蒙古文网站Logo
ᠰᠢᠨᠬᠤᠸᠠ ᠮᠤᠩᠭ᠋ᠤᠯ ᠨᠧᠲ

ᠯᠢ ᠺᠧ ᠴᠢᠶᠠᠩ ᠵᠢᠷᠭᠤᠳᠤᠭᠠᠷ ᠤᠳᠠᠭ᠎ᠠ ᠵᠢᠨ ᠳᠤᠮᠳᠠᠳᠤ ᠤᠯᠤᠰ- ᠳᠤᠮᠳᠠ ᠵᠡᠬᠦᠨ ᠡᠧᠦ᠋ᠷᠦᠫᠠ ᠵᠢᠨ ᠤᠯᠤᠰ ᠤᠳ ᠤᠨ ᠤᠳᠤᠷᠢᠳᠬᠤ ᠬᠦᠮᠦᠰ ᠤᠨ ᠠᠭᠤᠯᠵᠠᠯᠳᠠ ᠳ᠋ᠦ ᠤᠷᠤᠯᠴᠠᠪᠠ

2017-11-29 14:54

    ᠰᠢᠨᠬᠤᠧᠠ ᠬᠤᠷᠢᠶ᠎ᠠ   ᠪᠦᠳᠠᠫᠧᠰᠲ ᠤᠨ 11 ᠰᠠᠷ᠎ᠠ ᠵᠢᠨ 27 ᠤ ᠡᠳᠦᠷ ᠤᠨ ᠴᠠᠬᠢᠯᠭᠠᠨ ᠮᠡᠳᠡᠭᠡ(ᠰᠤᠷᠪᠤᠯᠵᠢᠯᠠᠬᠴᠢ ᠪᠠᠢ ᠵᠢᠶᠧ᠂ ᠱᠠᠩ ᠵᠢᠶᠦ᠋ᠨ)ᠲᠦᠷᠦ ᠵᠢᠨ ᠶ᠍ᠠᠪᠤᠳᠠᠯ ᠤᠨ ᠬᠤᠷᠢᠶᠠᠨ ᠤ ᠶ᠍ᠡᠷᠦᠩᠭᠡᠢ ᠰᠠᠢᠢᠳ ᠯᠢ ᠺᠧ ᠴᠢᠶᠠᠩ ᠲᠤᠬᠠᠢ ᠵᠢᠨ ᠤᠷᠤᠨ ᠤ ᠴᠠᠭ ᠢᠶᠡᠷ 11 ᠰᠠᠷ᠎ᠠ ᠵᠢᠨ 27 ᠤ ᠦᠳᠡ ᠵᠢᠨ ᠡᠮᠦᠨ᠎ᠠ ᠪᠦᠳᠠᠫᠧᠰᠲ ᠲᠦ ᠵᠢᠷᠭᠤᠳᠤᠭᠠᠷ᠋ ᠤᠳᠠᠭ᠎ᠠ ᠵᠢᠨ ᠳᠤᠮᠳᠠᠳᠤ ᠤᠯᠤᠰ - ᠳᠤᠮᠳᠠ ᠵᠡᠬᠦᠨ ᠡᠧᠦ᠋ᠷᠦᠫᠠ ᠵᠢᠨ ᠤᠯᠤᠰ ᠤᠳ ᠤᠨ ᠤᠳᠤᠷᠢᠳᠬᠤ ᠬᠦᠮᠦᠰ ᠤᠨ ᠠᠭᠤᠯᠵᠠᠯᠳᠠ ᠳ᠋ᠦ ᠤᠷᠤᠯᠴᠠᠵᠠᠢ᠃ ᠳᠤᠮᠳᠠ ᠵᠡᠬᠦᠨ ᠡᠧᠦ᠋ᠷᠦᠫᠠ ᠵᠢᠨ 16 ᠤᠯᠤᠰ ᠤᠨ ᠤᠳᠤᠷᠢᠳᠬᠤ ᠬᠦᠮᠦᠰ ᠤᠷᠤᠯᠴᠠᠪᠠ᠃ ᠡᠸᠦ᠋ᠷᠦᠫᠠ ᠲᠢᠪ ᠤᠨ ᠤᠯᠤᠰ ᠤᠳ ᠤᠨ ᠬᠤᠯᠪᠤᠭ᠎ᠠ᠂ ᠠᠦ᠋ᠰᠲ᠋ᠷᠢᠶ᠎ᠠ᠂ ᠰᠧᠶ᠋ᠰ᠂ ᠭᠷᠧᠭ᠂ ᠪᠧᠯᠤᠷᠦ᠋ᠰᠢᠶ᠎ᠠ ᠪᠠ ᠡᠧᠦ᠋ᠷᠦᠫᠠ ᠲᠢᠪ ᠤᠨ ᠰᠡᠷᠬᠦᠨ ᠮᠠᠨᠳᠤᠯᠳᠠ ᠵᠢᠨ ᠨᠡᠭᠡᠭᠡᠨ ᠬᠦᠭᠵᠢᠬᠦᠯᠦᠯᠳᠠ ᠵᠢᠨ ᠪᠠᠩᠬᠢ ᠠᠵᠢᠬᠯᠠᠬᠴᠢ ᠵᠢᠨ ᠬᠤᠪᠢ ᠪᠡᠷ᠋ ᠤᠷᠤᠯᠴᠠᠵᠠᠢ᠃

    ᠯᠢ ᠺᠧ ᠴᠢᠶᠠᠩ ᠡᠩ ᠲᠡᠷᠢᠬᠦᠨ ᠳ᠋ᠦ ᠬᠤᠷᠠᠯ ᠳ᠋ᠦ ᠤᠷᠤᠯᠴᠠᠬᠰᠠᠨ ᠡᠯ᠎ᠠ ᠲᠠᠯ᠎ᠠ ᠵᠢᠨ ᠬᠢᠨ ᠲᠠᠢ ᠬᠠᠮᠳᠦ《16 + 1 ᠵᠢᠨ ᠬᠠᠮᠳᠤ ᠶᠢᠨ ᠠᠵᠢᠯᠯᠠᠭ᠎ᠠ》 ᠵᠢᠨ ᠲᠠᠪᠤᠨ ᠵᠢᠯ ᠤᠨ ᠤᠢ ᠵᠢᠨ ᠦᠨᠭᠭᠡᠷᠡᠯᠳᠡ ᠵᠢᠨ ᠤᠬᠤᠷ᠋ ᠹᠢᠯᠢᠮ ᠢ ᠦᠵᠡᠪᠡ᠃ ᠯᠢ ᠺᠧ ᠴᠢᠶᠠᠩ᠂ 5 ᠵᠢᠯ ᠤᠨ ᠲᠤᠷᠰᠢ᠂ ᠤᠳᠤᠷᠢᠳᠬᠤ ᠬᠦᠮᠦᠰ ᠤᠨ ᠠᠭᠤᠯᠵᠠᠯᠳᠠ ᠵᠢᠨ ᠳᠠᠭᠠᠭᠤᠯᠭ᠎ᠠ ᠪᠡ《16 + 1 ᠵᠢᠨ ᠬᠠᠮᠳᠤ ᠶᠢᠨ ᠠᠵᠢᠯᠯᠠᠭ᠎ᠠ》 ᠵᠢᠨ ᠡᠷᠴᠢᠮ ᠳᠠᠰᠤᠷᠠᠯᠳᠠ ᠦᠭᠡᠢ ᠴᠢᠨᠭᠭᠠᠷᠠᠵᠤ᠂ ᠲᠤᠭᠳᠠᠴᠠ ᠡᠳᠦᠷ᠋ ᠢᠷᠡᠬᠦᠶ᠎ᠠ ᠪᠤᠯᠪᠠᠰᠤᠷᠠᠩᠭᠤᠢ ᠪᠤᠯᠵᠦ᠂ ᠪᠦᠬᠦ ᠰᠠᠯᠪᠤᠷᠢ ᠳ᠋ᠡᠬᠢ ᠬᠠᠮᠳᠤ ᠶᠢᠨ ᠠᠵᠢᠯᠯᠠᠭ᠎ᠠ ᠮᠠᠰᠢ ᠰᠠᠢᠢᠨ ᠠᠬᠢᠯᠳᠠ ᠲᠠᠢ ᠪᠤᠯᠵᠤ᠂ ᠴᠢᠬᠤᠯᠠ ᠨᠦᠯᠦᠭᠡᠯᠡᠬᠦ ᠬᠦᠴᠦᠨ ᠲᠠᠢ ᠤᠷᠤᠨ ᠪᠦᠰᠡ ᠡᠠᠯᠤᠰᠯᠠᠭᠰᠠᠨ ᠬᠠᠮᠳᠤ ᠶᠢᠨ ᠠᠵᠢᠯᠯᠠᠭᠠᠨ ᠤ ᠲᠤᠭᠳᠠᠴᠠ ᠪᠤᠯᠪᠠ ᠭᠡᠵᠦ ᠢᠯᠡᠳᠭᠡᠵᠡᠢ᠃

    -ᠪᠢᠳᠠ《ᠳᠤᠮᠳᠠᠳᠤ ᠤᠯᠤᠰ - ᠳᠤᠮᠳᠠ ᠵᠡᠬᠦᠨ ᠡᠧᠦ᠋ᠷᠦᠫᠠ ᠵᠢᠨ ᠤᠯᠤᠰ ᠤᠳ ᠤᠨ ᠬᠠᠮᠳᠤ ᠶᠢᠨ ᠠᠵᠢᠯᠯᠠᠭᠠᠨ ᠤ ᠳᠤᠮᠳᠠ ᠬᠤᠭᠤᠴᠠᠭᠠᠨ ᠤ ᠲᠦᠯᠦᠪᠵᠢᠬᠦᠯᠭᠡ》ᠵᠢ ᠲᠤᠬᠳᠠᠭᠠᠵᠦ᠂ ᠲᠤᠬᠳᠠᠬᠰᠠᠨ ᠰᠤᠯᠢᠯᠴᠠᠭᠠᠨ ᠤ ᠲᠠᠪᠴᠠᠩ ᠢ 20 ᠭᠠᠷᠤᠢ ᠪᠠᠢᠢᠭᠤᠯᠵᠦ᠂ ᠬᠠᠩᠭᠠᠷᠢ ᠰᠧᠷᠪᠢᠶ᠎ᠠ ᠵᠢᠨ ᠲᠡᠮᠦᠷ᠋ ᠵᠠᠮ᠂《ᠳᠤᠮᠳᠠ ᠵᠡᠬᠦᠨ ᠡᠧᠦ᠋ᠷᠦᠫᠠ ᠵᠢᠨ ᠬᠠᠭᠤᠷᠠᠢ ᠲᠠᠯᠠᠢ ᠵᠢᠨ ᠲᠦᠷᠭᠡᠨ ᠠᠶᠠᠯᠠᠯ ᠤᠨ ᠱᠤᠭᠤᠮ》᠂《ᠭᠤᠷᠪᠡᠨ ᠲᠠᠯᠠᠢ ᠵᠢᠨ ᠭᠠᠷᠠᠮ ᠤᠨ ᠤᠷᠤᠨ ᠤ ᠬᠠᠮᠲᠤ ᠶᠢᠨ ᠠᠵᠢᠯᠯᠠᠭ᠎ᠠ》ᠵᠡᠷᠭᠡ ᠴᠢᠬᠤᠯᠠ ᠶ᠍ᠡᠭᠡ ᠰᠠᠨᠠᠭᠠᠴᠢᠯᠠᠭ᠎ᠠ ᠵᠢ ᠳᠤᠷᠠᠳᠴᠦ᠂ 200 ᠭᠠᠷᠤᠢ ᠵᠦᠢᠯ ᠤᠨ ᠪᠤᠳᠠᠳᠠᠢ ᠠᠷᠭ᠎ᠠ ᠭᠡᠮᠵᠢᠶ᠎ᠠ ᠠᠪᠴᠠᠢ᠃

    -ᠳᠤᠮᠳᠠᠳᠤ ᠤᠯᠤᠰ ᠤᠨ ᠠᠵᠤ ᠠᠬᠤᠢᠢᠯᠠᠯ ᠤᠨ 16 ᠤᠯᠤᠰ ᠲᠡᠬᠢ ᠬᠦᠷᠦᠩᠬᠡ ᠤᠷᠤᠭᠤᠯᠤᠯᠳᠠ 30 ᠳ᠋ᠦᠩᠰᠢᠭᠤᠷ᠋ ᠳ᠋ᠤᠯᠯᠠᠷ᠋ ᠡᠴᠡ ᠨᠡᠮᠡᠭᠳᠡᠭᠡᠳ 90 ᠳ᠋ᠦᠩᠰᠢᠭᠤᠷ᠋ ᠭᠠᠷᠤᠢ ᠳ᠋ᠤᠯᠯᠠᠷ᠋ ᠲᠦ ᠬᠦᠷᠪᠡ᠃ ᠳᠤᠮᠳᠠᠳᠤ ᠤᠯᠤᠰ ᠤᠨ ᠳᠤᠮᠳᠠ ᠵᠡᠬᠦᠨ ᠡᠧᠦ᠋ᠷᠦᠫᠠ ᠡᠴᠡ ᠤᠷᠤᠭᠤᠯᠤᠭᠰᠠᠨ ᠲᠠᠷᠢᠶᠠᠯᠠᠩ ᠤᠨ ᠪᠦᠳᠦᠭᠡᠭᠳᠡᠬᠦᠨ ᠤ ᠵᠢᠯ ᠳᠤᠮᠳᠠᠴᠢ ᠵᠢᠨ ᠨᠡᠮᠡᠭᠳᠡᠯ 13.7% ᠳ᠋ᠤ ᠬᠦᠷᠪᠡ᠃ ᠨᠢᠭᠡ ᠪᠦᠯᠦᠭ ᠳᠡᠳ᠋ ᠪᠦᠳᠦᠴᠡ ᠶᠢᠨ ᠪᠡᠯᠭᠡ ᠳᠡᠮᠳᠡᠭ ᠤᠨ ᠴᠢᠨᠠᠷᠳᠠᠢ ᠲᠦᠰᠦᠯ ᠢ ᠪᠦᠳᠦᠭᠡᠨ ᠪᠠᠢᠢᠭᠤᠯᠵᠦ ᠳᠠᠭᠤᠰᠬᠠᠭᠠᠳ ᠠᠰᠢᠬᠯᠠᠯᠳᠠ ᠳ᠋ᠦ ᠤᠷᠤᠭᠤᠯᠪᠠ᠃ ᠳᠤᠮᠳᠠᠳᠤ ᠡᠧᠦ᠋ᠷᠦᠫᠠ ᠵᠢᠨ ᠵᠢᠰᠢᠶᠠᠨ ᠤ ᠭᠠᠯᠳᠦ ᠳᠡᠷᠭᠡ ᠵᠢ 6000 ᠭᠠᠷᠤᠢ ᠡᠭᠡᠯᠵᠢ ᠨᠡᠪᠳᠡᠷᠡᠬᠦᠯᠪᠡ᠃ 6 ᠵᠤᠷᠪᠤᠰ ᠠᠭᠠᠷ᠋ ᠠᠶᠠᠯᠠᠯ ᠤᠨ ᠱᠤᠭᠤᠮ ᠢ ᠰᠢᠨ᠎ᠠ ᠪᠡᠷ᠋ ᠨᠡᠭᠡᠭᠡᠪᠡ᠃ 5 ᠵᠢᠯ ᠤᠨ ᠬᠤᠭᠤᠷᠤᠨᠳᠤ ᠳᠤᠮᠳᠠ ᠵᠡᠬᠦᠨ ᠡᠧᠦ᠋ᠷᠦᠫᠠ ᠳ᠋ᠦ ᠵᠢᠭᠤᠯᠴᠢᠯᠠᠭᠰᠠᠨ ᠳᠤᠮᠳᠠᠳᠤ ᠤᠯᠤᠰ ᠤᠨ ᠵᠢᠭᠤᠯᠴᠢᠳ ᠳᠠᠪᠬᠤᠷᠳᠠᠭᠰᠠᠨ ᠳᠤᠭ᠎ᠠ ᠪᠡᠷ 28 ᠲᠦᠮᠡ ᠡᠴᠡ ᠨᠡᠮᠡᠭᠳᠡᠭᠡᠳ 93 ᠲᠦᠮᠡ ᠬᠦᠷᠴᠠᠢ᠃

    -ᠪᠢᠳᠡ《16 + 1 ᠵᠢᠨ ᠬᠠᠮᠳᠤ ᠶᠢᠨ ᠠᠵᠢᠯᠯᠠᠭ᠎ᠠ》 ᠪᠡᠷ ᠲᠤᠰ ᠲᠤᠰ ᠤᠨ ᠢᠶᠡᠨ ᠭᠦᠭᠵᠢᠯᠳᠡ ᠳ᠋ᠤ ᠭᠦᠴᠤ ᠨᠡᠮᠡᠷᠢᠯᠡᠪᠡ᠃ ᠦᠩᠭᠡᠷᠡᠭᠰᠡᠨ 5 ᠵᠢᠯ ᠳ᠋ᠤ ᠲᠤᠮᠳᠠᠳᠤ ᠤᠯᠤᠰ ᠤᠨ ᠡᠳ᠋ ᠤᠨ ᠵᠠᠰᠠᠭ ᠵᠢᠯ ᠲᠤᠮᠳᠠᠴᠢ ᠪᠡᠷ᠋ 7% ᠡᠴᠡ ᠲᠡᠭᠡᠭᠰᠢᠬᠢ ᠲᠤᠮᠳᠡ ᠲᠡᠭᠡᠳᠤ ᠬᠤᠷᠳᠤᠴᠡ ᠪᠡᠷ᠋ ᠨᠡᠮᠡᠭᠳᠡᠭᠦ ᠵᠢ ᠪᠠᠳᠤᠯᠠᠵᠠᠢ; ᠲᠤᠮᠳᠡ ᠵᠡᠭᠦᠨ ᠡᠧᠦ᠋ᠷᠤᠫᠠ ᠵᠢᠨ ᠤᠯᠤᠰ ᠤᠳ ᠡᠧᠦ᠋ᠷᠤᠫᠠ ᠲᠢᠪ ᠤᠨ ᠦᠭᠴᠡᠭᠡ ᠵᠢᠨ ᠬᠢᠮᠤᠷᠠᠯ ᠤᠨ ᠲᠠᠭᠠᠷᠢᠯᠳᠡ ᠵᠢ ᠠᠮᠵᠢᠯᠳᠠ ᠳᠠᠢ ᠠᠷᠭᠠᠴᠠᠵᠤ᠂ ᠦᠢᠷ᠎ᠠ ᠵᠢᠨ ᠵᠢᠯ ᠡᠴᠡ ᠨᠡᠰᠢ 3% ᠡᠴᠡ ᠲᠡᠭᠡᠭᠰᠢᠬᠢ ᠨᠡᠮᠡᠭᠳᠡᠯ ᠢ ᠪᠡᠶᠡᠯᠡᠭᠦᠯᠵᠤ᠂ ᠡᠧᠦ᠋ᠷᠤᠫᠠ ᠲᠢᠪ ᠤᠨ ᠡᠳ᠋ ᠤᠨ ᠵᠠᠰᠠᠭ ᠤᠨ ᠲᠤᠭᠤᠷᠢᠭ ᠤᠨ ᠭᠢᠯᠠᠰ ᠴᠡᠭ ᠪᠤᠯᠵᠠᠢ᠃

    ᠯᠢ ᠺᠧ ᠴᠢᠶᠠᠩ᠂《16 + 1 ᠵᠢᠨ ᠬᠠᠮᠳᠤ ᠶᠢᠨ ᠠᠵᠢᠯᠯᠠᠭ᠎ᠠ》 ᠲᠦᠷᠭᠡᠨ ᠭᠦᠭᠵᠢᠭᠰᠡᠨ ᠤ ᠵᠠᠩᠬᠢᠯᠠᠭ᠎ᠠ ᠨᠢ 《ᠡᠷᠭᠡ ᠲᠡᠭᠰᠢ ᠪᠡᠷ᠋ ᠵᠦᠪᠳᠡᠯᠴᠡᠭᠦ᠂ ᠬᠠᠷᠢᠯᠴᠡᠨ ᠠᠰᠢᠭᠳᠠᠢ ᠬᠠᠷᠢᠯᠴᠡᠨ ᠬᠠᠷᠠᠭᠠᠯᠵᠠᠬᠤ᠂ ᠨᠡᠭᠡᠭᠡᠯᠳᠡᠳᠡᠢ ᠪᠠᠭᠳᠠᠭᠠᠮᠵᠢᠳᠡᠢ᠂ ᠪᠤᠳᠠᠳᠠᠢ ᠵᠢ ᠡᠷᠬᠢᠮᠯᠡᠵᠤ ᠰᠢᠨ᠎ᠠ ᠵᠢ ᠡᠭᠦᠳᠭᠦ》ᠬᠠᠮᠲᠤ ᠶᠢᠨ ᠠᠵᠢᠯᠯᠠᠭᠠᠨ ᠤ ᠤᠢᠢᠯᠠᠭᠠᠭᠳᠠᠬᠤᠨ ᠢ ᠦᠢᠯᠡᠳᠦᠯᠭᠡᠵᠢᠭᠦᠯᠦᠭᠰᠡᠨ ᠳ᠋ᠤ ᠪᠠᠢᠢᠨ᠎ᠠ᠃ ᠲᠡᠭᠡᠷ᠎ᠠ ᠰᠠᠷ᠎ᠠ ᠳ᠋ᠤ ᠬᠤᠷᠠᠯᠳᠤᠬᠰᠡᠨ ᠲᠤᠮᠳᠠᠳᠤ ᠤᠯᠤᠰ ᠤᠨ ᠡᠪ ᠬᠠᠮᠳᠤ ᠨᠠᠮ ᠤᠨ ᠠᠷᠪᠡ ᠶ᠍ᠢᠰᠦᠳᠦᠭᠡᠷ᠋ ᠤᠳᠠᠭ᠎ᠠ ᠵᠢᠨ ᠪᠦᠭᠦ ᠤᠯᠤᠰ ᠤᠨ ᠲᠦᠯᠦᠭᠡᠯᠡᠭᠴᠢᠳ ᠤᠨ ᠶ᠍ᠡᠭᠡ ᠬᠤᠷᠠᠯ ᠡᠴᠡ᠂ ᠲᠤᠮᠳᠠᠳᠤ ᠤᠯᠤᠰ ᠨᠠᠢᠢᠷᠠᠮᠳᠠᠯ ᠢᠶᠡᠷ ᠭᠦᠭᠵᠢᠭᠦ ᠵᠠᠮ ᠢ ᠪᠠᠷᠢᠮᠳᠠᠯᠠᠬᠤ᠂ ᠰᠢᠨ᠎ᠠ ᠬᠡᠯᠪᠡᠷᠢ ᠵᠢᠨ ᠤᠯᠠᠨ ᠤᠯᠤᠰ ᠤᠨ ᠬᠠᠷᠢᠯᠴᠠᠭ᠎ᠠ ᠪᠡ ᠬᠦᠮᠤᠨ ᠲᠦᠷᠦᠯᠬᠢᠳᠡᠨ ᠤ ᠬᠤᠪᠢ ᠵᠠᠶᠠᠭᠠᠨ ᠤ ᠬᠠᠮᠳᠤ ᠵᠢᠨ ᠴᠤᠭᠴᠡ ᠵᠢ ᠪᠠᠢᠢᠭᠤᠯᠬᠤ ᠵᠢ ᠴᠢᠬᠤᠯᠠᠴᠢᠯᠠᠵᠡᠢ᠃ 《16 + 1 ᠵᠢᠨ ᠬᠠᠮᠳᠤ ᠶᠢᠨ ᠠᠵᠢᠯᠯᠠᠭ᠎ᠠ》 ᠨᠢ ᠭᠠᠵᠠᠷ᠋ ᠤᠷᠤᠨ ᠢᠶᠡᠷ ᠰᠢᠯᠳᠠᠭᠠᠯᠠᠬᠳᠠᠬᠤ ᠤᠯᠤᠰ ᠲᠦᠷᠦ ᠵᠢᠨ ᠪᠠᠭᠠᠵᠢ ᠪᠢᠰᠢ᠂ ᠬᠠᠷᠢᠨ ᠤᠷᠤᠨ ᠪᠦᠰᠡ ᠠᠯᠤᠰᠯᠠᠬᠰᠡᠨ ᠪᠤᠳᠠᠳᠠᠢ ᠵᠢ ᠡᠷᠬᠢᠮᠯᠡᠭᠦ ᠬᠠᠮᠲᠤ ᠶᠢᠨ ᠠᠵᠢᠯᠯᠠᠭᠠᠨ ᠤ 《ᠨᠡᠪᠴᠢᠯᠡᠬᠦᠷ᠋》 ᠮᠦᠨ᠂ ᠲᠤᠮᠳᠠᠳᠤ ᠡᠧᠦ᠋ᠷᠤᠫᠠ ᠵᠢᠨ ᠬᠠᠷᠢᠯᠴᠠᠭ᠎ᠠ ᠵᠢᠨ ᠲᠡᠩᠴᠡᠭᠦᠷᠢᠳᠡᠢ ᠭᠦᠭᠵᠢᠯᠳᠡ ᠵᠢ ᠠᠬᠢᠭᠤᠯᠬᠤ ᠳ᠋ᠤ ᠠᠰᠢᠬᠳᠠᠢ ᠶ᠍ᠤᠮ ᠭᠡᠵᠤ ᠵᠢᠭᠠᠵᠤ ᠭᠠᠷᠭᠠᠪᠡ᠃

    ᠯᠢ ᠺᠧ ᠴᠢᠶᠠᠩ 《ᠡᠳ᠋ ᠤᠨ ᠵᠠᠰᠠᠭ ᠬᠤᠳᠠᠯᠳᠤᠭ᠎ᠠ ᠮᠦᠩᠭᠦᠨ ᠭᠦᠢᠯᠭᠡᠭᠡᠨ ᠤ ᠬᠠᠮᠲᠤ ᠶᠢᠨ ᠠᠵᠢᠯᠯᠠᠭ᠎ᠠ ᠶᠢ ᠭᠦᠨᠵᠡᠭᠡᠢᠢᠷᠡᠭᠦᠯᠵᠤ᠂ ᠬᠠᠷᠢᠯᠴᠡᠨ ᠠᠰᠢᠭᠳᠠᠢ ᠬᠠᠮᠳᠤᠪᠡᠷ᠋ ᠠᠰᠢᠭ ᠭᠦᠷᠳᠡᠭᠦ ᠭᠦᠭᠵᠢᠯᠳᠡ ᠵᠢ ᠠᠬᠢᠭᠤᠯᠬᠤ》ᠠᠭᠤᠯᠵᠠᠯᠳᠡ ᠵᠢᠨ ᠭᠤᠤᠯ ᠰᠡᠳᠦᠪ ᠤᠨ ᠲᠤᠭᠤᠷᠢᠨ ᠳ᠋ᠤ ᠲᠤᠤᠷᠠᠬᠢ ᠮᠡᠳᠤ ᠰᠠᠨᠠᠭᠤᠯᠭ᠎ᠠ ᠲᠤᠷᠠᠳᠪᠡ᠄ ᠨᠢᠭᠡᠳᠦᠭᠡᠷ᠋ ᠲᠤ᠂ ᠡᠳ᠋ ᠤᠨ ᠵᠠᠰᠠᠭ ᠬᠤᠳᠠᠯᠳᠤᠭ᠎ᠠ ᠵᠢᠨ ᠬᠡᠪᠴᠢᠶ᠎ᠠ ᠵᠢ ᠦᠷᠭᠡᠳᠭᠡᠶ᠎ᠠ᠃ ᠡᠳ᠋ ᠤᠨ ᠵᠠᠰᠠᠭ ᠬᠤᠳᠠᠯᠳᠤᠭ᠎ᠠ ᠪᠠ ᠬᠦᠷᠦᠩᠬᠡ ᠡᠤᠷᠤᠭᠤᠯᠤᠯᠳᠡ ᠵᠢᠨ ᠴᠢᠯᠦᠭᠡᠵᠢᠯᠳᠡ ᠲᠦᠭᠦᠮᠴᠢᠯᠡᠯᠳᠡ ᠵᠢ ᠡᠷᠴᠢᠮᠳᠠᠢ ᠠᠬᠢᠭᠤᠯᠤᠨ᠎ᠠ᠃ ᠲᠤᠮᠳᠠᠳᠤ ᠵᠢᠨ ᠲᠠᠯ᠎ᠠ ᠲᠤᠷᠠᠳᠠᠶ᠎ᠠ ᠲᠤᠮᠳᠠ ᠵᠡᠭᠦᠨ ᠡᠧᠦ᠋ᠷᠤᠫᠠ ᠵᠢᠨ ᠤᠯᠤᠰ ᠤᠳ ᠡᠴᠡ ᠨᠡᠩ ᠤᠯᠠᠨ ᠰᠢᠯᠢᠳᠡᠭ ᠴᠢᠨᠠᠷ᠋ ᠰᠠᠢᠢᠳᠠᠢ ᠦᠢᠯᠡᠳᠭᠦᠨ ᠢ ᠤᠷᠤᠭᠤᠯᠵᠤ᠂ ᠲᠤᠮᠳᠠᠳᠤ ᠤᠯᠤᠰ ᠤᠨ ᠰᠠᠭᠤᠭᠠᠯᠢ ᠠᠷᠠᠳ ᠤᠨ ᠤᠯᠠᠨ ᠶ᠍ᠠᠩᠵᠤᠴᠢᠯᠠᠬᠰᠡᠨ ᠭᠡᠷᠡᠭᠴᠡᠭᠡ ᠱᠠᠭᠠᠷᠳᠠᠯᠭ᠎ᠠ ᠵᠢ ᠬᠠᠩᠭᠠᠵᠤ᠂ ᠬᠤᠶᠠᠷ᠋ ᠲᠠᠯ᠎ᠠ ᠵᠢᠨ ᠬᠤᠳᠠᠯᠳᠤᠭᠠᠨ ᠤ ᠲᠡᠩᠴᠡᠭᠦᠷᠢᠳᠡᠢ ᠭᠦᠭᠵᠢᠯᠳᠡ ᠵᠢ ᠠᠬᠢᠭᠤᠯᠤᠨ᠎ᠠ᠃ ᠬᠤᠶᠠᠳᠤᠭᠠᠷ᠋ ᠲᠦ᠂ ᠬᠤᠯᠪᠤᠯᠳᠤᠨ ᠨᠡᠪᠲᠡᠷᠡᠯᠴᠡᠬᠦ ᠠᠵᠢᠯ ᠢ ᠰᠠᠢᠢᠳᠤᠷ᠋ ᠬᠢᠶ᠎ᠠ᠃ ᠬᠤᠯᠪᠤᠯᠳᠤᠨ ᠨᠡᠪᠲᠡᠷᠡᠯᠴᠡᠬᠦ ᠭᠤᠤᠯᠲᠠᠯᠭ᠎ᠠ ᠲᠠᠢ ᠲᠦᠷᠦᠯ ᠵᠦᠢᠯ ᠢ ᠲᠦᠷᠭᠡᠡ ᠭᠡᠷᠡᠭᠵᠢᠭᠦᠯᠵᠦ᠂ ᠡᠭᠡ ᠬᠠᠭᠤᠷᠠᠢ᠂ ᠲᠠᠯᠠᠢ᠂ ᠠᠭᠠᠷ᠋᠂ ᠰᠦᠯᠵᠢᠶ᠎ᠠ ᠪᠠᠷ᠋ ᠨᠡᠪᠲᠡᠷᠡᠯᠴᠡᠬᠦᠯᠦᠨ᠎ᠠ᠃ ᠨᠡᠩ ᠤᠯᠠᠠ ᠪᠤᠭᠤᠮᠲᠠ ᠪᠡᠷ᠋ ᠨᠡᠪᠲᠡᠷᠡᠬᠦ ᠲᠦᠭᠦᠮᠴᠢᠯᠡᠭᠰᠡᠡ ᠠᠷᠭ᠎ᠠ ᠬᠡᠮᠵᠢᠶ᠎ᠠ ᠢᠢ ᠭᠡᠷᠡᠭᠵᠢᠭᠦᠯᠦᠨ᠎ᠠ᠃ ᠨᠡᠩ ᠤᠯᠠᠠ ᠲᠤᠮᠲᠠᠲᠤ ᠡᠧᠦ᠋ᠷᠦᠫᠠ ᠢᠢᠨ ᠵᠢᠰᠢᠶᠠᠨ ᠤ ᠭᠠᠯᠲᠦ ᠲᠡᠷᠭᠡ᠂ ᠰᠢᠭᠤᠳ ᠨᠢᠰᠬᠦ ᠠᠭᠠᠷ᠋ ᠤᠨ ᠱᠤᠭᠤᠮ ᠢ ᠨᠡᠪᠲᠡᠷᠡᠭᠦᠯᠵᠦ᠂ ᠲᠤᠮᠲᠠ ᠵᠡᠬᠦᠨ ᠡᠧᠦ᠋ᠷᠦᠫᠠ ᠵᠢᠨ ᠤᠷᠤᠨ ᠳ᠋ᠤ ᠡᠳ᠋ ᠪᠠᠷᠠᠭᠠᠠ ᠤ ᠬᠦᠢᠯᠭᠡᠭᠡᠨ ᠤ ᠲᠦᠪ ᠪᠠᠢᠢᠭᠤᠯᠤᠨ᠎ᠠ᠃ ᠭᠤᠷᠪᠠᠳᠤᠭᠠᠷ᠋ ᠲᠦ᠂ ᠰᠢᠨ᠎ᠠ ᠢᠢ ᠡᠭᠦᠳᠬᠦ ᠬᠠᠮᠲᠤ ᠶᠢᠨ ᠠᠵᠢᠯᠯᠠᠭ᠎ᠠ ᠶᠢ ᠴᠢᠩᠭᠠᠳᠬᠠᠶ᠎ᠠ᠃ ᠲᠤᠮᠲᠠᠲᠤ ᠵᠢᠨ ᠲᠠᠯ᠎ᠠ ᠦᠢᠯᠡᠳᠪᠦᠷᠢᠯᠡᠯ ᠤᠨ ᠴᠢᠲᠠᠪᠤᠷᠢ᠂ ᠡᠷᠴᠢᠮ ᠬᠦᠴᠦ᠂ ᠡᠳ᠋ ᠪᠠᠷᠠᠭᠠᠠ ᠤ ᠬᠦᠢᠯᠭᠡᠭᠡ᠂ ᠬᠦᠲᠡᠭᠡ ᠠᠵᠦ ᠠᠬᠤᠢ ᠪᠠᠷ᠋ ᠭᠤᠤᠯᠲᠠᠭᠤᠯᠵᠦ᠂ ᠬᠤᠲᠠᠯᠲᠤᠭᠠᠠ ᠤ ᠵᠠᠷᠴᠢᠮ ᠶ᠍ᠤᠰᠤᠭᠠᠷ᠋᠂ 16 + 1 ᠠᠵᠦ ᠦᠢᠯᠡᠰ ᠤᠨ ᠬᠦᠷᠢᠶᠡᠯᠡᠩ ᠲᠤᠭᠤᠷᠢᠭ ᠤᠨ ᠬᠠᠮᠲᠤ ᠶᠢᠨ ᠠᠵᠢᠯᠯᠠᠭᠠᠨ ᠤ ᠵᠠᠬᠪᠤᠷ᠋ ᠤᠨ ᠬᠠᠢᠢᠨ ᠰᠦᠪᠡᠭᠴᠢᠯᠡᠯᠳᠡ ᠬᠢᠬᠦ ᠢᠢ ᠰᠠᠨᠠᠭᠠᠴᠢᠯᠠᠵᠦ ᠪᠤᠢ᠃ ᠲᠤᠮᠲᠠᠲᠤ ᠵᠢᠨ ᠲᠠᠯ᠎ᠠ《16 + 1 ᠰᠢᠨᠵᠢᠯᠡᠬᠦ ᠤᠬᠠᠭᠠᠠ ᠲᠧᠭᠨᠤᠯᠤᠬᠢ ᠶᠢᠨ ᠳᠦᠩᠰᠢᠯᠡᠯ ᠤᠨ ᠲᠦᠯᠦᠪᠯᠡᠭᠡ》 ᠶᠢ ᠭᠡᠷᠡᠭᠵᠢᠭᠦᠯᠬᠦ ᠢᠢ ᠰᠠᠨᠠᠭᠠᠴᠢᠯᠠᠵᠦ᠂ ᠲᠤᠮᠲᠠ ᠵᠡᠬᠦᠨ ᠡᠧᠦ᠋ᠷᠦᠫᠠ ᠢᠢᠨ ᠠᠵᠦ ᠠᠬᠤᠢᠢᠯᠠᠯ ᠤᠨ 《ᠲᠤᠮᠲᠠᠲᠤ ᠤᠯᠤᠰ ᠤᠨ ᠦᠢᠯᠡᠳᠭᠡᠯ 2025》ᠳ᠋ᠤ ᠤᠷᠤᠯᠴᠠᠬᠤ ᠢᠢ ᠪᠠᠶᠠᠷᠯᠠᠨ ᠤᠭᠲᠤᠵᠦ ᠪᠠᠢᠢᠨ᠎ᠠ᠃ ᠲᠦᠷᠪᠡᠳᠦᠭᠡᠷ᠋ ᠲᠦ᠂ ᠮᠦᠩᠭᠦᠨ ᠬᠦᠢᠯᠭᠡᠭᠡ ᠪᠠᠷ᠋ ᠲᠤᠯᠭᠠᠭᠤᠷᠢᠯᠠᠬᠤ ᠢᠢ ᠪᠤᠲᠠᠳᠠᠢᠢᠵᠢᠭᠤᠯᠤᠶ᠎ᠠ᠃ ᠲᠤᠮᠲᠠᠲᠤ ᠤᠯᠤᠰ - ᠲᠤᠮᠲᠠ ᠵᠡᠬᠦᠨ ᠡᠧᠦ᠋ᠷᠦᠫᠠ ᠢᠢᠨ ᠪᠠᠩᠭᠢ ᠢᠢᠨ ᠬᠤᠯᠪᠤᠭᠠᠲᠤ ᠴᠤᠭᠴᠠ ᠡᠨᠡ ᠡᠲᠦᠷ᠋ ᠠᠯᠪᠠᠠ ᠶ᠍ᠤᠰᠤ ᠪᠠᠷ᠋ ᠪᠠᠢᠢᠭᠤᠯᠤᠭᠲᠠᠪᠠ; ᠲᠤᠮᠲᠠᠲᠤ ᠤᠯᠤᠰ - ᠲᠤᠮᠲᠠ ᠵᠡᠬᠦᠨ ᠡᠧᠦ᠋ᠷᠦᠫᠠ ᠢᠢᠨ ᠬᠦᠷᠦᠩᠬᠡ ᠤᠷᠤᠭᠤᠯᠤᠯᠲᠠ ᠢᠢᠨ ᠬᠠᠮᠲᠤ ᠶᠢᠨ ᠠᠵᠢᠯᠯᠠᠭᠠᠨ ᠤ ᠹᠤᠨᠳ᠋ ᠤᠨ ᠬᠤᠶᠠᠲᠤᠭᠠᠷ᠋ ᠬᠤᠭᠤᠴᠠᠭ᠎ᠠ ᠢᠢ ᠨᠢᠭᠡᠡᠲᠡ ᠪᠠᠢᠢᠭᠤᠯᠵᠦ᠂ ᠭᠤᠤᠯᠲᠠᠭᠤ ᠲᠤᠮᠲᠠ ᠵᠡᠬᠦᠨ ᠡᠧᠦ᠋ᠷᠦᠫᠠ ᠳᠤ ᠪᠡᠯᠡ ᠡᠤᠷᠤᠭᠤᠯᠤᠨ᠎ᠠ᠃ ᠲᠠᠪᠤᠳᠤᠭᠠᠷ᠋ ᠲᠦ᠂ ᠰᠤᠶᠤᠯ ᠢᠷᠭᠡᠡᠰᠢᠯ ᠤᠨ ᠰᠤᠯᠢᠯᠴᠠᠭ᠎ᠠ ᠢᠢ ᠬᠦᠨᠵᠡᠭᠡᠢᠢᠷᠡᠭᠦᠯᠦᠶ᠎ᠠ᠃ ᠵᠢᠭᠤᠯᠴᠢᠯᠠᠯ ᠤᠨ ᠬᠠᠮᠲᠤ ᠶᠢᠨ ᠠᠵᠢᠯᠯᠠᠭ᠎ᠠ ᠶᠢ ᠴᠢᠨᠠᠭᠰᠢᠲᠠ ᠴᠢᠩᠭᠠᠳᠬᠠᠠ᠂ ᠸᠢᠰ᠂ ᠬᠦᠮᠦᠨ ᠬᠠᠷ᠎ᠠ ᠢᠢᠨ ᠪᠤᠭᠤᠮᠲᠠ ᠪᠠᠷ᠋ ᠨᠡᠪᠲᠡᠷᠡᠭᠦ ᠭᠠᠷᠲᠠᠮ ᠢ ᠲᠦᠭᠦᠮᠴᠢᠯᠡᠨ᠎ᠠ᠃ ᠵᠠᠯᠠᠭᠤᠴᠤᠳ᠂ ᠬᠢᠲᠠᠳ ᠡᠮ ᠡᠮᠨᠡᠯᠭᠡ᠂ ᠪᠡᠶ᠎ᠠ ᠢᠢᠨ ᠲᠠᠮᠢᠷ᠋᠂ ᠡᠮᠡᠭᠲᠡᠢᠢᠴᠤᠳ ᠭᠡᠤᠬᠡᠳ ᠢ ᠬᠠᠮᠠᠭᠠᠯᠠᠬᠤ ᠵᠡᠷᠭᠡ ᠬᠦᠷᠢᠶᠠᠠ ᠳ᠋ᠡᠬᠢ ᠬᠠᠮᠲᠤᠷᠠᠯᠴᠠᠭ᠎ᠠ ᠢᠢ ᠰᠤᠲᠤᠯᠤᠨ ᠶ᠍ᠠᠷᠢᠯᠴᠠᠨ᠎ᠠ᠃ ᠪᠤᠯᠪᠠᠰᠤᠷᠠᠯ᠂ ᠬᠡᠪᠯᠡᠯ ᠮᠡᠳᠡᠬᠡᠯᠡᠯ ᠰᠤᠯᠢᠯᠴᠠᠭ᠎ᠠ ᠢᠢ ᠦᠷᠭᠦᠯᠵᠢᠯᠡᠡ ᠦᠷᠭᠡᠳᠭᠡᠨ᠎ᠠ᠃ 2018 ᠤᠨ ᠢ 16 + 1 ᠶᠢᠨ ᠭᠠᠵᠠᠷ᠋ ᠤᠷᠤᠨ ᠤ ᠬᠠᠮᠲᠤᠷᠠᠯᠴᠠᠭ᠎ᠠ ᠢᠢᠨ ᠤᠨ ᠢᠶᠡᠷ᠋ ᠲᠤᠭᠲᠠᠭᠠᠬᠤ ᠪᠠᠷ᠋ ᠰᠠᠨᠠᠭᠠᠴᠢᠯᠠᠵᠦ ᠪᠠᠢᠢᠨ᠎ᠠ᠃

    ᠯᠢ ᠺᠧ ᠴᠢᠶᠠᠩ᠂《16 + 1 ᠵᠢᠨ ᠬᠠᠮᠳᠤ ᠶᠢᠨ ᠠᠵᠢᠯᠯᠠᠭ᠎ᠠ》  ᠪᠤᠯ 16 ᠬᠤᠤᠰ ᠬᠤᠶᠠᠷ᠋ ᠲᠠᠯ᠎ᠠ ᠢᠢᠨ ᠬᠠᠷᠢᠴᠠᠭ᠎ᠠ ᠢᠢ ᠲᠦᠭᠦᠮ ᠢᠶᠡᠷ ᠨᠡᠮᠡᠭᠰᠡᠡ ᠶ᠍ᠠᠪᠤᠲᠠᠯ ᠪᠢᠰᠢ᠂ 16 + 1 ᠡᠴᠡ ᠤᠯᠬᠤ ᠠᠮᠵᠢᠯᠲᠠ ᠪᠦᠲᠦᠮᠵᠢ ᠨᠢ 17 ᠶᠢᠨ ᠦᠷ᠎ᠠ ᠪᠦᠳᠦᠮᠵᠢ ᠡᠴᠡ ᠬᠤᠯᠠ ᠲᠠᠪᠠᠨ᠎ᠠ᠃ 17 ᠤᠯᠤᠰ ᠤᠨ ᠬᠠᠮᠲᠤ ᠢᠢᠨ ᠴᠢᠷᠮᠠᠢᠢᠯᠭ᠎ᠠ ᠪᠠᠷ᠋《16 + 1 ᠵᠢᠨ ᠬᠠᠮᠳᠤ ᠶᠢᠨ ᠠᠵᠢᠯᠯᠠᠭ᠎ᠠ》 ᠲᠠᠬᠢᠨ ᠨᠢᠭᠡ ᠲᠡᠭᠲᠡᠷ᠋ ᠲᠦ ᠭᠠᠷᠬᠤ ᠢᠢ ᠢᠲᠡᠭᠡᠵᠦ ᠪᠠᠢᠢᠨ᠎ᠠ ᠭᠡᠵᠦ ᠴᠢᠬᠤᠯᠠᠴᠢᠯᠠᠪᠠ᠃

    ᠬᠤᠷᠠᠯ ᠳ᠋ᠤ ᠤᠷᠤᠯᠴᠠᠬᠰᠠᠨ ᠳᠤᠮᠳᠠ ᠵᠡᠭᠦᠨ ᠡᠧᠦ᠋ᠷᠦᠫᠠ ᠵᠢᠨ ᠤᠯᠤᠰ ᠤᠳ ᠤᠨ ᠤᠳᠤᠷᠢᠳᠬᠤ ᠬᠦᠮᠦᠰ ᠶ᠍ᠡᠷᠦᠩᠬᠡᠢ ᠰᠠᠢᠢᠳ ᠯᠢ ᠺᠧ ᠴᠢᠶᠠᠩ ᠤᠨ ᠳᠤᠷᠠᠳᠤᠬᠰᠠᠨ ᠬᠠᠮᠲᠤ ᠶᠢᠨ ᠠᠵᠢᠯᠯᠠᠭᠠᠨ ᠤ ᠰᠠᠨᠠᠭᠠᠴᠢᠯᠠᠭ᠎ᠠ ᠵᠢ ᠳᠡᠭᠡᠳᠦ ᠬᠡᠮᠵᠢᠶ᠎ᠠ ᠪᠡᠷ᠋ ᠮᠠᠬᠲᠠᠨ ᠰᠠᠢᠢᠰᠢᠶᠠᠵᠤ᠂ 5 ᠵᠢᠯ ᠤᠨ ᠲᠤᠷᠰᠢᠬᠢ ᠬᠠᠮᠲᠤ ᠶᠢᠨ ᠠᠵᠢᠯᠯᠠᠭᠠᠨ ᠤ ᠦᠷ᠎ᠠ ᠪᠦᠲᠦᠭᠡᠯ ᠨᠢ《16 + 1 ᠵᠢᠨ ᠬᠠᠮᠳᠤ ᠶᠢᠨ ᠠᠵᠢᠯᠯᠠᠭ᠎ᠠ》 ᠵᠢ ᠴᠢᠩᠭᠠᠳᠬᠠᠬᠤ ᠪᠤᠯ ᠡᠯ᠎ᠠ ᠤᠯᠤᠰ ᠤᠨ ᠬᠠᠮᠲᠤ ᠵᠢᠨ ᠬᠦᠰᠡᠯ ᠡᠷᠡᠮᠡᠯᠵᠡᠯ ᠪᠤᠯᠬᠤ ᠪᠦᠭᠡᠳ ᠤᠯᠠᠮ ᠡᠴᠡ ᠤᠯᠠᠮ ᠴᠢᠬᠤᠯᠠ ᠠᠴᠢ ᠬᠤᠯᠪᠤᠬᠳᠠᠯ ᠲᠠᠢ ᠭᠡᠰᠡᠨ ᠢ ᠭᠦᠢᠴᠡᠳ ᠢᠯᠡᠷᠡᠭᠦᠯᠵᠦ᠂ ᠳᠤᠷᠠᠲᠠᠶ᠎ᠠ ᠡᠨᠡᠬᠦ ᠲᠠᠪᠴᠠᠩ ᠤᠨ ᠠᠬᠢᠭᠤᠯᠬᠤ ᠦᠢᠯᠡᠳᠦᠯ ᠢ ᠦᠷᠬᠦᠯᠵᠢᠯᠡᠨ ᠪᠠᠳᠠᠷᠠᠭᠤᠯᠵᠤ᠂ ᠬᠠᠮᠲᠤ ᠶᠢᠨ ᠠᠵᠢᠯᠯᠠᠭᠠᠨ ᠤ ᠬᠠᠮᠲᠤ ᠵᠢᠨ ᠲᠠᠨᠢᠯᠲᠠ ᠵᠢ ᠨᠠᠢᠢᠳᠠᠪᠤᠷᠢᠵᠢᠭᠤᠯᠵᠤ᠂ ᠰᠢᠨ᠎ᠠ ᠳᠠᠯᠲᠠ ᠬᠦᠴᠦᠨ ᠢ ᠠᠭᠤᠳᠠᠯᠵᠦ᠂ ᠬᠤᠯᠪᠤᠯᠳᠤᠨ ᠨᠡᠪᠳᠡᠷᠡᠯᠴᠡᠬᠦ᠂ ᠮᠦᠩᠭᠦᠨ ᠭᠦᠢᠯᠭᠡᠭᠡ᠂ ᠡᠯᠧᠺᠲ᠋ᠷᠤᠨ ᠬᠤᠳᠠᠯᠳᠤᠭ᠎ᠠ᠂ ᠬᠦᠳᠡᠭᠡ ᠠᠵᠤ ᠠᠬᠤᠢ᠂ ᠡᠳ᠋ ᠪᠠᠷᠠᠭᠠᠨ ᠤ ᠭᠦᠢᠯᠭᠡᠭᠡ᠂ ᠳᠤᠮᠳᠠ ᠪᠠᠭ᠎ᠠ ᠠᠵᠤ ᠠᠬᠤᠢᠢᠯᠠᠯ᠂ ᠵᠢᠭᠤᠯᠴᠢᠯᠠᠯ᠂ ᠰᠤᠶᠤᠯ ᠢᠷᠭᠡᠨᠰᠢᠯ ᠵᠡᠷᠭᠡ ᠡᠯ᠎ᠠ ᠰᠠᠯᠪᠤᠷᠢ ᠳ᠋ᠡᠬᠢ ᠪᠤᠲᠠᠲᠠᠢ ᠵᠢ ᠡᠷᠬᠢᠮᠯᠡᠭᠰᠡᠨ ᠬᠠᠮᠲᠤ ᠶᠢᠨ ᠠᠵᠢᠯᠯᠠᠭ᠎ᠠ ᠵᠢ ᠴᠢᠩᠭᠠᠳᠬᠠᠵᠤ᠂ ᠲᠤᠰ ᠲᠤᠰ ᠤᠨ ᠤᠯᠤᠰ᠂ ᠳᠤᠮᠳᠠ ᠵᠡᠭᠦᠨ ᠡᠧᠦ᠋ᠷᠦᠫᠠ ᠵᠢᠨ ᠤᠯᠤᠰ ᠤᠳ ᠵᠢᠴᠢ ᠡᠧᠦ᠋ᠷᠦᠫᠠ ᠵᠢᠨ ᠳᠤᠮᠳᠠᠳᠤ ᠤᠯᠤᠰ ᠯᠤᠭ᠎ᠠ ᠵᠢᠨ ᠬᠠᠷᠢᠯᠴᠠᠭ᠎ᠠ ᠵᠢᠨ ᠬᠦᠭᠵᠢᠯᠲᠡ ᠵᠢ ᠠᠬᠢᠭᠤᠯᠵᠤ᠂ ᠬᠠᠷᠢᠯᠴᠠᠨ ᠠᠰᠢᠬᠲᠠᠢ ᠬᠠᠮᠲᠤᠪᠡᠷ᠋ ᠠᠰᠢᠬ ᠬᠦᠷᠲᠡᠬᠦ ᠵᠢ ᠪᠡᠶᠡᠯᠡᠭᠦᠯᠦᠨ᠎ᠠ ᠭᠡᠵᠦ ᠢᠯᠡᠳᠬᠡᠵᠡᠭᠡᠪᠡ᠃

    ᠠᠭᠤᠯᠵᠠᠯᠲᠠ ᠳᠠᠭᠤᠰᠤᠬᠰᠠᠨ ᠤ ᠳᠠᠷᠠᠭ᠎ᠠ᠂ ᠳᠤᠮᠳᠠᠳᠤ ᠤᠯᠤᠰ ᠳᠤᠮᠳᠠ ᠵᠡᠭᠦᠨ ᠡᠧᠦ᠋ᠷᠦᠫᠠ ᠵᠢᠨ 16 ᠤᠯᠤᠰ ᠲᠠᠢ ᠬᠠᠮᠲᠤᠪᠡᠷ᠋《ᠳᠤᠮᠳᠠᠳᠤ ᠤᠯᠤᠰ - ᠳᠤᠮᠳᠠ ᠵᠡᠭᠦᠨ ᠡᠧᠦ᠋ᠷᠦᠫᠠ ᠵᠢᠨ ᠤᠯᠤᠰ ᠤᠳ ᠤᠨ ᠬᠠᠮᠲᠤ ᠶᠢᠨ ᠠᠵᠢᠯᠯᠠᠭᠠᠨ ᠤ ᠪᠦᠳᠠᠫᠧᠰᠲ ᠤᠨ ᠬᠦᠲᠦᠯᠪᠤᠷᠢ》ᠵᠢ ᠨᠡᠢᠢᠲᠡᠯᠡᠪᠡ᠃ ᠡᠯ᠎ᠠ ᠤᠯᠤᠰ ᠤᠨ ᠤᠳᠤᠷᠢᠳᠬᠤ ᠬᠦᠮᠦᠰ《ᠨᠢᠭᠡ ᠪᠦᠰᠡ ᠨᠢᠭᠡ ᠵᠠᠮ》᠂ ᠬᠤᠯᠪᠤᠯᠳᠤᠨ ᠨᠡᠪᠳᠡᠷᠡᠯᠴᠡᠬᠦ᠂ ᠦᠢᠯᠡᠳᠪᠦᠷᠢᠯᠡᠯ ᠤᠨ ᠴᠢᠳᠠᠪᠤᠷᠢ ᠵᠢᠨ ᠬᠠᠮᠲᠤᠷᠠᠯᠴᠠᠭ᠎ᠠ᠂ ᠳᠡᠳ᠋ ᠪᠦᠳᠦᠴᠡ ᠶᠢᠨ ᠪᠦᠲᠦᠭᠡᠨ ᠪᠠᠢᠢᠭᠤᠯᠤᠯᠲᠠ᠂ ᠮᠦᠩᠭᠦᠨ ᠭᠦᠢᠯᠭᠡᠭᠡ᠂ ᠶ᠍ᠠᠰᠤ ᠴᠢᠨᠠᠷ᠋ ᠤᠨ ᠪᠠᠢᠢᠴᠠᠭᠠᠯᠲᠠ᠂ ᠰᠤᠶᠤᠯ ᠢᠷᠭᠡᠨᠰᠢᠯ ᠵᠡᠷᠭᠡ ᠬᠦᠷᠢᠶ᠎ᠠ ᠲᠠᠢ ᠬᠤᠯᠪᠤᠬᠳᠠᠬᠤ ᠤᠯᠠᠨ ᠬᠠᠮᠲᠤ ᠶᠢᠨ ᠠᠵᠢᠯᠯᠠᠭᠠᠨ ᠤ ᠪᠢᠴᠢᠭ᠌ ᠮᠠᠲ᠋ᠧᠷᠢᠶᠠᠯ ᠳᠤ ᠭᠠᠷ᠋ ᠤᠨ ᠦᠰᠦᠭ ᠵᠢᠷᠤᠬᠤ ᠵᠢ ᠬᠠᠮᠲᠤ ᠪᠡᠷ᠋ ᠭᠡᠷᠡᠴᠢᠯᠡᠪᠡ᠃

    ᠯᠢ ᠺᠧ ᠴᠢᠶᠠᠩ ᠪᠠᠰᠠ ᠲᠤᠰ ᠤᠳᠠᠭ᠎ᠠ ᠶᠢᠨ《16 + 1 ᠵᠢᠨ ᠬᠠᠮᠳᠤ ᠶᠢᠨ ᠠᠵᠢᠯᠯᠠᠭ᠎ᠠ》 ᠵᠢᠨ ᠤᠳᠤᠷᠢᠳᠬᠤ ᠬᠦᠮᠦᠰ ᠤᠨ ᠠᠭᠤᠯᠵᠠᠯᠲᠠ ᠵᠢᠨ ᠡᠷᠬᠢᠯᠡᠭᠴᠢ ᠤᠯᠤᠰ ᠪᠤᠯᠬᠤ ᠬᠠᠩᠭᠠᠷᠢ᠂ ᠳᠠᠷᠠᠭ᠎ᠠ ᠤᠳᠠᠭ᠎ᠠ ᠵᠢᠨ ᠠᠭᠤᠯᠵᠠᠯᠲᠠ ᠵᠢᠨ ᠡᠷᠬᠢᠯᠡᠭᠴᠢ ᠤᠯᠤᠰ ᠪᠤᠯᠬᠤ ᠪᠤᠯᠭᠠᠷᠢᠶ᠎ᠠ ᠵᠢᠨ ᠶ᠍ᠡᠷᠦᠩᠬᠡᠢ ᠰᠠᠢᠢᠳ ᠨᠠᠷ ᠲᠠᠢ ᠬᠠᠮᠲᠤ ᠰᠤᠷᠪᠤᠯᠵᠢᠯᠠᠬᠴᠢᠳ ᠲᠠᠢ ᠠᠭᠤᠯᠵᠠᠪᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122027016