蒙古文网站Logo
ᠰᠢᠨᠬᠤᠸᠠ ᠮᠤᠩᠭ᠋ᠤᠯ ᠨᠧᠲ

ᠰᠢ ᠵᠢᠨ ᠫᠢᠩ ᠶᠧᠵᠢᠫᠲ ᠲᠦ ᠡᠬᠦᠰᠦᠭᠰᠡᠨ ᠬᠦᠨᠲᠦ ᠨᠤᠴᠢᠲᠠᠢ ᠰᠦᠷᠲᠡᠭᠦᠯᠦᠯ ᠤᠨ ᠭᠡᠷᠡᠭ ᠤᠨ ᠳᠠᠯ᠎ᠠ ᠪᠡᠷ ᠶᠧᠵᠢᠫᠲ ᠤᠨ ᠶᠡᠷᠦᠩᠭᠡᠢᠢᠯᠡᠭᠴᠢ ᠰᠠᠢᠢᠰᠢ ᠳ᠋ᠤ ᠲᠤᠬᠤᠨᠢᠭᠤᠯᠬᠤ ᠴᠠᠬᠢᠯᠭᠠᠠ ᠶᠠᠪᠤᠭᠤᠯᠪᠠ

2017-11-27 11:14

    ᠰᠢᠨᠬᠤᠧᠠ ᠬᠤᠷᠢᠶ᠎ᠠ   ᠪᠡᠭᠡᠵᠢᠩ ᠤᠨ 11 ᠰᠠᠷ᠎ᠠ ᠢᠢᠨ 25 ᠤ ᠡᠳᠦᠷ ᠤᠨ ᠴᠠᠬᠢᠯᠭᠠᠠ ᠮᠡᠲᠡᠭᠡ   ᠤᠯᠤᠰ ᠤᠨ ᠲᠡᠷᠢᠭᠦᠯᠡᠭᠴᠢ ᠰᠢ ᠵᠢᠨ ᠫᠢᠩ 11 ᠰᠠᠷ᠎ᠠ ᠢᠢᠨ 25 ᠤ ᠡᠲᠦᠷ ᠶᠧᠵᠢᠫᠲ ᠤᠨ ᠶᠡᠷᠦᠩᠭᠡᠢᠢᠯᠡᠭᠴᠢ ᠰᠠᠢᠢᠰᠢ ᠳ᠋ᠤ ᠲᠤᠬᠤᠨᠢᠭᠤᠯᠬᠤ ᠴᠠᠬᠢᠯᠭᠠᠠ ᠶᠠᠪᠤᠭᠤᠯᠵᠦ᠂ 11 ᠰᠠᠷ᠎ᠠ ᠢᠢᠨ 24 ᠤ ᠡᠲᠦᠷ ᠶᠧᠵᠢᠫᠲ ᠤᠨ ᠤᠮᠠᠷᠠᠳᠦ ᠰᠢᠨᠠᠢ ᠮᠤᠵᠢ ᠢᠢᠨ ᠠᠷᠢᠱ ᠬᠤᠲᠠ ᠢᠢᠨ ᠯᠠᠯᠦ ᠢᠢᠨ ᠰᠦᠮ᠎ᠠ ᠳ᠋ᠤ ᠡᠭᠦᠰᠦᠭᠰᠡᠡ ᠬᠦᠨᠲᠦ ᠨᠤᠴᠢᠲᠠᠢ ᠰᠦᠷᠲᠡᠭᠦᠯᠦᠯ ᠤᠨ ᠲᠠᠭᠠᠷᠢᠯᠲᠠ ᠢᠢᠨ ᠭᠡᠷᠡᠭ ᠲᠦ ᠡᠡᠲᠡᠭᠰᠡᠳ ᠢ ᠡᠮᠭᠡᠨᠢᠨ ᠭᠠᠰᠢᠭᠤᠲᠠᠵᠦ᠂ ᠶᠡᠷᠦᠩᠭᠡᠢᠢᠯᠡᠭᠴᠢ ᠰᠠᠢᠢᠰᠢ᠂ ᠡᠡᠲᠡᠭᠰᠡᠳ ᠤᠨ ᠭᠡᠷ ᠪᠦᠯᠢ ᠢᠢᠨ ᠬᠢᠨ ᠪᠤᠯᠤᠨ ᠰᠢᠷᠬᠠᠲᠤᠭᠰᠠᠳ ᠢ ᠴᠢᠩ ᠰᠡᠳᠭᠢᠯ ᠡᠴᠡ ᠪᠠᠠ ᠲᠤᠬᠤᠨᠢᠭᠤᠯᠵᠦ ᠪᠠᠢᠢᠭ᠎ᠠ ᠪᠠᠠ ᠢᠯᠡᠳᠭᠡᠪᠡ᠃

    ᠰᠢ ᠵᠢᠨ ᠫᠢᠩ ᠲᠤᠬᠤᠨᠢᠭᠤᠯᠬᠤ ᠴᠠᠬᠢᠯᠭᠠᠠ ᠳ᠋ᠠᠭᠠᠨ᠂ ᠲᠤᠮᠲᠠᠲᠤ ᠵᠢᠨ ᠲᠠᠯ᠎ᠠ ᠵᠢᠨ ᠬᠢᠨ ᠶᠠᠮᠠᠷᠪᠠ ᠬᠡᠯᠪᠡᠷᠢ  ᠢᠢᠨ ᠰᠦᠷᠲᠡᠭᠦᠯᠬᠦ ᠦᠵᠡᠯ ᠢ ᠡᠰᠡᠷᠭᠦᠴᠡᠨ᠎ᠠ᠂ ᠡᠨᠡ ᠤᠲᠠᠭ᠎ᠠ ᠵᠢᠨ ᠰᠦᠷᠲᠡᠭᠦᠯᠦᠯ ᠤᠨ ᠲᠠᠭᠠᠷᠢᠯᠲᠠ ᠢᠢ ᠴᠢᠩᠭ᠎ᠠ ᠵᠢᠮᠠᠯᠠᠵᠦ ᠪᠠᠢᠢᠨ᠎ᠠ᠃ ᠲᠤᠮᠲᠠᠲᠤ ᠤᠯᠤᠰ ᠤᠨ ᠲᠠᠯ᠎ᠠ ᠶᠧᠵᠢᠫᠲ ᠤᠨ ᠤᠯᠤᠰ ᠤᠨ ᠠᠮᠤᠷ ᠲᠦᠪᠰᠢᠨ ᠪᠤᠯᠤᠨ ᠲᠤᠭᠲᠠᠭᠤᠨ ᠪᠠᠢᠢᠲᠠᠯ ᠢᠶᠡᠨ ᠬᠠᠮᠠᠭᠠᠯᠠᠵᠦ᠂ ᠰᠦᠷᠲᠡᠭᠦᠯᠬᠦ ᠦᠵᠡᠯ ᠳ᠋ᠤ ᠴᠤᠬᠢᠯᠲᠠ ᠦᠭᠬᠦ ᠴᠢᠷᠮᠠᠢᠢᠯᠭ᠎ᠠ ᠢᠢ ᠡᠷᠡᠰ ᠲᠡᠮᠵᠢᠨ᠎ᠠ ᠭᠡᠵᠦ ᠵᠢᠭᠠᠵᠦ ᠭᠠᠷᠭᠠᠪᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122016298