蒙古文网站Logo
ᠰᠢᠨᠬᠤᠸᠠ ᠮᠤᠩᠭ᠋ᠤᠯ ᠨᠧᠲ

ᠰᠢ ᠵᠢᠨ ᠫᠢᠩ ᠶᠡᠷᠦᠩᠬᠡᠢ ᠱᠦᠵᠢ ᠶᠢᠨ ᠦᠪᠦᠷ ᠮᠤᠩᠭᠤᠯ ᠤᠨ ᠰᠦᠨᠢᠳ ᠪᠠᠷᠠᠭᠤᠨ ᠬᠤᠰᠢᠭᠤᠨ ᠤ ᠤᠯᠠᠭᠠᠨᠮᠦ᠋ᠴᠢᠷ ᠤᠨ ᠬᠡᠰᠢᠬᠦᠳ ᠲᠤ ᠪᠢᠴᠢᠭᠰᠡᠨ ᠬᠠᠷᠢᠭᠤ ᠵᠠᠬᠢᠳᠠᠯ

2017-11-22 09:52

ᠰᠦᠨᠢᠳ ᠪᠠᠷᠠᠭᠤᠨ ᠬᠤᠰᠢᠭᠤᠨ ᠤ ᠤᠯᠠᠭᠠᠨᠮᠦ᠋ᠴᠢᠷ ᠤᠨ ᠬᠡᠰᠢᠬᠦᠳ ᠲᠤ᠄

    ᠰᠠᠶᠢᠨ ᠪᠠᠶᠢᠵᠠᠭᠠᠨ᠎ᠠ ᠤᠤ!

    ᠲᠠᠨᠠᠷ ᠤᠨ ᠢᠷᠡᠬᠦᠯᠦᠭᠰᠡᠨ ᠵᠠᠬᠢᠳᠠᠯ ᠡᠴᠡ ᠪᠢ ᠤᠯᠠᠭᠠᠨᠮᠦ᠋ᠴᠢᠷ ᠤᠨ ᠦᠰᠦᠨ ᠪᠤᠶᠢᠵᠢᠯᠳᠠ ᠬᠢᠬᠡᠳ ᠠᠬᠢᠯᠳᠠ ᠳᠠᠪᠰᠢᠯᠳᠠ ᠶᠢ ᠮᠡᠳᠡᠷᠡᠵᠤ᠂ ᠮᠦᠨ ᠲᠠᠨᠠᠷ ᠤᠨ ᠠᠵᠢᠯ ᠦᠢᠯᠡᠰ ᠲᠡᠬᠡᠨ ᠬᠠᠨᠳᠤᠭᠰᠠᠨ ᠬᠠᠯᠠᠭᠤᠨ ᠰᠡᠳᠬᠢᠯ᠂ ᠨᠠᠮ ᠠᠷᠠᠳ ᠳᠦᠮᠡᠨ ᠳᠤ ᠬᠠᠨᠳᠤᠭᠰᠠᠨ ᠬᠦᠨ ᠰᠡᠳᠬᠢᠯᠬᠡ ᠶᠢ ᠮᠡᠳᠡᠷᠡᠭᠰᠡᠨ ᠳ᠋ᠡᠬᠡᠨ ᠮᠠᠰᠢ ᠪᠠᠶᠠᠷ ᠲᠠᠢ ᠪᠠᠶᠢᠨ᠎ᠠ᠃

    ᠤᠯᠠᠭᠠᠨᠮᠦ᠋ᠴᠢᠷ ᠪᠤᠯ ᠤᠯᠤᠰ ᠲᠠᠶᠠᠭᠠᠷ ᠤᠨ ᠤᠳᠬ᠎ᠠ ᠤᠷᠠᠯᠢᠭ ᠤᠨ ᠹᠷᠤᠨᠲ ᠲᠡᠬᠢ ᠨᠢᠬᠡᠨ ᠳᠠᠯᠪᠠᠭ᠎ᠠ ᠶᠤᠮ᠂ ᠠᠩᠬᠠᠨ ᠤ ᠤᠯᠠᠭᠠᠨᠮᠦ᠋ᠴᠢᠷ ᠲᠠᠨᠠᠷ ᠤᠨ ᠨᠤᠳᠤᠭ ᠲᠤ ᠮᠡᠨᠳᠦᠯᠡᠭᠰᠡᠨ ᠢ ᠪᠢ ᠰᠠᠨᠠᠵᠤ ᠪᠠᠶᠢᠨ᠎ᠠ᠃ 60 ᠵᠢᠯ ᠤᠨ ᠳᠤᠷᠰᠢ᠂ ᠦᠶ᠎ᠡ ᠦᠶ᠎ᠡ ᠶᠢᠨ ᠤᠯᠠᠭᠠᠨᠮᠦ᠋ᠴᠢᠷ ᠤᠨ ᠬᠡᠰᠢᠬᠦᠳ ᠰᠠᠯᠬᠢ ᠰᠢᠭᠤᠷᠭ᠎ᠠ ᠶᠢ ᠰᠦᠷᠦᠨ᠂ ᠬᠠᠬᠢᠷ ᠬᠦᠢᠳᠡᠨ ᠢ ᠳᠤᠭᠤᠯᠵᠤ᠂ ᠤᠷᠳᠤ ᠬᠤᠭᠤᠴᠠᠭ᠎ᠠ ᠪᠡᠷ ᠭᠤᠪᠢ ᠶᠢᠨ ᠬᠦᠨ᠂ ᠳᠠᠯ᠎ᠠ ᠶᠢᠨ ᠦᠷᠦᠴᠡᠨ ᠳᠤ ᠳᠤᠪᠳᠤᠯᠤᠨ᠂ ᠬᠦᠬᠡ ᠳᠡᠭᠷᠢ ᠪᠡᠷ ᠬᠦᠰᠢᠬᠡ ᠬᠢᠵᠤ᠂ ᠬᠦᠷᠦᠰᠦᠳᠤ ᠭᠠᠵᠠᠷ ᠢᠶᠡᠷ ᠳᠠᠶᠢᠰᠠ ᠪᠤᠯᠭᠠᠨ ᠦᠷᠬᠡᠨ ᠤᠯᠠᠨ ᠮᠠᠯᠴᠢᠨ ᠳᠦᠮᠡᠨ ᠳᠤ ᠪᠠᠶᠠᠷ ᠪᠠᠬᠠᠳᠤᠯ ᠤᠯᠭᠤᠨ᠂ ᠪᠤᠯᠪᠠᠰᠤᠨ ᠤ ᠬᠡᠷᠡᠯ ᠬᠡᠬᠡ ᠶᠢ ᠬᠦᠷᠳᠡᠬᠡᠵᠤ᠂ ᠨᠠᠮ ᠤᠨ ᠳᠠᠭᠤ ᠪᠤᠯᠤᠨ ᠬᠠᠶᠢᠷ᠎ᠠ ᠬᠠᠯᠠᠮᠵᠢ ᠶᠢ ᠳᠠᠮᠵᠢᠭᠤᠯᠤᠭᠰᠠᠨ᠃

    ᠤᠯᠠᠭᠠᠨᠮᠦ᠋ᠴᠢᠷ ᠡᠬᠦᠷᠢᠳᠡ ᠬᠦᠭᠵᠢᠨ ᠪᠠᠳᠠᠷᠠᠳᠠᠭ ᠨᠢ ᠤᠷᠠᠯᠢᠭ ᠠᠷᠠᠳ ᠳᠦᠮᠡᠨ ᠤ ᠬᠡᠷᠡᠭᠴᠡᠬᠡ ᠶᠢ ᠬᠠᠩᠭᠠᠳᠠᠭ᠂ ᠠᠷᠠᠳ ᠳᠦᠮᠡᠨ ᠴᠤ ᠤᠷᠠᠯᠢᠭ ᠤᠨ ᠬᠡᠷᠡᠭᠴᠡᠬᠡ ᠶᠢ ᠬᠠᠩᠭᠠᠳᠠᠭ ᠬᠡᠰᠡᠨ ᠢ ᠬᠠᠷᠠᠭᠤᠯᠤᠭᠰᠠᠨ᠃ ᠰᠢᠨ᠎ᠡ ᠴᠠᠭ ᠦᠶ᠎ᠡ ᠳᠤ᠂ ᠲᠠᠨᠠᠷ ᠨᠠᠮ ᠤᠨ ᠠᠷᠪᠠ ᠶᠢᠰᠦᠳᠦᠬᠡᠷ ᠶᠡᠬᠡ ᠬᠤᠷᠠᠯ ᠤᠨ ᠵᠤᠷᠢᠭ ᠰᠠᠨᠠᠭ᠎ᠠ ᠪᠡᠷ ᠵᠢᠯᠤᠭᠤᠳᠤᠯᠭ᠎ᠠ ᠪᠤᠯᠭᠠᠵᠤ᠂ ᠤᠯᠠᠭᠠᠨᠮᠦ᠋ᠴᠢᠷ ᠤᠨ ᠰᠢᠯᠢᠳᠡᠭ ᠤᠯᠠᠮᠵᠢᠯᠠᠯ ᠢ ᠶᠡᠬᠡᠪᠡᠷ ᠪᠠᠳᠠᠷᠠᠭᠤᠯᠤᠨ᠂ ᠠᠮᠢᠳᠤᠷᠠᠯ ᠤᠨ ᠰᠢᠮᠡᠯᠢᠭ ᠬᠦᠷᠦᠰᠦᠨ ᠳᠤ ᠦᠨᠳᠦᠰᠦᠯᠡᠵᠤ᠂ ᠮᠠᠯᠴᠢᠨ ᠳᠦᠮᠡᠨ ᠳᠤ ᠦᠢᠯᠡᠴᠢᠯᠡᠨ᠂ ᠤᠳᠬ᠎ᠠ ᠤᠷᠠᠯᠢᠭ ᠤᠨ ᠰᠢᠨ᠎ᠡ ᠶᠢ ᠡᠬᠦᠳᠴᠤ᠂ ᠤᠯᠠᠨ ᠳᠦᠮᠡᠨ ᠳᠤ ᠤᠶᠢᠷᠠᠳᠤᠭᠰᠠᠨ᠂ ᠤᠯᠠᠮᠵᠢᠯᠠᠭᠳᠠᠨ ᠦᠯᠡᠳᠡᠬᠦ ᠨᠡᠩ ᠤᠯᠠᠨ ᠰᠢᠯᠢᠳᠡᠭ ᠪᠦᠳᠦᠬᠡᠯ ᠭᠠᠷᠭᠠᠵᠤ᠂ ᠦᠨᠢ ᠡᠬᠦᠷᠢᠳᠡ ᠳᠠᠯ᠎ᠠ ᠨᠤᠳᠤᠭ ᠤᠨ 《ᠬᠤᠪᠢᠰᠬᠠᠯᠳᠤ ᠤᠳᠬ᠎ᠠ ᠤᠷᠠᠯᠢᠭ ᠤᠨ ᠬᠦᠩᠬᠡᠨ ᠮᠤᠷᠢᠳᠤ ᠴᠡᠷᠢᠭ᠌》ᠪᠤᠯᠳᠤᠭᠠᠢ᠃

           ᠰᠢ ᠵᠢᠨ ᠫᠢᠩ

                2017 ᠤᠨ ᠤ 11 ᠰᠠᠷ᠎ᠠ ᠶᠢᠨ 21 ᠤ ᠡᠳᠦᠷ

    

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121993047