蒙古文网站Logo
ᠰᠢᠨᠬᠤᠸᠠ ᠮᠤᠩᠭ᠋ᠤᠯ ᠨᠧᠲ

ᠰᠢ ᠵᠢᠨ ᠫᠢᠩ ᠸᠢᠶᠧᠲ᠋ᠨᠠᠮ ᠳᠤᠮᠳᠠᠳᠤ ᠵᠢᠨ ᠨᠦᠬᠦᠷᠯᠡᠯ ᠤᠨ ᠤᠷᠳᠤᠨ ᠤ ᠪᠠᠷᠢᠯᠭ᠎ᠠ ᠳᠠᠭᠤᠰᠴᠤ ᠲᠥᠯᠬᠢᠬᠥᠷ ᠲᠤᠰᠢᠶᠠᠬᠤ ᠶᠤᠰᠤᠯᠠᠯ ᠵᠢᠴᠢ ᠬᠠᠨᠤᠢ ᠵᠢᠨ ᠳᠤᠮᠳᠠᠳᠤ ᠤᠯᠤᠰ ᠤᠨ ᠰᠤᠶᠤᠯ ᠤᠨ ᠲᠦᠪ ᠤᠨ ᠫᠠᠢᠢᠰᠠ ᠰᠡᠬᠦᠬᠦ ᠶᠤᠰᠤᠯᠠᠯ ᠳ᠋ᠤ ᠤᠷᠤᠯᠴᠠᠪᠠ

2017-11-13 19:07

    ᠰᠢᠨᠬᠤᠧᠠ ᠬᠤᠷᠢᠶ᠎ᠠ  ᠬᠠᠨᠤᠢ ᠵᠢᠨ 11 ᠰᠠᠷ᠎ᠠ ᠵᠢᠨ 12 ᠤᠨ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠬᠴᠢ ᠮᠸ᠋ᠩ ᠨᠠ ᠵᠢᠶᠠᠩ ᠭᠥᠧᠸ ᠫᠸ᠋ᠩ) ᠨᠠᠮ᠋ ᠤᠨ ᠲᠦᠪ ᠬᠤᠷᠢᠶᠠᠨ ᠤ ᠶᠡᠷᠦᠩᠬᠡᠢ ᠱᠦᠵᠢ᠂ ᠤᠯᠤᠰ ᠤᠨ ᠲᠡᠷᠢᠭᠦᠯᠡᠭᠴᠢ ᠰᠢ ᠵᠢᠨ ᠫᠢᠩ 12 ᠤᠨ ᠡᠳᠦᠷ ᠬᠠᠨᠤᠢ ᠳ᠋ᠤ ᠸᠢᠶᠧᠲ᠋ᠨᠠᠮ ᠳᠤᠮᠳᠠᠳᠤ ᠵᠢᠨ ᠨᠦᠬᠦᠷᠯᠡᠯ ᠤᠨ ᠤᠷᠳᠤᠨ ᠤ ᠪᠠᠷᠢᠯᠭ᠎ᠠ ᠳᠠᠭᠤᠰᠴᠤ ᠲᠥᠯᠬᠢᠬᠥᠷ ᠲᠤᠰᠢᠶᠠᠬᠤ ᠶᠤᠰᠤᠯᠠᠯ ᠵᠢᠴᠢ ᠬᠠᠨᠤᠢ ᠵᠢᠨ ᠳᠤᠮᠳᠠᠳᠤ ᠤᠯᠤᠰ ᠤᠨ ᠰᠤᠶᠤᠯ ᠤᠨ ᠲᠦᠪ ᠤᠨ ᠫᠠᠢᠢᠰᠠ ᠰᠡᠬᠦᠬᠦ ᠶᠤᠰᠤᠯᠠᠯ ᠳ᠋ᠤ ᠤᠷᠤᠯᠴᠠᠪᠠ᠃

    ᠰᠢ ᠵᠢᠨ ᠫᠢᠩ ᠨᠦᠬᠦᠷᠯᠡᠯ ᠤᠨ ᠤᠷᠳᠤᠨ ᠳ᠋ᠤ ᠬᠦᠷᠬᠦ ᠳ᠋ᠤ᠂ ᠳᠤᠮᠳᠠᠳᠤ ᠶᠢᠨ ᠪᠡᠯᠡᠲᠤ ᠠᠵᠤ ᠠᠬᠤᠢᠢᠯᠠᠯ ᠤᠨ ᠲᠦᠯᠦᠭᠡᠯᠡᠭᠴᠢ ᠪᠠ ᠸᠢᠶᠧᠲ᠋ᠨᠠᠮ ᠤᠨ ᠵᠠᠯᠠᠭᠤᠴᠤᠳ ᠮᠦᠷᠯᠡᠨ ᠵᠤᠭᠰᠤᠵᠥ ᠪᠠᠶᠠᠷᠯᠠᠨ ᠤᠬᠲᠤᠵᠤ᠂ ᠸᠢᠶᠧᠲ᠋ᠨᠠᠮ ᠤᠨ ᠤᠯᠤᠰ ᠤᠨ ᠬᠤᠷᠠᠯ ᠤᠨ ᠲᠡᠷᠢᠭᠦᠯᠡᠭᠴᠢ ᠷᠤᠧᠠᠨ ᠱᠢ ᠵᠢᠨ ᠶᠢᠨ ᠤᠷᠤᠬᠤ ᠡᠭᠦᠳᠡᠨ ᠤ ᠵᠠᠬ᠎ᠠ ᠳᠤ ᠤᠬᠲᠤᠪᠠ᠃

    ᠷᠤᠸᠠᠨ ᠱᠢ ᠵᠢᠨ ᠶᠢᠨ ᠦ ᠪᠠᠷ᠎ᠠ ᠪᠤᠯᠤᠯᠭ᠎ᠠ ᠳᠠᠢ ᠪᠡᠷ᠂ ᠰᠢ ᠵᠢᠨ ᠫᠢᠩ ᠶᠤᠰᠤᠯᠠᠯ ᠤᠨ ᠲᠤᠬᠠᠢ ᠵᠢᠨ ᠲᠠᠯᠠᠪᠤᠷ ᠲᠦ ᠬᠦᠷᠪᠡ᠃ ᠸᠢᠶᠧᠲ᠋ᠨᠠᠮ ᠳᠤᠮᠳᠠᠳᠤ ᠵᠢᠨ ᠨᠦᠬᠦᠷᠯᠡᠯ ᠤᠨ ᠤᠷᠳᠤᠨ ᠤ ᠪᠠᠷᠢᠯᠭ᠎ᠠ ᠳᠠᠭᠤᠰᠴᠤ ᠲᠥᠯᠬᠢᠬᠥᠷ ᠲᠤᠰᠢᠶᠠᠬᠤ ᠶᠤᠰᠤᠯᠠᠯ ᠡᠬᠢᠯᠡᠯ᠎ᠡ᠃ ᠲᠤᠬᠠᠢ ᠵᠢᠨ ᠲᠠᠯᠠᠪᠤᠷ ᠲᠤ ᠨᠦᠬᠦᠷᠯᠡᠯ ᠤᠨ ᠤᠷᠳᠤᠨ ᠤ ᠲᠦᠷᠦᠯ ᠵᠦᠢᠯ ᠢ ᠲᠠᠨᠢᠯᠴᠠᠭᠤᠯᠬᠤ ᠸ᠋ᠢᠳᠢᠣ᠋ ᠶᠢᠨ ᠤᠬᠤᠷ ᠹᠢᠯᠢᠮ᠋ ᠢ ᠲᠠᠯᠪᠢᠪᠠ᠃ ᠰᠢ ᠵᠢᠨ ᠫᠢᠩ ᠪᠤᠯᠤᠨ ᠷᠤᠧᠠᠨ ᠱᠢ ᠵᠢᠨ ᠶᠢᠨ ᠲᠡᠷᠢᠭᠦᠯᠡᠭᠴᠢ ᠵᠢᠨ ᠲᠠᠢᠢᠰᠤᠨ ᠳ᠋ᠤ ᠭᠠᠷᠴᠠᠢ᠃ ᠰᠢ ᠵᠢᠨ ᠫᠢᠩ ᠷᠤᠧᠠᠨ ᠱᠢ ᠵᠢᠨ ᠶᠢᠨ ᠳ᠋ᠤ ᠲᠦᠷᠦᠯ ᠵᠦᠢᠯ ᠤᠨ《ᠠᠯᠲᠠᠨ ᠳᠦᠯᠬᠢᠭᠦᠷ》 ᠢ᠋ ᠲᠤᠰᠢᠶᠠᠪᠠ᠃ ᠬᠠᠨᠤᠢ ᠵᠢᠨ ᠳᠤᠮᠳᠠᠳᠤ ᠤᠯᠤᠰ ᠤᠨ ᠰᠤᠶᠤᠯ ᠤᠨ ᠲᠦᠪ ᠤᠨ ᠫᠠᠢᠢᠰᠠ ᠡᠯᠭᠦᠭᠦ ᠶᠤᠰᠤᠯᠠᠯ ᠡᠬᠢᠯᠡᠵᠠᠢ᠃ ᠰᠢ ᠵᠢᠨ ᠫᠢᠩ ᠷᠤᠧᠠᠨ ᠱᠢ ᠵᠢᠨ ᠶᠢᠨ ᠲᠠᠢ ᠬᠠᠮᠲᠤ ᠳᠤᠮᠳᠠᠳᠤ ᠤᠯᠤᠰ ᠤᠨ ᠰᠤᠶᠤᠯ ᠤᠨ ᠲᠦᠪ ᠤᠨ ᠫᠠᠢᠢᠰᠠ ᠵᠢ ᠰᠡᠭᠦᠵᠤ ᠦᠭ᠍ᠪᠡ᠃ ᠷᠤᠸᠠᠨ ᠱᠢ ᠵᠢᠨ ᠶᠢᠨ ᠦ ᠪᠠᠷ᠎ᠠ ᠪᠤᠯᠤᠯᠭ᠎ᠠ ᠳᠠᠢ ᠪᠡᠷ᠂ ᠰᠢ ᠵᠢᠨ ᠫᠢᠩ ᠨᠦᠬᠦᠷᠯᠠᠯ ᠤᠨ ᠤᠷᠳᠤᠨ ᠳ᠋ᠡᠬᠢ ᠳᠤᠮᠳᠠᠳᠤ ᠸᠢᠶᠧᠲ᠋ᠨᠠᠮ ᠤᠨ ᠨᠦᠬᠦᠷᠯᠠᠯ ᠤᠨ ᠤᠷᠠᠯᠢᠭ ᠤᠨ ᠬᠦᠳᠤᠬᠦᠷ ᠱᠤᠭᠤᠮᠠᠯ ᠢ ᠰᠤᠨᠢᠷᠬᠠᠵᠤ᠂ ᠶᠡᠬᠡ ᠵᠦᠴᠤᠬᠡ ᠶᠢᠨ ᠬᠦᠷᠢᠶᠠᠯᠠᠩ ᠢᠶᠡᠷ ᠲᠤᠭᠤᠷᠢᠨ ᠦᠵᠡᠪᠡ᠃

    ᠲᠤᠭᠤᠷᠢᠨ ᠦᠵᠡᠭᠰᠡᠨ ᠦ ᠲᠠᠷᠠᠭ᠎ᠠ᠂ ᠰᠢ ᠵᠢᠨ ᠫᠢᠩ ᠪᠤᠯᠤᠨ ᠷᠤᠸᠠᠨ ᠱᠢ ᠵᠢᠨ ᠶᠢᠨ ᠲᠤᠬᠠᠢ ᠶᠢᠨ ᠲᠠᠯᠠᠪᠠᠢ ᠶᠢᠨ ᠳᠤᠮᠳᠠᠳᠤ ᠸᠢᠶᠧᠲ᠋ᠨᠠᠮ ᠤᠨ ᠨᠦᠬᠦᠷᠰᠡᠭ ᠬᠦᠮᠤᠰ ᠳᠠᠢ ᠳᠤᠳᠤᠨᠤ ᠪᠠᠷ ᠭᠠᠷ ᠠᠳᠬᠤᠨ ᠵᠤᠭᠤᠭᠳᠠᠵᠤ᠂ ᠲᠡᠳᠡᠨ ᠢ ᠬᠤᠶᠠᠷ ᠤᠯᠤᠰ ᠤᠨ ᠨᠦᠬᠦᠷᠰᠡᠭ ᠶᠠᠪᠤᠯᠴᠠᠭ᠎ᠠ ᠬᠠᠮᠳᠤᠷᠠᠯᠴᠠᠭ᠎ᠠ ᠶᠢ ᠴᠢᠩ᠋ᠭᠠᠳᠬᠠᠬᠤ ᠳᠤ ᠢᠯᠡᠭᠦᠬᠡᠨ ᠢᠳᠡᠪᠬᠢᠳᠠᠢ ᠬᠤᠪᠢ ᠨᠡᠮᠡᠷᠢ ᠦᠵᠡᠬᠦᠯᠬᠦ ᠶᠢ ᠵᠤᠷᠢᠬᠵᠢᠭᠤᠯᠪᠠ᠃

    ᠸᠢᠶᠧᠲ᠋ᠨᠠᠮ ᠳᠤᠮᠳᠠᠳᠤ ᠶᠢᠨ ᠨᠦᠬᠦᠷᠯᠠᠯ ᠤᠨ ᠤᠷᠳᠤᠨ ᠦ ᠲᠦᠷᠤᠯ ᠵᠤᠢᠢᠯ ᠨᠢ ᠬᠠᠨᠤᠢ ᠬᠤᠳᠠ ᠳᠤ ᠪᠠᠢᠢᠷᠢᠰᠢᠵᠤ᠂ ᠪᠠᠷᠢᠯᠭ᠎ᠠ ᠶᠢᠨ ᠶᠡᠷᠦᠩᠬᠡᠢ ᠲᠠᠯᠠᠪᠠᠢ ᠨᠢ 1.38 ᠲᠦᠮᠡᠨ ᠲᠡᠭᠰᠢ ᠲᠦᠷᠪᠡᠯᠵᠢᠨ ᠮᠧᠲ᠋ᠷ ᠤᠷᠴᠢᠮ᠋ ᠪᠠᠢᠢᠨ᠎ᠠ᠂ ᠳᠤᠮᠳᠠᠳᠤ ᠤᠯᠤᠰ ᠤᠨ ᠬᠢᠨ ᠤ ᠸᠢᠶᠧᠲ᠋ᠨᠠᠮ ᠢ ᠲᠤᠰᠠᠯᠠᠬᠰᠠᠨ ᠪᠡᠯᠬᠡ ᠲᠡᠮᠳᠡᠭᠳᠤ ᠢᠨᠵᠧᠨ᠋᠋ᠧᠷᠢᠩ ᠪᠤᠯᠤᠨ᠎ᠠ᠃ ᠬᠠᠨᠤᠢ ᠶᠢᠨ ᠳᠤᠮᠳᠠᠳᠤ ᠤᠯᠤᠰ ᠤᠨ ᠰᠤᠶᠤᠯ ᠤᠨ ᠲᠦᠪ ᠪᠤᠯ ᠳᠤᠮᠳᠠᠳᠤ ᠤᠯᠤᠰ ᠤᠨ ᠸᠢᠶᠧᠲ᠋ᠨᠠᠮ ᠲᠤ ᠲᠤᠮᠢᠯᠠᠨ ᠰᠠᠭᠤᠬᠤ ᠠᠯᠪᠠᠨ ᠦ ᠰᠤᠶᠤᠯ ᠤᠨ ᠪᠠᠢᠢᠭᠤᠯᠤᠮᠵᠢ ᠪᠤᠯᠤᠨ᠎ᠠ᠃

    ᠳ᠋ᠢᠩ ᠰᠢᠤᠸᠠᠢ ᠰᠢᠶᠠᠩ᠂ ᠯᠢᠤ ᠡᡁᠸ᠂ ᠶᠠᠩ ᠵᠢᠶᠸ ᡂᠢ ᠵᠡᠷᠬᠡ ᠳᠤᠮᠳᠠᠳᠤ ᠵᠢᠨ ᠲᠠᠯ᠎ᠠ ᠵᠢᠨ ᠪᠠᠷ᠎ᠠ ᠪᠤᠯᠤᠬᠰᠠᠳ᠂ ᠸᠢᠶᠧᠲ᠋ᠨᠠᠮ ᠤᠨ ᠡᠪ ᠬᠠᠮᠳᠤ ᠨᠠᠮ ᠤᠨ ᠲᠦᠪ ᠬᠤᠷᠢᠶᠠᠨ ᠦ ᠤᠯᠤᠰ ᠲᠦᠷᠦ ᠶᠢᠨ ᠲᠤᠪᠴᠢᠶᠠᠨ ᠦ ᠬᠡᠰᠢᠬᠦᠨ᠂ ᠲᠦᠪ ᠤᠨ ᠱᠦᠵᠢ ᠨᠠᠷ ᠤᠨ ᠭᠠᠵᠠᠷ ᠤᠨ ᠱᠦᠵᠢ᠂ ᠲᠦᠪ ᠤᠨ ᠰᠤᠷᠳᠠᠯ ᠤᠬᠠᠭᠤᠯᠭ᠎ᠠ ᠰᠤᠷᠭᠠᠨ ᠬᠦᠮᠤᠵᠢᠯ ᠤᠨ ᠶᠠᠮᠤᠨ ᠦ ᠰᠠᠢᠢᠳ ᠦ᠋ ᠸ᠋ᠸᠨ ᠱᠠᠩ᠂ ᠸᠢᠶᠧᠲ᠋ᠨᠠᠮ ᠤᠨ ᠡᠪ ᠬᠠᠮᠳᠤ ᠨᠠᠮ ᠤᠨ ᠲᠦᠪ ᠬᠤᠷᠢᠶᠠᠨ ᠦ ᠤᠯᠤᠰ ᠲᠦᠷᠦ ᠶᠢᠨ ᠲᠤᠪᠴᠢᠶᠠᠨ ᠦ ᠬᠡᠰᠢᠬᠦᠨ᠂ ᠲᠦᠪ ᠤᠨ ᠱᠦᠵᠢ ᠨᠠᠷ ᠤᠨ ᠭᠠᠵᠠᠷ ᠤᠨ ᠱᠦᠵᠢ᠂ ᠲᠦᠪ ᠤᠨ ᠦᠨᠳᠤᠰᠤᠳᠠᠨ ᠦ ᠬᠦᠳᠡᠯᠬᠡᠬᠡᠨ ᠤ ᠶᠠᠮᠤᠨ ᠦ ᠰᠠᠢᠢᠳ ᠵᠠᠩ ᠱᠢ ᠮᠸᠢ᠂ ᠸᠢᠶᠧᠲ᠋ᠨᠠᠮ ᠤᠨ ᠡᠪ ᠬᠠᠮᠳᠤ ᠨᠠᠮ ᠤᠨ ᠲᠦᠪ ᠬᠤᠷᠢᠶᠠᠨ ᠦ ᠱᠦᠵᠢ ᠨᠠᠷ ᠤᠨ ᠭᠠᠵᠠᠷ ᠤᠨ ᠱᠦᠵᠢ᠂ ᠬᠤ ᡁᠢ ᠮᠢᠩ ᠤᠯᠤᠰ ᠤᠨ ᠤᠯᠤᠰ ᠲᠦᠷᠦ ᠶᠢᠨ ᠲᠡᠭᠡᠳᠤ ᠰᠤᠷᠭᠠᠭᠤᠯᠢ ᠶᠢᠨ ᠵᠠᠬᠢᠷᠤᠯ᠂ ᠸᠢᠶᠧᠲ᠋ᠨᠠᠮ  ᠳᠤᠮᠳᠠᠳᠤ ᠶᠢᠨ ᠨᠦᠬᠦᠷᠯᠠᠯ ᠤᠨ ᠨᠡᠢᠢᠭᠡᠮᠯᠢᠭ᠌ ᠤᠨ ᠲᠡᠷᠢᠬᠦᠯᠡᠭᠴᠢ ᠷᠤᠸᠠᠨ ᠴᠦᠨ ᠱᠧᠩ ᠨᠠᠷ ᠲᠡᠭᠡᠷᠡᠬᠢ ᠠᠵᠢᠯᠯᠠᠭ᠎ᠠ ᠳᠤ ᠤᠷᠤᠯᠴᠠᠪᠠ᠃

ᠢᠷᠡᠯᠳᠡ᠄ ᠥᠪᠦᠷ ᠮᠣᠩᠭ᠋ᠤᠯ ᠤᠨ ᠡᠳᠦᠷ ᠤᠨ ᠰᠣᠨᠢᠨ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121949229