᠤᠭᠡᠷ ᠲᠤᠮᠤ ᠭᠠᠳᠠᠭᠠᠳᠤ ᠢᠢᠨ ᠵᠢᠭᠤᠯᠴᠢᠳ ᠤᠨ ᠢᠷᠡᠯᠳᠠ ᠢᠢᠨ ᠭᠠᠵᠠᠷ ᠪᠤᠯᠤᠨ᠎ᠠ᠂ ᠳ᠋ᠠ ᠨᠸᠩ ᠂ ᠨᠢᠶᠠ ᠽᠠᠩ ᠵᠡᠷᠬᠡ ᠵᠢᠭᠤᠯᠴᠢᠯᠠᠯ ᠤᠨ ᠬᠤᠳᠠ ᠳᠤ ᠬᠠ ᠶᠠ ᠦᠬᠡᠢ ᠳᠤᠮᠳᠠᠳᠤ ᠤᠯᠤᠰ ᠦᠨ ᠵᠢᠭᠤᠯᠴᠢᠳ ᠬᠠᠷᠠᠬᠳᠠᠨ᠎ᠠ᠃ ᠬᠤᠶᠠᠷ ᠤᠯᠤᠰ ᠦᠨ ᠬᠤᠭᠤᠷᠤᠨᠳᠤ ᠠᠶᠠᠨᠴᠢᠨ ᠦ ᠨᠢᠰᠬᠦ ᠤᠩᠭ᠋ᠤᠴᠠ ᠭᠠᠷᠠᠬ ᠲᠤ 300 ᠤᠳᠠᠭ᠎ᠠ ᠨᠠᠰᠢ ᠴᠠᠰᠢ ᠠᠶᠠᠯᠠᠵᠤ ᠪᠤᠢ᠃ ᠳᠤᠮᠳᠠᠳᠤ ᠤᠯᠤᠰ ᠦᠨ《ᠭᠤᠷᠪᠠᠨ ᠤᠯᠤᠰ ᠦᠨ ᠦᠯᠢᠬᠡᠷ》᠂《ᠱᠦᠢ ᠬᠤ ᠢᠢᠨ ᠦᠯᠢᠬᠡᠷ》ᠵᠡᠷᠬᠡ ᠰᠤᠩᠭ᠋ᠤᠳᠠᠬ ᠪᠦᠳᠤᠬᠡᠯ ᠨᠢ ᠸᠢᠶᠸᠲ᠋ᠨᠠᠮ ᠳᠤ ᠶᠡᠬᠡᠪᠡᠷ ᠬᠦᠷᠢᠶᠡᠯᠡᠭᠳᠡᠵᠤ᠂ ᠤᠳᠤ ᠦᠶ᠎ᠠ ᠢᠢᠨ ᠺᠢᠨᠣ᠋ ᠲᠸᠯᠸᠢᠰ ᠦᠨ ᠪᠦᠳᠤᠬᠡᠯ ᠴᠤ ᠸᠢᠶᠸᠲ᠋ᠨᠠᠮ ᠤᠨ ᠠᠷᠠᠳ ᠤᠯᠠᠨ ᠦ ᠬᠦᠷᠢᠶᠠᠯᠠᠯ ᠢ ᠶᠡᠬᠡᠪᠡᠷ ᠤᠯᠵᠠᠢ᠃ ᠸᠢᠶᠸᠲ᠋ᠨᠠᠮ ᠤᠨ ᠲᠠᠭᠤᠴᠢᠨ ᠳ᠋ᠦ᠋ ᠱᠢ ᠴᠢᠩ ᠬᠤᠸᠠ ᠳᠤᠮᠳᠠᠳᠤ ᠤᠯᠤᠰ ᠦᠨ ᠲᠦᠪ ᠦᠨ ᠲᠸᠯᠸᠢᠰ ᠬᠤᠷᠢᠶᠠᠨ ᠦ《ᠤᠳᠤᠳ ᠤᠨ ᠬᠢᠯᠪᠠᠭᠠᠲᠦ ᠰᠠᠷᠠᠭᠤᠯ ᠵᠠᠮ》ᠫᠷᠦᠭᠷᠡᠮ ᠳᠤ ᠰᠠᠷ᠎ᠠ ᠢᠢᠨ ᠮᠠᠩᠯᠠᠢ ᠪᠤᠯᠪᠠ᠃ ᠨᠡᠩ ᠡᠷᠬᠢᠮ ᠠᠨᠤ᠂ ᠬᠤᠶᠠᠷ ᠤᠯᠤᠰ ᠢᠶᠡᠷ ᠢᠶᠡᠨ ᠬᠠᠭᠤᠷᠠᠢ ᠪᠤᠯᠤᠨ ᠬᠤᠢᠢᠳᠤ ᠪᠤᠯᠤᠩ ᠦᠨ ᠵᠠᠭᠠᠬ ᠦᠨ ᠠᠰᠠᠭᠤᠳᠠᠯ ᠢ ᠵᠦᠪᠳᠡᠯᠴᠠᠨ ᠰᠢᠢᠳᠪᠤᠷᠢᠯᠠᠵᠤ᠂ ᠵᠦᠷᠢᠯᠳᠤᠬᠡᠨ ᠢ ᠵᠤᠬᠢᠰᠳᠠᠢ ᠰᠢᠢᠳᠪᠤᠷᠢᠯᠡᠬᠦ ᠪᠠ ᠬᠠᠮᠢᠶᠠᠷᠤᠨ ᠡᠵᠡᠮᠳᠡᠵᠤ᠂ ᠬᠤᠶᠠᠷ ᠤᠯᠤᠰ ᠦᠨ ᠬᠠᠮᠳᠤ ᠢᠢᠨ ᠬᠦᠭ᠍ᠵᠢᠯᠳᠠ ᠪᠤᠯᠤᠨ ᠤᠷᠤᠨ ᠪᠦᠰᠠ ᠢᠢᠨ ᠡᠩᠬᠡ ᠲᠠᠢᠢᠪᠤᠩ ᠲᠤᠭᠳᠠᠭᠤᠨ ᠳᠤ ᠠᠰᠢᠬᠳᠠᠢ ᠨᠦᠬᠦᠴᠠᠯ ᠢ ᠪᠦᠷᠢᠯᠳᠤᠬᠦᠯᠵᠤ ᠦᠭᠴᠠᠢ᠃ ᠡᠳᠡᠬᠡᠷ ᠨᠢ ᠴᠦᠮ ᠳᠤᠮᠳᠠᠳᠤ ᠸᠢᠶᠸᠲ᠋ᠨᠠᠮ ᠤᠨ ᠪᠦᠬᠦ ᠲᠠᠯ᠎ᠠ ᠢᠢᠨ ᠪᠠᠢᠢᠯᠳᠤᠬᠤ ᠪᠤᠳᠤᠯᠭ᠎ᠠ ᠢᠢᠨ ᠬᠠᠮᠳᠤᠷᠠᠯᠴᠠᠭᠠᠨ ᠤ ᠬᠠᠨᠢᠳᠠᠨ ᠦ ᠬᠠᠷᠢᠯᠴᠠᠭ᠎ᠠ ᠵᠢᠨ ᠤᠶᠤᠨ ᠰᠠᠨᠠᠭᠠᠨ ᠦ ᠴᠦᠮ᠎ᠠ ᠪᠤᠯᠤᠨ ᠪᠠᠶᠠᠯᠢᠬ ᠠ᠋ᠭᠤᠯᠤᠬᠳᠠᠬᠤᠨ ᠦ ᠬᠠᠮᠤᠬ ᠦᠨ ᠰᠠᠢᠢᠨ ᠲᠠᠢᠢᠯᠪᠤᠷᠢᠯᠠᠯᠳᠠ ᠪᠤᠯᠤᠨ᠎ᠠ᠃

    ᠤᠳᠤᠬᠠᠨ ᠳᠤ᠂ ᠬᠤᠶᠠᠷ ᠤᠯᠤᠰ ᠴᠦᠮ ᠦᠭᠡᠷᠡᠴᠢᠯᠡᠯᠲᠡ ᠨᠡᠬᠡᠬᠡᠯᠳᠡ ᠵᠢᠨ ᠰᠢᠨ᠎ᠠ ᠠᠶᠠᠨ ᠵᠢᠡᠷ ᠠᠶᠠᠯᠠᠵᠤ᠂ ᠲᠤᠰ ᠲᠤᠰ ᠤᠨ ᠠᠤᠭ᠎ᠠ ᠬᠠᠷᠠᠯᠲᠠ ᠲᠡᠰᠢ ᠪᠠᠨ ᠡᠷᠡᠮᠡᠬᠡᠢᠢᠯᠡᠨ ᠤᠷᠤᠭᠰᠢᠯᠠᠵᠤ ᠪᠠᠢᠢᠨ᠎ᠠ᠃ ᠳᠡᠭᠡᠷ᠎ᠠ ᠰᠠᠷ᠎ᠠ᠂ ᠳᠤᠮᠳᠠᠳᠤ ᠤᠯᠤᠰ ᠤᠨ ᠡᠪ ᠬᠠᠮᠲᠦ ᠨᠠᠮ ᠠᠷᠪᠠ ᠶᠢᠰᠦᠳᠦᠭᠡᠷ ᠤᠳᠠᠭ᠎ᠠ ᠵᠢᠨ ᠪᠦᠬᠦ ᠤᠯᠤᠰ ᠤᠨ ᠲᠦᠯᠦᠭᠡᠯᠡᠭᠴᠢᠳ ᠤᠨ ᠶᠡᠬᠡ ᠬᠤᠷᠠᠯ ᠢ ᠠᠮᠵᠢᠯᠲᠠ ᠲᠠᠢ ᠬᠤᠷᠠᠯᠳᠤᠭᠤᠯᠪᠠ᠃ ᠲᠤᠰ ᠤᠳᠠᠭ᠎ᠠ ᠵᠢᠨ ᠶᠡᠬᠡ ᠬᠤᠷᠠᠯ ᠡᠴᠡ ᠳᠤᠮᠳᠠᠳᠤ ᠤᠯᠤᠰ ᠤᠨ ᠨᠠᠮ ᠪᠠ ᠤᠯᠤᠰ ᠤᠨ ᠢᠷᠡᠭᠡᠳᠦᠢ ᠵᠢᠨ ᠬᠦᠭ᠍ᠵᠢᠯᠲᠠ ᠵᠢᠨ ᠶᠡᠷᠦᠩᠬᠡᠢ ᠴᠢᠭᠯᠡᠯᠲᠡ ᠪᠠ ᠠᠵᠢᠯᠯᠠᠭᠠᠨ ᠤ ᠬᠦᠳᠦᠯᠪᠦᠷᠢ ᠵᠢ ᠲᠤᠭᠳᠠᠭᠠᠵᠠᠢ᠃ ᠶᠡᠬᠡ ᠬᠤᠷᠠᠯ ᠡᠴᠡ ᠤᠳᠤ ᠡᠴᠡ ᠲᠤᠰ ᠵᠠᠭᠤᠨ ᠤ ᠳᠤᠮᠳᠠᠴᠢ ᠦᠶ᠎ᠠ ᠪᠤᠯᠳᠠᠯᠠᠬᠢ ᠳᠤᠮᠳᠠᠳᠤ ᠤᠯᠤᠰ ᠤᠨ ᠪᠦᠲᠦᠭᠡᠨ ᠪᠠᠢᠢᠭᠤᠯᠤᠯᠲᠠ ᠵᠢᠨ ᠠᠤᠭ᠎ᠠ ᠵᠢᠷᠤᠭ ᠲᠦᠰᠦᠪ ᠢ ᠵᠢᠷᠤᠭᠯᠠᠪᠠ᠃ 2020 ᠤᠨ ᠪᠤᠯᠬᠤ ᠳᠤ᠂ ᠴᠢᠨᠡᠭᠡᠯᠢᠭ᠌ ᠨᠡᠢᠢᠭᠡᠮ ᠢ ᠪᠦᠬᠦ ᠲᠠᠯ ᠠ ᠪᠡᠷ ᠪᠡᠶᠡᠯᠡᠭᠦᠯᠦᠨ᠎ᠠ; 2020 ᠤᠨ ᠡᠴᠡ 2035 ᠤᠨ ᠪᠤᠯᠬᠤ ᠳᠤ᠂ ᠨᠡᠢᠢᠭᠡᠮ ᠵᠢᠷᠤᠮ ᠤᠨ ᠤᠳᠤᠬᠢᠴᠢᠯᠠᠯᠲᠠ ᠵᠢ ᠦᠨᠳᠦᠰᠦᠨ ᠳ᠋ᠡᠭᠡᠨ ᠪᠡᠶᠡᠯᠡᠭᠦᠯᠦᠨ᠎ᠠ; 2035 ᠤᠨ ᠡᠴᠡ ᠲᠤᠰ ᠵᠠᠭᠤᠨ ᠤ ᠳᠤᠮᠳᠠᠴᠢ ᠦᠶ᠎ᠠ ᠪᠤᠯᠬᠤ  ᠳᠤ᠂ ᠳᠤᠮᠳᠠᠳᠤ ᠤᠯᠤᠰ ᠢ ᠪᠠᠶᠠᠨ ᠬᠦᠴᠦᠷᠬᠡᠭ᠌ ᠠᠷᠠᠳᠴᠢᠯᠠᠭᠰᠠᠨ ᠪᠤᠯᠪᠠᠰᠤᠨ ᠡᠶ᠎ᠠ ᠵᠤᠬᠢᠴᠠᠩᠭ᠋ᠤᠢ ᠦᠵᠡᠰᠭᠦᠯᠡᠩᠲᠦ ᠰᠠᠢᠢᠬᠠᠨ ᠨᠡᠢᠢᠭᠡᠮ ᠵᠢᠷᠤᠮ ᠤᠨ ᠤᠳᠤᠬᠢᠴᠢᠯᠠᠭᠰᠠᠨ ᠤᠯᠤᠰ ᠪᠤᠯᠭᠠᠵᠤ ᠪᠦᠳᠦᠭᠡᠨ ᠪᠠᠢᠢᠭᠤᠯᠤᠨ᠎ᠠ᠃ ᠪᠢᠳᠡ ᠳᠤᠮᠳᠠᠳᠤ ᠤᠯᠤᠰ ᠤᠨ ᠠᠷᠠᠳ ᠲᠦᠮᠡᠨ ᠢ ᠳᠠᠭᠠᠭᠤᠯᠤᠨ ᠳᠤᠮᠳᠠᠳᠤ ᠵᠢᠨ ᠦᠨᠳᠦᠰᠦᠳᠡᠨ ᠤ ᠠᠭᠤᠤ ᠶᠡᠬᠡ ᠰᠡᠷᠭᠦᠨ ᠮᠠᠨᠳᠤᠯᠲᠠ ᠵᠢᠨ ᠳᠤᠮᠳᠠᠳᠤ ᠵᠢᠨ ᠵᠡᠭᠦᠳᠦ ᠲᠡᠰᠢ ᠤᠷᠤᠭᠰᠢᠯᠠᠨ ᠳᠠᠪᠰᠢᠬᠤ ᠴᠢᠳᠠᠪᠤᠷᠢ ᠲᠠᠢ᠂ ᠢᠳᠡᠭᠡᠯ ᠲᠠᠢ ᠶᠤᠮ᠃ ᠸᠢᠶᠸᠲ᠋ᠨᠠᠮ ᠤᠨ ᠬᠢᠨ ᠪᠠᠰᠠ ᠶᠠᠭ ᠸᠢᠶᠸᠲ᠋ᠨᠠᠮ ᠤᠨ ᠡᠪ ᠬᠠᠮᠲᠦ ᠨᠠᠮ ᠤᠨ ᠬᠤᠷᠢᠳᠤᠭᠠᠷ ᠶᠡᠬᠡ ᠬᠤᠷᠠᠯ ᠡᠴᠡ ᠲᠤᠭᠳᠠᠭᠠᠭᠰᠠᠨ ᠴᠢᠭᠯᠡᠯᠳᠡ ᠶᠤᠰᠤᠭᠠᠷ᠂ ᠰᠢᠨᠡᠴᠢᠯᠡᠯᠲᠡ ᠵᠢᠨ ᠦᠢᠯᠡᠰ ᠢ ᠪᠦᠬᠦ ᠲᠠᠯ᠎ᠠ ᠪᠡᠷ ᠠᠬᠢᠭᠤᠯᠵᠤ᠂ ᠠᠷᠠᠳ ᠪᠠᠶᠠᠨ ᠤᠯᠤᠰ ᠬᠦᠴᠦᠷᠬᠡᠭ᠌᠂ ᠠᠷᠠᠳᠴᠢᠯᠠᠭᠰᠠᠨ᠂ ᠲᠦᠪ ᠭᠤᠤᠯᠴᠢ᠂ ᠪᠤᠯᠪᠠᠰᠤᠨ ᠤᠳᠤᠬᠢᠴᠢᠯᠠᠭᠰᠠᠨ ᠠᠵᠤ ᠦᠢᠯᠡᠳᠪᠦᠷᠢ ᠵᠢᠨ ᠤᠯᠤᠰ ᠢ ᠪᠦᠲᠦᠬᠡᠨ ᠪᠠᠢᠢᠭᠤᠯᠬᠤ ᠬᠠᠷᠠᠯᠳᠠ ᠲᠡᠰᠢ ᠤᠷᠤᠭᠰᠢᠯᠠᠵᠤ ᠪᠠᠢᠢᠨ᠎ᠠ᠃ ᠪᠢᠳᠡ ᠦᠩᠭᠡᠷᠡᠭᠰᠡᠨ ᠤ ᠠᠯᠢ ᠴᠤ ᠦᠶ᠎ᠠ ᠡᠴᠡ ᠢᠯᠡᠭᠦᠦ ᠭᠠᠷ ᠬᠤᠯᠪᠤᠨ ᠬᠠᠮᠲᠤᠷᠠᠯᠴᠠᠵᠤ᠂ ᠤᠯᠤᠰ ᠢᠶᠡᠨ ᠬᠦᠴᠦᠷᠬᠡᠭ᠍ᠵᠢᠭᠦᠯᠵᠤ ᠠᠷᠠᠳ ᠢᠶᠡᠨ ᠪᠠᠶᠠᠵᠢᠭᠤᠯᠬᠤ ᠵᠡᠭᠦᠳᠦ ᠵᠢᠨ ᠲᠦᠯᠦᠭᠡ ᠬᠠᠮᠳᠦᠪᠡᠷ ᠴᠢᠷᠮᠠᠢᠢᠬᠤ ᠴᠢᠬᠤᠯᠠᠲᠠᠢ ᠪᠤᠯᠵᠠᠢ᠃ ᠤᠳᠤᠬᠠᠨ ᠳᠤ᠂ ᠳᠡᠯᠡᠬᠡᠢ ᠵᠢᠨ ᠪᠠ ᠭᠠᠵᠠᠷ ᠤᠷᠤᠨ ᠤ ᠪᠠᠢᠢᠳᠠᠯ ᠬᠤᠪᠢᠷᠠᠯᠳᠠ ᠶᠡᠬᠡᠳᠠᠢ᠂ ᠳᠤᠮᠳᠠᠳᠤ ᠸᠢᠶᠸᠲ᠋ᠨᠠᠮ ᠤᠨ ᠬᠤᠶᠠᠷ ᠨᠠᠮ ᠬᠤᠶᠠᠷ ᠤᠯᠤᠰ ᠮᠠᠰᠢ ᠤᠯᠠᠨ ᠠᠳᠠᠯᠢ ᠪᠤᠶᠤ ᠠᠳᠠᠯᠢᠪᠲᠤᠷ ᠰᠢᠨ᠎ᠠ ᠠᠰᠠᠭᠤᠳᠠᠯ ᠰᠢᠨ᠎ᠠ ᠦᠷᠢᠰᠦᠯᠳᠦᠭᠡᠨ ᠳᠤ ᠲᠤᠯᠭᠠᠷᠠᠵᠤ ᠪᠠᠢᠢᠨ᠎ᠠ᠃ ᠳᠤᠮᠳᠠᠳᠤ ᠵᠢᠨ ᠡᠷᠳᠡᠨ ᠤ ᠦᠭᠡᠨ ᠳᠤ᠂《ᠬᠦᠴᠢᠷ ᠪᠡᠷᠬᠡ ᠬᠠᠷᠰᠢ ᠰᠠᠭᠠᠳ ᠠᠨᠤ ᠬᠦᠮᠦᠨ ᠢ ᠪᠤᠯᠪᠠᠰᠤᠷᠠᠭᠤᠯᠵᠤ ᠢᠯᠠᠯᠳᠠ ᠳᠤ ᠬᠦᠷᠭᠡᠮᠤᠢ》ᠭᠡᠳᠡᠭ᠃ ᠸᠢᠶᠸᠲ᠋ᠨᠠᠮ ᠤᠨ ᠡᠷᠳᠡᠨ ᠤ ᠦᠭᠡᠨ ᠳᠤ《ᠳᠤᠭᠰᠢᠨ ᠳᠠᠪᠠᠯᠭᠠᠨ ᠢ ᠦᠵᠡᠮᠡᠭᠴᠡ ᠪᠠᠨ ᠭᠠᠷ ᠲᠡᠬᠢ ᠰᠡᠯᠢᠭᠦᠷ ᠢᠶᠡᠨ ᠤᠷᠬᠢᠵᠤ ᠦᠯᠦ ᠪᠤᠯᠤᠮᠤᠢ》ᠭᠡᠳᠡᠭ᠃ ᠢᠷᠡᠭᠡᠳᠦᠢ ᠵᠢᠨ ᠵᠠᠮ ᠬᠤᠯᠪᠤᠭᠠᠲᠠᠢ᠂ ᠬᠤᠪᠢ ᠵᠠᠶᠠᠭ᠎ᠠ ᠨᠢᠭᠡᠳᠠᠢ ᠰᠠᠢᠢᠨ ᠬᠦᠷᠰᠢ᠂ ᠰᠠᠢᠢᠨ ᠨᠠᠢᠢᠵᠠ᠂ ᠰᠠᠢᠢᠨ ᠨᠦᠬᠦᠷ᠂ ᠰᠠᠢᠢᠨ ᠬᠠᠨᠢᠳᠠᠨ ᠪᠤᠯᠤᠭᠰᠠᠨ ᠤ ᠬᠤᠪᠢ ᠳᠤ᠂ ᠬᠤᠶᠠᠷ ᠤᠯᠤᠰ ᠤᠨ ᠬᠠᠷᠢᠯᠴᠠᠭ᠎ᠠ ᠵᠢ ᠰᠠᠢᠢᠲᠤᠷ ᠬᠠᠮᠠᠭᠠᠯᠠᠨ ᠬᠦᠭ᠍ᠵᠢᠭᠦᠯᠵᠤ᠂ ᠲᠤᠰ ᠲᠤᠰ ᠤᠨ ᠵᠢᠡᠨ ᠲᠤᠭᠳᠠᠭᠤᠨ ᠢ ᠬᠠᠮᠠᠭᠠᠯᠠᠬᠤ᠂ ᠦᠭᠡᠷᠡᠴᠢᠯᠡᠯᠲᠡ ᠵᠢ ᠭᠦᠨᠵᠡᠭᠡᠢᠢᠷᠡᠭᠦᠯᠬᠦ᠂ ᠠᠷᠠᠳ ᠤᠨ ᠠᠮᠢᠳᠤᠷᠠᠯ ᠢ ᠰᠠᠢᠢᠵᠢᠷᠠᠭᠤᠯᠬᠤ ᠳᠤ ᠬᠦᠴᠦᠨ ᠨᠡᠮᠡᠵᠤ᠂ ᠨᠡᠢᠢᠭᠡᠮ ᠵᠢᠷᠤᠮ ᠤᠨ ᠦᠢᠯᠡᠰ ᠢ ᠬᠠᠮᠳᠦᠪᠡᠷ ᠠᠬᠢᠭᠤᠯᠵᠤ᠂ ᠭᠠᠵᠠᠷ ᠤᠷᠤᠨ ᠤ ᠡᠩᠬᠡ ᠲᠠᠢᠢᠪᠤᠩ ᠲᠤᠭᠳᠠᠭᠤᠨ ᠪᠤᠯᠤᠨ ᠨᠡᠬᠡᠬᠡᠯᠲᠡ ᠬᠦᠭ᠍ᠵᠢᠯᠲᠠ ᠵᠢ ᠠᠬᠢᠭᠤᠯᠤᠶ᠎ᠠ᠃ ᠪᠢ ᠡᠭᠦᠨ ᠤ ᠲᠦᠯᠦᠭᠡ ᠬᠡᠳᠦᠨ ᠪᠤᠳᠤᠯ ᠢᠶᠡᠨ ᠬᠤᠪᠢᠶᠠᠯᠴᠠᠶ᠎ᠠ᠃

    - ᠴᠢᠭᠯᠡᠯ ᠢᠶᠡᠨ ᠪᠠᠲᠦ ᠡᠵᠡᠮᠳᠡᠵᠤ᠂ ᠪᠠᠢᠢᠯᠳᠤᠬᠤ ᠪᠤᠳᠤᠯᠭ᠎ᠠ ᠵᠢᠨ ᠢᠳᠡᠭᠡᠯᠴᠡᠭᠡ ᠵᠢᠨ ᠰᠢᠨ᠎ᠠ ᠦᠨᠳᠦᠷᠴᠡ ᠵᠢ ᠡᠷᠢᠯᠬᠢᠯᠡᠶ᠎ᠠ᠃ ᠪᠢᠳᠡ ᠳᠡᠭᠡᠳᠦ ᠳᠠᠪᠬᠤᠷᠭ᠎ᠠ ᠵᠢᠨ ᠦᠷᠭᠦᠯᠵᠢ ᠵᠢᠨ ᠶᠠᠪᠤᠯᠴᠠᠭ᠎ᠠ ᠵᠢ ᠪᠠᠲᠤᠯᠠᠵᠤ᠂ ᠬᠤᠶᠠᠷ ᠨᠠᠮ ᠬᠤᠶᠠᠷ ᠤᠯᠤᠰ ᠤᠨ ᠬᠠᠷᠢᠯᠴᠠᠭ᠎ᠠ ᠵᠢᠴᠢ ᠬᠠᠮᠳᠦᠪᠡᠷ ᠠᠩᠬᠠᠷᠴᠤ ᠪᠠᠢᠢᠭ᠎ᠠ ᠠᠰᠠᠭᠤᠳᠠᠯ ᠤᠨ ᠲᠠᠯ᠎ᠠ ᠪᠡᠷ ᠴᠠᠭ ᠲᠤᠬᠠᠢ ᠳ᠋ᠤᠨᠢ ᠰᠠᠨᠠᠯ ᠵᠢᠡᠨ ᠰᠤᠯᠢᠯᠴᠠᠵᠤ᠂ ᠳᠤᠮᠳᠠᠳᠤ ᠸᠢᠶᠸᠲ᠋ᠨᠠᠮ ᠤᠨ ᠬᠠᠷᠢᠯᠴᠠᠭᠠᠨ ᠤ ᠵᠠᠯᠠᠭᠤᠷ ᠢ ᠰᠠᠢᠢᠲᠤᠷ ᠪᠠᠷᠢᠬᠤ ᠬᠡᠷᠡᠭᠲᠠᠢ᠃ ᠲᠦᠷᠦ ᠪᠠᠷᠢᠬᠤ ᠤᠯᠤᠰ ᠢ ᠮᠠᠨᠳᠤᠭᠤᠯᠬᠤ ᠲᠤᠷᠰᠢᠯᠭ᠎ᠠ ᠵᠢᠨ ᠰᠤᠯᠢᠯᠴᠠᠭ᠎ᠠ ᠵᠢ ᠢᠳᠡᠪᠬᠢᠲᠠᠢ ᠦᠷᠨᠢᠭᠦᠯᠵᠤ᠂ ᠨᠠᠮ ᠤᠨ ᠬᠤᠭᠤᠷᠤᠨᠳᠤᠬᠢ ᠶᠠᠪᠤᠯᠴᠠᠭ᠎ᠠ ᠵᠢ ᠴᠢᠩᠭ᠋ᠠᠳᠬᠠᠵᠤ᠂ ᠨᠡᠢᠢᠭᠡᠮ ᠵᠢᠷᠤᠮ ᠤᠨ ᠪᠦᠲᠦᠭᠡᠨ ᠪᠠᠢᠢᠭᠤᠯᠤᠯᠲᠠ ᠵᠢᠨ ᠤᠨᠤᠯ ᠪᠠ ᠦᠢᠯᠡᠳᠦᠯᠭᠡ ᠵᠢ ᠬᠠᠮᠲᠦᠪᠡᠷ ᠪᠠᠶᠠᠯᠢᠭᠵᠢᠭᠤᠯᠤᠨ ᠬᠦᠭ᠍ᠵᠢᠭᠦᠯᠵᠤ᠂ ᠪᠠᠢᠢᠯᠳᠤᠬᠤ ᠪᠤᠳᠤᠯᠭ᠎ᠠ ᠵᠢᠨ ᠠᠴᠢ ᠬᠤᠯᠪᠤᠭᠳᠠᠯ ᠲᠠᠢ ᠬᠤᠪᠢ ᠵᠠᠶᠠᠭᠠᠨ ᠤ ᠬᠠᠮᠲᠦ ᠵᠢᠨ ᠴᠤᠭᠴᠠ ᠵᠢ ᠪᠠᠢᠢᠭᠤᠯᠤᠶ᠎ᠠ᠃

    - ᠬᠠᠮᠲᠤᠷᠠᠯᠴᠠᠭ᠎ᠠ ᠪᠠᠨ ᠭᠦᠨᠵᠡᠭᠡᠢᠢᠷᠡᠭᠦᠯᠵᠤ᠂ ᠠᠰᠢᠭ ᠲᠤᠰᠠ ᠵᠢ ᠠ᠋ᠭᠤᠰᠤᠯᠴᠠᠭᠤᠯᠬᠤ ᠰᠢᠨ᠎ᠠ ᠪᠠᠢᠢᠷᠢᠰᠢᠯ ᠢ ᠪᠠᠢᠢᠭᠤᠯᠤᠶ᠎ᠠ᠃ ᠪᠢᠳᠡ ᠦᠷᠭᠦᠯᠵᠢᠯᠡᠨ ᠬᠤᠶᠠᠷ ᠤᠯᠤᠰ ᠤᠨ ᠬᠦᠭ᠍ᠵᠢᠯᠲᠠ ᠵᠢᠨ ᠪᠠᠢᠢᠯᠳᠤᠬᠤ ᠪᠤᠳᠤᠯᠭ᠎ᠠ ᠵᠢ ᠨᠢᠬᠲᠠ ᠵᠤᠯᠭᠠᠭᠤᠯᠵᠤ᠂《ᠨᠢᠭᠡ ᠪᠦᠰᠡ ᠨᠢᠭᠡ ᠵᠠᠮ》ᠪᠤᠯᠤᠨ《ᠬᠤᠶᠠᠷ ᠬᠤᠩᠭᠢᠯ ᠨᠢᠭᠡ ᠲᠤᠭᠤᠷᠢᠭ》 ᠤᠨ ᠪᠦᠲᠦᠭᠡᠨ ᠪᠠᠢᠢᠭᠤᠯᠤᠯᠲᠠ ᠵᠢ ᠬᠠᠮᠲᠦᠪᠡᠷ ᠠᠬᠢᠭᠤᠯᠵᠤ᠂ ᠰᠠᠭᠤᠷᠢ ᠲᠦᠬᠦᠭᠡᠷᠤᠮᠵᠢ ᠵᠢᠨ ᠪᠦᠲᠦᠭᠡᠨ ᠪᠠᠢᠢᠭᠤᠯᠤᠯᠲᠠ᠂ ᠠᠵᠤ ᠠ᠋ᠬᠤᠢ ᠠᠷᠠᠯᠵᠢᠶ᠎ᠠ᠂ ᠦᠢᠯᠡᠳᠪᠦᠷᠢᠯᠡᠯ ᠤᠨ ᠴᠢᠳᠠᠪᠤᠷᠢ᠂ ᠬᠢᠯᠢ ᠠᠯᠤᠰᠯᠠᠭᠰᠠᠨ ᠠᠵᠤ ᠠᠬᠤᠢ ᠵᠢᠨ ᠬᠠᠮᠲᠤᠷᠠᠯᠴᠠᠭᠠᠨ ᠤ ᠤᠷᠤᠨ᠂ ᠲᠠᠷᠢᠶᠠᠯᠠᠩ ᠵᠡᠷᠭᠡ ᠴᠢᠬᠤᠯᠠ ᠬᠦᠷᠢᠶᠠᠨ ᠤ ᠬᠠᠮᠲᠤᠷᠠᠯᠴᠠᠭ᠎ᠠ ᠪᠤᠳᠠᠳᠠᠢ ᠠᠬᠢᠴᠠ ᠤᠯᠬᠤ ᠵᠢ ᠠᠬᠢᠭᠤᠯᠵᠤ᠂ ᠬᠤᠶᠠᠷ ᠤᠯᠤᠰ ᠤᠨ ᠠᠷᠠᠳ ᠲᠦᠮᠡᠨ ᠳᠤ ᠨᠡᠩ ᠤᠯᠠᠨ ᠪᠤᠳᠠᠳᠠᠢ ᠠᠰᠢᠭ ᠲᠤᠰᠠ ᠤᠯᠭᠤᠶ᠎ᠠ᠃

    - ᠰᠤᠯᠢᠯᠴᠠᠭ᠎ᠠ ᠪᠡᠨ ᠦᠷᠭᠡᠳᠬᠡᠵᠦ᠂ ᠠᠷᠠᠳ ᠤᠨ ᠰᠡᠳᠬᠢᠯ ᠢ ᠬᠠᠷᠢᠯᠴᠠᠨ ᠲᠤᠲᠤᠨᠤᠴᠢᠯᠠᠬᠤ ᠰᠢᠨ᠎ᠠ ᠰᠠᠭᠤᠷᠢ ᠵᠢ ᠴᠤᠭᠴᠠᠯᠠᠶ᠎ᠠ᠃ ᠪᠢᠳᠠ ᠤᠯᠠᠮᠵᠢᠯᠠᠯᠲᠤ ᠨᠦᠬᠦᠷᠯᠡᠯ ᠢᠶᠡᠨ ᠬᠦᠭ᠍ᠵᠢᠭᠦᠯᠦᠨ ᠪᠠᠳᠠᠷᠠᠭᠤᠯᠵᠤ᠂ ᠰᠤᠶᠤᠯ ᠢᠷᠭᠡᠨᠰᠢᠯ ᠤᠨ ᠰᠤᠯᠢᠯᠴᠠᠭ᠎ᠠ ᠪᠡᠨ ᠠᠬᠢᠭᠤᠯᠵᠤ᠂ ᠰᠤᠶᠤᠯ᠂ ᠰᠤᠷᠭᠠᠨ ᠬᠦᠮᠦᠵᠢᠯ᠂ ᠵᠤᠭᠠᠴᠠᠯ᠂ ᠵᠠᠯᠠᠭᠤᠴᠤᠳ᠂ ᠵᠠᠭᠤᠴᠢᠯᠠᠭᠤᠷ ᠵᠡᠷᠭᠡ ᠢᠢᠨ ᠬᠠᠮᠲᠤᠷᠠᠯᠴᠠᠭ᠎ᠠ ᠵᠢ ᠠᠬᠢᠭᠤᠯᠵᠤ᠂ ᠳᠤᠮᠳᠠᠳᠤ ᠤᠯᠤᠰ ᠤᠨ ᠦᠯᠢᠭᠡᠷ ᠪᠠ ᠸᠢᠶᠸᠲ᠋ᠨᠠᠮ ᠤᠨ ᠦᠯᠢᠭᠡᠷ ᠢ ᠰᠠᠢᠢᠳᠤᠷ ᠶᠠᠷᠢᠵᠤ᠂ ᠳᠤᠮᠳᠠᠳᠤ ᠸᠢᠶᠸᠲ᠋ᠨᠠᠮ ᠤᠨ ᠨᠥᠬᠥᠷᠯᠡᠯ ᠢ ᠠᠷᠠᠳ ᠲᠦᠮᠡᠨ ᠤ ᠰᠡᠳᠬᠢᠯ ᠳ᠋ᠤ ᠦᠨᠳᠦᠰᠦᠯᠡᠭᠦᠯᠵᠦ ᠦᠶ᠎ᠠ ᠵᠢᠨ ᠦᠶ᠎ᠠ ᠤᠯᠠᠮᠵᠢᠯᠠᠶ᠎ᠠ᠃

    - ᠵᠤᠬᠢᠴᠠᠭᠤᠯᠭ᠎ᠠ ᠪᠡᠨ ᠴᠢᠩᠭ᠋ᠠᠳᠬᠠᠵᠤ᠂ ᠤᠯᠠᠨ ᠲᠠᠯ᠎ᠠ ᠵᠢᠨ ᠬᠠᠮᠲᠤᠷᠠᠯᠴᠠᠭ᠎ᠠ ᠵᠢᠨ ᠰᠢᠨ᠎ᠠ ᠬᠢᠯᠠᠰ ᠴᠡᠭ ᠢ ᠡᠬᠦᠳᠦᠶ᠎ᠠ᠃ ᠪᠢᠳᠠ ᠳᠡᠯᠡᠬᠡᠢ ᠵᠢᠨ ᠶᠡᠬᠡ ᠬᠠᠨᠳᠤᠰᠢ ᠪᠠ ᠴᠠᠬ ᠦᠶ᠎ᠠ ᠵᠢᠨ ᠤᠷᠤᠰᠬᠠᠯ ᠢ ᠡᠵᠡᠮᠰᠢᠵᠦ᠂ ᠤᠯᠠᠨ ᠤᠯᠤᠰ ᠤᠨ ᠬᠤᠯᠪᠤᠭᠠᠲᠤ ᠪᠠᠢᠢᠭᠤᠯᠤᠯᠭ᠎ᠠ᠂ ᠠᠽᠢᠶ᠎ᠠ ᠲᠢᠪ ᠨᠤᠮᠤᠬᠠᠨ ᠳᠠᠯᠠᠢ ᠵᠢᠨ ᠤᠷᠤᠨ ᠤ ᠠᠵᠤ ᠠᠬᠤᠢ ᠵᠢᠨ ᠬᠠᠮᠲᠤᠷᠠᠯᠴᠠᠭᠠᠨ ᠤ ᠵᠤᠬᠢᠶᠠᠨ ᠪᠠᠢᠢᠭᠤᠯᠤᠯᠲᠠ᠂ ᠳᠤᠮᠳᠠᠳᠤ ᠤᠯᠤᠰ - ᠵᠡᠭᠦᠨ ᠡᠮᠦᠨᠡᠲᠤ ᠠᠽᠢᠶ᠎ᠠ ᠵᠢᠨ ᠤᠯᠤᠰ ᠤᠳ ᠤᠨ ᠬᠤᠯᠪᠤᠭ᠎ᠠ᠂ ᠯᠠᠨ ᠼᠠᠩ ᠵᠢᠶᠠᠩ ᠮᠦᠷᠡᠨ - ᠮᠸᠢᠢᠭᠤᠩ ᠭᠤᠤᠯ ᠤᠨ ᠬᠠᠮᠲᠤᠷᠠᠯᠴᠠᠭ᠎ᠠ ᠵᠡᠷᠭᠡ ᠤᠯᠠᠨ ᠲᠠᠯ᠎ᠠ ᠵᠢᠨ ᠪᠤᠷᠤ ᠲᠦᠯᠦᠪ ᠤᠨ ᠲᠤᠳᠤᠷᠠᠬᠢ ᠵᠤᠬᠢᠴᠠᠭᠤᠯᠭ᠎ᠠ ᠪᠠ ᠬᠠᠮᠵᠢᠯᠴᠠᠭ᠎ᠠ ᠪᠡᠨ ᠴᠢᠩᠭ᠋ᠠᠳᠬᠠᠵᠤ᠂ ᠨᠡᠭᠡᠭᠡᠯᠲᠡ ᠲᠡᠢ ᠪᠠᠬᠲᠠᠭᠠᠮᠵᠢᠲᠠᠢ ᠤᠷᠤᠨ ᠪᠦᠰᠡ ᠵᠢᠨ ᠬᠠᠮᠲᠤᠷᠠᠯᠴᠠᠭ᠎ᠠ ᠵᠢ ᠬᠠᠮᠲᠤᠪᠡᠷ ᠳᠠᠢᠢᠴᠢᠯᠠᠵᠤ᠂ ᠭᠠᠵᠠᠷ ᠤᠷᠤᠨ ᠤ ᠨᠡᠭᠡᠭᠡᠯᠲᠡᠲᠡᠢ ᠬᠦᠭ᠍ᠵᠢᠯᠲᠡ ᠵᠢᠨ ᠬᠠᠨᠳᠤᠰᠢ ᠵᠢ ᠬᠠᠮᠠᠭᠠᠯᠠᠶ᠎ᠠ᠃

    - ᠶᠡᠬᠡ ᠲᠠᠯ᠎ᠠ ᠵᠢ ᠬᠠᠷᠠᠵᠤ᠂ ᠡᠶ᠎ᠠ ᠨᠠᠢᠢᠷᠠᠮᠳᠠᠭᠤ ᠡᠶᠡᠯᠳᠡᠭ ᠬᠦᠷᠰᠢ ᠵᠢᠨ ᠰᠢᠨ᠎ᠠ ᠬᠠᠭᠤᠳᠠᠰᠤ ᠵᠢ ᠦᠷᠬᠦᠯᠵᠢᠯᠡᠨ ᠪᠢᠴᠢᠭᠯᠡᠶ᠎ᠠ ᠃ ᠪᠢᠳᠠ ᠲᠤᠰ ᠲᠤᠰ ᠤᠨ ᠢᠶᠡᠨ ᠦᠭᠡᠷᠡᠴᠢᠯᠡᠯᠲᠡ ᠬᠦᠭ᠍ᠵᠢᠯᠲᠡ ᠲᠤᠬᠲᠠᠭᠤᠨ ᠪᠠᠢᠢᠳᠠᠯ ᠪᠠ ᠳᠤᠮᠳᠠᠳᠤ ᠸᠢᠶᠸᠲ᠋ᠨᠠᠮ ᠤᠨ ᠨᠥᠬᠥᠷᠯᠡᠯ ᠤᠨ ᠶᠡᠬᠡ ᠲᠠᠯ᠎ᠠ ᠡᠴᠡ ᠡᠭᠦᠰᠴᠤ᠂ ᠵᠦᠷᠢᠴᠡᠯ ᠵᠦᠷᠢᠯᠳᠦᠭᠡᠨ ᠢ ᠬᠠᠮᠢᠶᠠᠷᠤᠨ ᠡᠵᠡᠮᠳᠡᠵᠦ᠂ ᠨᠦᠬᠦᠷᠰᠡᠭ ᠢᠶᠡᠷ ᠵᠦᠪᠳᠡᠯᠴᠡᠭᠡ ᠬᠢᠬᠦ ᠵᠢ ᠪᠠᠷᠢᠮᠲᠠᠯᠠᠵᠤ᠂ ᠬᠤᠶᠠᠷ ᠲᠠᠯ᠎ᠠ ᠪᠡᠷ ᠢᠶᠡᠨ ᠴᠦᠮ ᠬᠦᠯᠢᠶᠡᠨ ᠠᠪᠴᠤ ᠳᠡᠢᠢᠯᠬᠦ ᠳᠠᠯᠠᠢ ᠳᠡᠭᠡᠷᠡᠬᠢ ᠠᠰᠠᠭᠤᠳᠠᠯ ᠢ ᠦᠨᠳᠦᠰᠦᠨ ᠡᠴᠡ ᠨᠢ ᠪᠤᠶᠤ ᠤᠷᠲᠤ ᠤᠳᠠᠭᠠᠨ ᠪ ᠰᠢᠢᠳᠪᠦᠷᠢᠯᠡᠬᠦ ᠠᠷᠭ᠎ᠠ ᠵᠢ ᠡᠷᠢᠯᠬᠢᠯᠡᠶ᠎ᠠ᠃ ᠪᠢᠳᠠ《ᠡᠮᠦᠨᠡᠲᠤ ᠲᠠᠩᠭᠢᠰ ᠤᠨ ᠡᠯ᠎ᠠ ᠲᠠᠯ᠎ᠠ ᠵᠢᠨ ᠠ᠋ᠵᠢᠯᠯᠠᠭᠠᠨ ᠤ ᠲᠤᠩᠬᠠᠬ》 ᠢ᠋ ᠪᠦᠬᠦ ᠲᠠᠯ᠎ᠠ ᠪᠡᠷ ᠪᠦᠲᠦᠮᠵᠢᠲᠡᠢ ᠨᠠᠢᠢᠳᠠᠪᠤᠷᠢᠵᠢᠭᠤᠯᠵᠤ 《ᠡᠮᠦᠨᠡᠲᠤ ᠲᠠᠩᠭᠢᠰ ᠤᠨ ᠠᠵᠢᠯᠯᠠᠭᠠᠨ ᠤ ᠪᠠᠷᠢᠮᠵᠢᠶ᠎ᠠ》 ᠶ᠋ᠢᠨ ᠵᠦᠪᠳᠡᠯᠴᠡᠭᠡ ᠵᠢ ᠢᠳᠡᠪᠬᠢᠲᠡᠢ ᠠᠬᠢᠭᠤᠯᠵᠤ᠂ ᠡᠮᠦᠨᠡᠲᠤ ᠲᠠᠩᠭᠢᠰ ᠤᠨ ᠡᠩᠬᠡ ᠲᠠᠢᠢᠪᠤᠩ ᠲᠤᠬᠲᠠᠭᠤᠨ ᠢ ᠬᠠᠮᠲᠤᠪᠡᠷ ᠬᠠᠮᠠᠭᠠᠯᠠᠶ᠎ᠠ ᠃

    ᠮᠢᠨᠦ ᠲᠤᠰ ᠤᠲᠠᠭ᠎ᠠ ᠵᠢᠨ ᠠᠢᠢᠯᠴᠢᠯᠠᠯ ᠳ᠋ᠤ ᠪᠠᠰᠠ ᠨᠢᠭᠡ ᠴᠢᠬᠤᠯᠠ ᠠ᠋ᠭᠤᠯᠭ᠎ᠠ ᠪᠤᠢ᠂ ᠳᠠᠷᠤᠢ ᠳ᠋ᠠ ᠨᠸᠩ ᠳ᠋ᠤ ᠶᠠᠪᠤᠬᠳᠠᠬᠤ ᠠᠽᠢᠶ᠎ᠠ ᠨᠤᠮᠤᠬᠠᠨ ᠳᠠᠯᠠᠢ ᠵᠢᠨ ᠤᠷᠤᠨ ᠤ ᠡᠳ᠋ ᠤᠨ ᠵᠠᠰᠠᠬ ᠤᠨ ᠬᠠᠮᠲᠤ ᠶᠢᠨ ᠠᠵᠢᠯᠯᠠᠭᠠᠨ ᠤ ᠵᠤᠬᠢᠶᠠᠨ ᠪᠠᠢᠢᠭᠤᠯᠤᠯᠲᠠ ᠵᠢᠨ ᠬᠤᠷᠢᠨ ᠲᠠᠪᠤᠳᠤᠭᠠᠷ ᠤᠳᠠᠭ᠎ᠠ ᠢᠢᠨ ᠤᠳᠤᠷᠢᠳᠬᠤ ᠬᠦᠮᠦᠰ ᠤᠨ ᠠᠯᠪᠠᠨ ᠶᠤᠰᠤᠨ ᠤ ᠪᠤᠰᠤ ᠬᠤᠷᠠᠯ ᠳ᠋ᠤ ᠤᠷᠤᠯᠴᠠᠨ᠎ᠠ᠃ ᠳᠤᠮᠳᠠᠳᠤ ᠤᠯᠤᠰ ᠸᠢᠶᠸᠲ᠋ᠨᠠᠮ ᠤᠨ ᠬᠢᠨ ᠤ ᠲᠤᠰ ᠤᠳᠠᠭ᠎ᠠ ᠢᠢᠨ ᠬᠤᠷᠠᠯ ᠢ ᠰᠠᠢᠢᠳᠤᠷ ᠡᠷᠬᠢᠯᠡᠬᠦ ᠵᠢ ᠳᠡᠮᠵᠢᠵᠦ ᠪᠠᠢᠢᠨ᠎ᠠ᠂ ᠳᠤᠷᠠᠲᠠᠶ᠎ᠠ ᠸᠢᠶᠸᠲ᠋ᠨᠠᠮ ᠤᠨ ᠬᠢᠨ ᠪᠠ ᠪᠤᠰᠤᠳ ᠪᠦᠷᠢᠯᠳᠦᠭᠦᠨ ᠲᠠᠢ ᠬᠠᠮᠲᠤᠪᠡᠷ 《ᠴᠤ᠋ ᠰᠢᠨ᠎ᠠ ᠬᠦᠳᠡᠯᠭᠡᠬᠦ ᠬᠦᠴᠦᠨ ᠢ ᠴᠤᠬᠴᠠᠯᠠᠨ ᠪᠠᠢᠢᠭᠤᠯᠵᠤ᠂ ᠬᠠᠮᠲᠤᠪᠡᠷ ᠡᠳ᠋ᠯᠡᠬᠦ ᠢᠷᠡᠭᠡᠳᠦᠢ ᠵᠢ ᠨᠡᠭᠡᠭᠡᠨ ᠡᠭᠦᠳᠬᠦ》ᠭᠤᠤᠯ ᠰᠡᠳᠦᠪ ᠲᠤᠤᠷ᠎ᠠ᠂ ᠤᠷᠤᠨ ᠪᠦᠰᠡ ᠵᠢᠨ ᠡᠳ᠋ ᠤᠨ ᠵᠠᠰᠠᠬ ᠤᠨ ᠨᠢᠭᠡ ᠴᠤᠬᠴᠠᠵᠢᠯᠲᠠ ᠵᠢ ᠭᠦᠨᠵᠡᠭᠡᠢᠢᠷᠡᠭᠦᠯᠬᠦ᠂ ᠠᠽᠢᠶ᠎ᠠ ᠨᠤᠮᠤᠬᠠᠨ ᠳᠠᠯᠠᠢ ᠵᠢᠨ ᠤᠷᠤᠨ ᠤ ᠴᠢᠯᠦᠭᠡᠲᠤ ᠠᠷᠠᠯᠵᠢᠶᠠᠨ ᠤ ᠤᠷᠤᠨ ᠢ ᠪᠦᠲᠦᠭᠡᠨ ᠪᠠᠢᠢᠭᠤᠯᠬᠤ᠂ ᠭᠠᠵᠠᠷ ᠤᠷᠤᠨ ᠤ ᠬᠠᠷᠢᠯᠴᠠᠨ ᠬᠤᠯᠪᠤᠯᠳᠤᠨ ᠬᠠᠷᠢᠯᠴᠠᠨ ᠨᠡᠪᠲᠡᠷᠡᠯᠴᠡᠬᠦ ᠵᠢ ᠴᠢᠩᠭ᠋ᠠᠳᠬᠠᠬᠤ᠂ ᠡᠳ᠋ ᠤᠨ ᠵᠠᠰᠠᠬ ᠤᠨ ᠪᠦᠲᠦᠴᠡ ᠵᠢᠨ ᠦᠭᠡᠷᠡᠴᠢᠯᠡᠯᠲᠡ ᠰᠢᠨᠡᠴᠢᠯᠡᠯᠲᠡ ᠵᠢ ᠠᠬᠢᠭᠤᠯᠬᠤ ᠂ ᠪᠠᠬᠲᠠᠭᠠᠮᠵᠢᠲᠤ ᠴᠢᠨᠠᠷᠲᠠᠢ ᠬᠦᠭ᠍ᠵᠢᠯᠲᠡ ᠵᠢ ᠠᠬᠢᠭᠤᠯᠬᠤ᠂ 2020 ᠤᠨ ᠡᠴᠡ ᠬᠤᠢᠢᠰᠢᠬᠢ ᠬᠠᠮᠲᠤᠷᠠᠯᠴᠠᠭᠠᠨ ᠤ ᠲᠦᠯᠦᠪ ᠪᠠᠢᠢᠳᠠᠯ ᠢ ᠲᠦᠯᠦᠪᠵᠢᠭᠦᠯᠬᠦ ᠵᠡᠷᠭᠡ ᠲᠠᠯ᠎ᠠ ᠳ᠋ᠤ ᠪᠤᠲᠠᠲᠠᠢ ᠵᠢ ᠡᠷᠬᠢᠮᠯᠡᠭᠰᠡᠨ ᠶᠠᠷᠢᠯᠴᠠᠭ᠎ᠠ ᠵᠢ ᠦᠷᠨᠢᠭᠦᠯᠵᠦ᠂ ᠢᠳᠡᠪᠬᠢᠲᠡᠢ ᠦᠷ᠎ᠠ ᠪᠦᠲᠦᠭᠡᠯ ᠤᠯᠵᠤ᠂ ᠠᠽᠢᠶ᠎ᠠ ᠲᠢᠪ ᠨᠤᠮᠤᠬᠠᠨ ᠳᠠᠯᠠᠢ ᠵᠢᠨ ᠤᠷᠤᠨ ᠬᠠᠮᠲᠤᠪᠡᠷ ᠴᠡᠭᠴᠡᠯᠡᠨ ᠬᠦᠭ᠍ᠵᠢᠬᠦ ᠵᠢ ᠠᠬᠢᠭᠤᠯᠬᠤ ᠳ᠋ᠤ ᠢᠳᠡᠪᠬᠢ ᠬᠤᠪᠢ ᠨᠡᠮᠡᠷᠢ ᠦᠵᠡᠭᠦᠯᠦᠨ᠎ᠠ᠃

    ᠲᠡᠷᠢᠭᠦᠯᠡᠭᠴᠢ ᠬᠤ ᡁᠢ ᠮᠢᠩ ᠸᠢᠶᠸᠲ᠋ᠨᠠᠮ ᠳᠤᠮᠳᠠᠳᠤ ᠵᠢᠨ ᠬᠠᠷᠢᠯᠴᠠᠭ᠎ᠠ ᠪᠤᠯ 《ᠭᠠᠷ ᠬᠦᠯ ᠮᠡᠲᠤ᠂ ᠮᠠᠨᠴᠤ ᠤᠭᠤᠷ ᠮᠠᠲᠤ᠂ ᠦᠨᠳᠦᠰᠦ ᠡᠰᠢ ᠮᠡᠲᠤ᠂ ᠠ᠋ᠬ᠎ᠠ ᠳᠡᠭᠦᠦ ᠮᠡᠲᠤ》ᠭᠡᠪᠡ᠃ ᠳᠤᠮᠳᠠᠳᠤ ᠤᠯᠤᠰ ᠤᠨ ᠬᠠᠭᠤᠴᠢ ᠦᠭᠡᠨ ᠳ᠋ᠤ《ᠠᠬ᠎ᠠ ᠳᠡᠭᠦᠦ ᠵᠢᠨ ᠰᠡᠳᠬᠢᠯ ᠨᠢᠭᠡᠳᠪᠡᠰᠤ᠂ ᠲᠡᠭᠦᠨ ᠤ ᠬᠤᠷᠴᠠ ᠳ᠋ᠤᠷ ᠠᠯᠲᠠ ᠬᠤᠭᠤᠷᠠᠮᠤᠢ》ᠭᠡᠳᠡᠭ᠃ ᠪᠢ ᠲᠤᠰ ᠤᠳᠠᠭ᠎ᠠ ᠢᠢᠨ ᠠᠢᠢᠯᠴᠢᠯᠠᠯ ᠢᠶᠡᠷ ᠳᠠᠮᠵᠢᠨ᠂ ᠸᠢᠶᠸᠲ᠋ᠨᠠᠮ ᠤᠨ ᠤᠳᠤᠷᠢᠳᠬᠤ ᠬᠦᠮᠦᠨ ᠵᠢᠴᠢ ᠡᠯ᠎ᠠ ᠲᠠᠯ᠎ᠠ ᠵᠢᠨ ᠬᠢᠨ ᠤ ᠨᠠᠢᠢᠵᠠ ᠨᠠᠷ ᠲᠠᠢ ᠭᠦᠨᠵᠡᠭᠡᠢ ᠰᠤᠯᠢᠯᠴᠠᠵᠤ᠂ ᠬᠠᠮᠲᠤᠷᠠᠯᠴᠠᠭᠠᠨ ᠤ ᠳᠠᠯᠲᠠ ᠬᠦᠴᠦᠨ ᠢ ᠬᠠᠮᠲᠤᠪᠡᠷ ᠠᠭᠤᠳᠠᠯᠵᠤ᠂ ᠨᠥᠬᠥᠷᠰᠡᠭ ᠬᠠᠢᠢᠷ᠎ᠠ ᠰᠡᠳᠬᠢᠯᠭᠡ ᠪᠡᠨ ᠵᠤᠵᠠᠭᠠᠳᠬᠠᠵᠦ᠂ ᠬᠤᠶᠠᠷ ᠤᠯᠤᠰ ᠤᠨ ᠤᠨᠴᠠᠭᠠᠢ ᠨᠥᠬᠥᠷᠯᠡᠯ ᠢ ᠭᠦᠨᠵᠡᠭᠡᠢᠢᠷᠡᠭᠦᠯᠵᠦ᠂ ᠭᠠᠷ ᠵᠢᠨᠨ ᠬᠤᠯᠪᠤᠨ ᠳᠤᠮᠳᠠᠳᠤ ᠸᠢᠶᠸᠲ᠋ᠨᠠᠮ ᠤᠨ ᠬᠠᠷᠢᠯᠴᠠᠭ᠎ᠠ ᠵᠢᠨ ᠰᠢᠨ᠎ᠠ ᠪᠠᠢᠢᠳᠠᠯ ᠢ ᠨᠡᠭᠡᠭᠡᠨ ᠡᠭᠦᠳᠬᠦ ᠵᠢ ᠬᠦᠰᠡᠵᠦ ᠪᠠᠢᠢᠨ᠎ᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121942663