蒙古文网站Logo
ᠰᠢᠨᠬᠤᠸᠠ ᠮᠤᠩᠭ᠋ᠤᠯ ᠨᠧᠲ

ᠯᠢ ᠺᠧ ᠴᠢᠶᠠᠩ ᠤᠷᠤᠰ ᠤᠨ ᠶᠡᠷᠦᠩᠬᠡᠶᠢᠯᠡᠭᠴᠢ ᠫᠦᠲ᠋ᠢᠨ ᠲᠠᠢ ᠠᠭᠤᠯᠵᠠᠪᠠ

2017-11-30 15:18

    ᠰᠢᠨᠬᠤᠧᠠ ᠬᠤᠷᠢᠶ᠎ᠠ   ᠮᠤᠰᠺᠧᠠ ᠶᠢᠨ 11 ᠰᠠᠷ᠎ᠠ ᠶᠢᠨ 29 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠭᠴᠢ ᠰᠦᠨ ᠢ᠂ ᠬᠤ ᠰᠢᠶᠤᠤ ᠭᠤᠧᠠᠩ) ᠳᠦᠷᠦ ᠶᠢᠨ ᠶᠠᠪᠤᠳᠠᠯ ᠤᠨ ᠬᠤᠷᠢᠶᠠᠨ ᠤ ᠶᠡᠷᠦᠩᠬᠡᠢ ᠰᠠᠶᠢᠳ ᠯᠢ ᠺᠧ ᠴᠢᠶᠠᠩ ᠳᠤᠬᠠᠢ ᠶᠢᠨ ᠤᠷᠤᠨ ᠤ ᠴᠠᠭ ᠢᠶᠡᠷ 11 ᠰᠠᠷ᠎ᠠ ᠶᠢᠨ 29 ᠤ ᠡᠳᠦᠷ ᠺᠷᠧᠮᠯᠢ ᠤᠷᠳᠤᠨ ᠳᠤ ᠤᠷᠤᠰ ᠤᠨ ᠶᠡᠷᠦᠩᠬᠡᠶᠢᠯᠡᠭᠴᠢ ᠫᠦᠲ᠋ᠢᠨ ᠲᠠᠢ ᠠᠭᠤᠯᠵᠠᠪᠠ᠃

    ᠯᠢ ᠺᠧ ᠴᠢᠶᠠᠩ ᠶᠠᠭᠤᠨ ᠤ ᠡᠮᠦᠨ᠎ᠡ ᠰᠢ ᠵᠢᠨ ᠫᠢᠩ ᠳᠡᠷᠢᠬᠦᠯᠡᠭᠴᠢ ᠶᠢᠨ ᠳᠤᠳᠤᠨᠤ ᠮᠡᠨᠳᠦᠴᠢᠯᠡᠬᠡ ᠬᠢᠬᠡᠳ ᠰᠠᠶᠢᠨ ᠰᠠᠶᠢᠬᠠᠨ ᠬᠦᠰᠡᠯ ᠵᠦᠩᠨᠡᠯ ᠢ ᠫᠦᠲ᠋ᠢᠨ ᠳᠤ ᠳᠠᠮᠵᠢᠭᠤᠯᠤᠭᠠᠳ᠂ ᠨᠠᠮ ᠤᠨ ᠠᠷᠪᠠ ᠶᠢᠰᠦᠳᠦᠬᠡᠷ ᠶᠡᠬᠡ ᠬᠤᠷᠠᠯ ᠦᠨᠳᠦᠷᠯᠡᠭᠰᠡᠨ ᠤ ᠳᠠᠷᠠᠭᠠᠬᠠᠨ ᠰᠢ ᠵᠢᠨ ᠫᠢᠩ ᠳᠡᠷᠢᠬᠦᠯᠡᠭᠴᠢ ᠫᠦᠲ᠋ᠢᠨ ᠲᠠᠢ ᠬᠠᠮᠳᠤᠪᠠᠷ ᠸᠢᠶᠧᠲ᠋ᠨᠠᠮ ᠳᠤ ᠠᠮᠵᠢᠯᠳᠠ ᠲᠠᠢ ᠠᠭᠤᠯᠵᠠᠭᠰᠠᠨ᠃ ᠳᠤᠮᠳᠠᠳᠤ ᠤᠷᠤᠰ ᠤᠨ ᠢᠵᠢ ᠪᠦᠷᠢᠨ ᠰᠲ᠋ᠷᠠᠲ᠋ᠢᠺᠢ ᠶᠢᠨ ᠳᠦᠩᠰᠢᠯᠡᠯ ᠤᠨ ᠬᠠᠷᠢᠯᠴᠠᠭ᠎ᠠ ᠳᠤᠭᠳᠠᠭᠤᠨ ᠬᠦᠭᠵᠢᠵᠤ ᠪᠤᠢ᠃ ᠤᠳᠤᠬᠠᠨ ᠳᠤ ᠬᠤᠶᠠᠷ ᠤᠯᠤᠰ ᠤᠨ ᠡᠳ᠋ ᠤᠨ ᠵᠠᠰᠠᠭ ᠤᠨ ᠬᠠᠮᠳᠤ ᠶᠢᠨ ᠠᠵᠢᠯᠯᠠᠭ᠎ᠠ ᠰᠢᠨ᠎ᠡ ᠭᠠᠷᠤᠭᠠᠨ ᠳᠤ ᠭᠠᠷᠤᠭᠰᠠᠨ᠂ ᠳᠤᠮᠳᠠᠳᠤ ᠶᠢᠨ ᠳᠠᠯ᠎ᠠ ᠳᠤᠷᠠᠲᠠᠶ᠎ᠠ ᠤᠷᠤᠰ ᠤᠨ ᠳᠠᠯ᠎ᠠ ᠲᠠᠢ ᠬᠠᠮᠳᠤ ᠤᠯᠠᠨ ᠤᠯᠤᠰ ᠤᠨ ᠬᠡᠷᠡᠭ ᠶᠠᠪᠤᠳᠠᠯ ᠳᠤᠮᠳᠠᠬᠢ ᠤᠶᠢᠯᠠᠭᠠᠯᠴᠠᠭ᠎ᠠ ᠪᠡᠨ ᠨᠡᠮᠡᠭᠳᠡᠬᠦᠯᠵᠤ᠂ ᠱᠠᠩᠬᠠᠢ ᠶᠢᠨ ᠬᠠᠮᠳᠤ ᠶᠢᠨ ᠠᠵᠢᠯᠯᠠᠭᠠᠨ ᠤ ᠵᠤᠬᠢᠶᠠᠨ ᠪᠠᠶᠢᠭᠤᠯᠤᠯᠳᠠ ᠵᠡᠷᠬᠡ ᠤᠯᠠᠨ ᠬᠦᠷᠢᠶᠡᠨ ᠳᠡᠬᠢ ᠬᠠᠮᠳᠤ ᠶᠢᠨ ᠠᠵᠢᠯᠯᠠᠭ᠎ᠠ ᠪᠡᠨ ᠨᠢᠬᠳᠠᠷᠠᠭᠤᠯᠤᠨ᠂ ᠪᠦᠰᠡ ᠨᠤᠳᠤᠭ ᠤᠨ ᠬᠠᠮᠳᠤ ᠶᠢᠨ ᠠᠵᠢᠯᠯᠠᠭ᠎ᠠ ᠳᠤᠭᠳᠠᠭᠤᠨ ᠤ ᠳᠤᠮᠳᠠ ᠠᠬᠢᠬᠤ ᠶᠢ ᠬᠠᠮᠳᠤᠪᠠᠷ ᠪᠡᠶᠡᠯᠡᠬᠦᠯᠵᠤ᠂ ᠳᠡᠯᠡᠬᠡᠢ ᠶᠢᠨ ᠡᠩᠬᠡ ᠳᠠᠶᠢᠪᠤᠩ ᠪᠠ ᠬᠦᠭᠵᠢᠯᠳᠡ ᠳᠤ ᠪᠠᠶᠢᠭᠤᠯᠤᠯᠳᠠ ᠶᠢᠨ ᠴᠢᠨᠠᠷᠳᠠᠢ ᠬᠦᠴᠦᠨ ᠨᠡᠮᠡᠷᠢᠯᠡᠨ᠎ᠡ ᠬᠡᠵᠡᠢ᠃

    ᠫᠦᠲ᠋ᠢᠨ᠂ ᠯᠢ ᠺᠧ ᠴᠢᠶᠠᠩ ᠤᠷᠤᠰ ᠲᠤ ᠢᠷᠡᠵᠤ ᠱᠠᠩᠬᠠᠢ ᠶᠢᠨ ᠬᠠᠮᠳᠤ ᠶᠢᠨ ᠠᠵᠢᠯᠯᠠᠭᠠᠨ ᠤ ᠵᠤᠬᠢᠶᠠᠨ ᠪᠠᠶᠢᠭᠤᠯᠤᠯᠳᠠ ᠶᠢᠨ ᠬᠡᠰᠢᠬᠦᠨ ᠤᠯᠤᠰ ᠤᠨ ᠶᠡᠷᠦᠩᠬᠡᠢ ᠰᠠᠶᠢᠳ ᠨᠠᠷ ᠤᠨ ᠬᠤᠷᠠᠯ ᠳᠤ ᠤᠷᠤᠯᠴᠠᠬᠤ ᠶᠢ ᠪᠠᠶᠠᠷᠯᠠᠨ ᠤᠬᠳᠤᠵᠤ ᠪᠠᠶᠢᠭ᠎ᠠ ᠪᠡᠨ ᠢᠯᠡᠷᠬᠡᠶᠢᠯᠡᠪᠡ᠃ ᠬᠤᠶᠠᠷ ᠳᠠᠯ᠎ᠠ ᠪᠡᠷ ᠢᠶᠡᠨ ᠬᠠᠮᠳᠤ ᠶᠢᠨ ᠠᠩᠬᠠᠷᠴᠤ ᠬᠠᠯᠠᠮᠵᠢᠯᠠᠵᠤ ᠪᠠᠶᠢᠭ᠎ᠠ ᠤᠯᠠᠨ ᠤᠯᠤᠰ ᠤᠨ ᠬᠢᠬᠡᠳ ᠪᠦᠰᠡ ᠨᠤᠳᠤᠭ ᠤᠨ ᠠᠰᠠᠭᠤᠳᠠᠯ ᠤᠨ ᠳᠠᠯ᠎ᠠ ᠪᠡᠷ ᠰᠠᠨᠠᠯ ᠢᠶᠡᠨ ᠰᠤᠯᠢᠯᠴᠠᠵᠠᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122036894