蒙古文网站Logo
ᠰᠢᠨᠬᠤᠸᠠ ᠮᠤᠩᠭ᠋ᠤᠯ ᠨᠧᠲ

ᠨᠠᠮ ᠤᠨ ᠲᠦᠪ ᠬᠤᠷᠢᠶᠠᠨ ᠤ ᠠᠯᠪᠡᠨ ᠲᠢᠩᠬᠢᠮ ᠲᠦᠷᠦ ᠵᠢᠨ ᠶᠠᠪᠤᠳᠠᠯ ᠤᠨ ᠬᠤᠷᠢᠶᠠᠨ ᠤ ᠠᠯᠪᠡᠨ ᠲᠢᠩᠬᠢᠮ《ᠲᠤᠰᠬᠤᠨ ᠤ ᠶᠠᠪᠤᠳᠠᠯ ᠳᠤ ᠬᠢᠨᠠᠯᠳᠠ ᠲᠠᠯᠪᠢᠬᠤ ᠵᠦᠪᠯᠡᠯ ᠢ ᠪᠠᠢᠢᠭᠤᠯᠤᠨ ᠪᠦᠷᠢᠨᠰᠢᠬᠦᠯᠬᠦ ᠲᠤᠬᠠᠢ ᠵᠢᠯᠤᠭᠤᠳᠬᠤ ᠰᠠᠨᠠᠯ 》 ᠢ ᠳᠠᠷᠤᠮᠠᠯᠯᠠᠨ ᠳᠠᠷᠬᠠᠭᠠᠵᠠᠢ

2017-12-06 13:45

    ᠰᠢᠨᠬᠤᠸᠠ ᠬᠤᠷᠢᠶ᠎ᠠ   ᠪᠡᠭᠡᠵᠢᠩ ᠤᠨ 12 ᠰᠠᠷ᠎ᠠ ᠵᠢᠨ 4 ᠤ ᠡᠳᠤᠷ ᠤᠨ ᠴᠠᠬᠢᠯᠭᠠᠨ ᠮᠡᠳᠡᠭᠡ   ᠤᠢᠢᠷ᠎ᠠ ᠳ᠋ᠦ ᠨᠠᠮ ᠤᠨ ᠲᠦᠪ ᠬᠤᠷᠢᠶᠠᠨ ᠤ ᠠᠯᠪᠡᠨ ᠲᠢᠩᠬᠢᠮ᠂ ᠲᠦᠷᠦ ᠵᠢᠨ ᠶᠠᠪᠤᠳᠠᠯ ᠤᠨ ᠬᠤᠷᠢᠶᠠᠨ ᠤ ᠠᠯᠪᠡᠨ ᠲᠢᠩᠬᠢᠮ《ᠲᠤᠰᠬᠤᠨ ᠤ ᠶᠠᠪᠤᠳᠠᠯ ᠳᠦ ᠬᠢᠨᠠᠯᠳᠠ ᠲᠠᠯᠪᠢᠬᠤ ᠵᠦᠪᠯᠡᠯ ᠢ ᠪᠠᠢᠢᠭᠤᠯᠤᠨ ᠪᠦᠷᠢᠨᠰᠢᠬᠦᠯᠬᠦ ᠲᠤᠬᠠᠢ ᠵᠢᠯᠤᠭᠤᠳᠬᠤ ᠰᠠᠨᠠᠯ》 ᠢ᠋ ᠳᠠᠷᠤᠮᠠᠯᠯᠠᠨ ᠳᠠᠷᠬᠠᠭᠠᠬᠤ ᠶᠢᠨ ᠬᠠᠮᠳᠦ ᠮᠡᠳᠡᠭᠳᠡᠯ ᠪᠠᠭᠤᠯᠭᠠᠵᠦ᠂ ᠡᠯ᠎ᠠ ᠭᠠᠵᠠᠷ ᠤᠷᠤᠨ ᠡᠯ᠎ᠠ ᠰᠠᠯᠠᠭ᠎ᠠ ᠮᠦᠴᠢᠷ ᠤᠨ ᠬᠢᠨ ᠪᠤᠳᠠᠳᠠᠢ ᠲᠠᠢ ᠪᠡᠨ ᠤᠶᠠᠯᠳᠤᠭᠤᠯᠤᠨ ᠨᠠᠷᠢᠨ ᠬᠢᠨᠠᠮᠠᠭᠠᠢ ᠲᠤᠤᠱᠯᠠᠭᠤᠯᠤᠨ ᠨᠠᠢᠢᠳᠠᠪᠤᠷᠢᠵᠢᠭᠤᠯᠬᠤ ᠭᠡᠷᠡᠭᠲᠡᠢ ᠭᠡᠵᠦ ᠱᠠᠭᠠᠷᠳᠠᠪᠠ᠃

    《ᠲᠤᠰᠬᠤᠨ ᠤ ᠶᠠᠪᠤᠳᠠᠯ ᠳᠤ ᠬᠢᠨᠠᠯᠳᠠ ᠲᠠᠯᠪᠢᠬᠤ ᠵᠦᠪᠯᠡᠯ ᠢ ᠪᠠᠢᠢᠭᠤᠯᠤᠨ ᠪᠦᠷᠢᠨᠰᠢᠬᠦᠯᠬᠦ ᠲᠤᠬᠠᠢ ᠵᠢᠯᠤᠭᠤᠳᠬᠤ ᠰᠠᠨᠠᠯ》 ᠤ᠋ᠨ ᠪᠦᠬᠦ ᠠᠭᠤᠯᠭ᠎ᠠ ᠲᠤᠤᠷᠠᠬᠢ ᠮᠡᠳᠦ᠄ ᠲᠤᠰᠬᠤᠨ ᠤ ᠶᠠᠪᠤᠳᠠᠯ ᠳᠦ ᠬᠢᠨᠠᠯᠳᠠ ᠲᠠᠯᠪᠢᠬᠤ ᠵᠦᠪᠯᠡᠯ ᠪᠤᠯ ᠲᠤᠰᠬᠤᠨ ᠤ ᠠᠷᠠᠳ ᠤᠨ ᠲᠤᠰᠬᠤᠨ ᠤ ᠶᠠᠪᠤᠳᠠᠯ ᠳ᠋ᠦ ᠠᠷᠠᠳᠴᠢᠯᠠᠬᠰᠠᠨ ᠬᠢᠨᠠᠯᠳᠠ ᠶᠠᠪᠤᠭᠤᠯᠬᠤ ᠪᠠᠢᠢᠭᠤᠯᠤᠮᠵᠢ ᠮᠦᠨ᠃ ᠲᠤᠰᠬᠤᠨ ᠤ ᠶᠠᠪᠤᠳᠠᠯ ᠳᠦ ᠬᠢᠨᠠᠯᠳᠠ ᠲᠠᠯᠪᠢᠬᠤ ᠵᠦᠪᠯᠡᠯ ᠢ ᠪᠠᠢᠢᠭᠤᠯᠤᠨ ᠪᠦᠷᠢᠨᠰᠢᠬᠦᠯᠬᠦ ᠨᠢ ᠲᠤᠰᠬᠤᠨ ᠤ ᠤᠯᠠᠨ ᠲᠦᠮᠡᠨ ᠤ ᠳᠡᠷᠭᠡᠳᠡᠬᠢ ᠲᠦᠪ ᠪᠤᠰᠤ ᠰᠤᠷᠳᠠᠯ ᠪᠠ ᠢᠯᠵᠢᠷᠡᠯ ᠤᠨ ᠠᠰᠠᠭᠤᠳᠠᠯ ᠢ ᠡᠬᠢ ᠡᠬᠦᠰᠦᠯ ᠡᠴᠡ ᠨᠢ ᠬᠤᠷᠢᠬᠯᠠᠬᠤ᠂ ᠬᠦᠳᠡᠭᠡ ᠲᠤᠰᠬᠤᠨ ᠤ ᠡᠶ᠎ᠠ ᠵᠤᠬᠢᠴᠠᠩᠭ᠋ᠤᠢ ᠲᠤᠭᠳᠠᠭᠤᠨ ᠢ ᠠᠬᠢᠭᠤᠯᠬᠤ ᠳ᠋ᠦ ᠴᠢᠬᠤᠯᠠ ᠦᠢᠯᠡᠳᠦᠯ ᠲᠠᠢ ᠶᠤᠮ᠃ ᠪᠦᠬᠦ ᠲᠠᠯ᠎ᠠ ᠪᠡᠷ ᠨᠠᠮ ᠢ ᠴᠢᠩᠭ᠋᠎ᠠ ᠵᠠᠰᠠᠬᠤ ᠶᠢ ᠦᠨᠳᠦᠰᠦᠨ ᠱᠠᠳᠤ ᠲᠡᠰᠢ ᠤᠷᠳᠤᠳᠬᠠᠬᠤ ᠶᠢ ᠠᠬᠢᠭᠤᠯᠵᠦ᠂ ᠲᠤᠰᠬᠤᠨ ᠤ ᠨᠠᠮ ᠤᠨ ᠵᠤᠬᠢᠶᠠᠨ ᠪᠠᠢᠢᠭᠤᠯᠤᠯᠳᠠ ᠡᠴᠡ ᠤᠳᠤᠷᠢᠳᠤᠬᠰᠠᠨ ᠠᠮᠢᠵᠢᠷᠠᠯ ᠤᠨ ᠬᠦᠴᠦ ᠪᠡᠷ ᠪᠢᠯᠬᠠᠭᠰᠠᠨ ᠲᠤᠰᠬᠤᠨ ᠤ ᠠᠷᠠᠳ ᠤᠨ ᠦᠪᠡᠷᠲᠡᠭᠡᠨ ᠵᠠᠰᠠᠬᠤ ᠲᠤᠭᠳᠠᠴᠠ ᠵᠢ ᠴᠢᠨᠠᠬᠰᠢᠳᠠ ᠳᠡᠬᠦᠯᠳᠡᠷᠵᠢᠬᠦᠯᠵᠦ᠂ ᠲᠤᠰᠬᠤᠨ ᠤ ᠱᠠᠳᠤᠨ ᠤ ᠠᠷᠠᠳᠴᠢᠯᠠᠬᠰᠠᠨ ᠬᠠᠮᠢᠶᠠᠷᠤᠯᠳᠠ ᠪᠠ ᠬᠢᠨᠠᠯᠳᠠ ᠵᠢ ᠴᠢᠩᠭ᠋ᠠᠳᠬᠠᠵᠦ᠂ ᠬᠦᠳᠡᠭᠡ ᠲᠤᠰᠬᠤᠨ ᠤ ᠵᠠᠰᠠᠯᠳᠠ ᠵᠢᠨ ᠲᠦᠪᠰᠢᠨ ᠢ ᠳᠡᠭᠡᠭ᠍ᠰᠢᠯᠡᠬᠦᠯᠬᠦ ᠵᠢᠨ ᠲᠦᠯᠦᠭᠡ᠂ ᠲᠦᠪ ᠤᠨ ᠬᠤᠯᠪᠤᠭᠳᠠᠯ ᠪᠦᠬᠦᠢ ᠱᠠᠭᠠᠷᠳᠠᠯᠭ᠎ᠠ ᠪᠠ《ᠪᠦᠬᠦᠳᠠ ᠨᠠᠢᠢᠷᠠᠮᠳᠠᠬᠤ ᠳᠤᠮᠳᠠᠳᠤ ᠠᠷᠠᠳ ᠤᠯᠤᠰ ᠤᠨ ᠲᠤᠰᠬᠤᠨ ᠤ ᠠᠷᠠᠳ ᠤᠨ ᠵᠦᠪᠯᠡᠯ ᠢ ᠵᠤᠬᠢᠶᠠᠨ ᠪᠠᠢᠢᠭᠤᠯᠬᠤ ᠬᠠᠤᠯᠢ》 ᠶ᠋ᠢᠨ ᠲᠤᠭᠳᠠᠭᠠᠯ ᠢ ᠦᠨᠳᠦᠰᠦᠯᠡᠭᠡᠳ᠂ ᠤᠳᠤ ᠲᠤᠰᠬᠤᠨ ᠤ ᠶᠠᠪᠤᠳᠠᠯ ᠳᠦ ᠬᠢᠨᠠᠯᠳᠠ ᠲᠠᠯᠪᠢᠬᠤ ᠵᠦᠪᠯᠡᠯ ᠢ ᠪᠠᠢᠢᠭᠤᠯᠤᠨ ᠪᠦᠷᠢᠨᠰᠢᠬᠦᠯᠬᠦ ᠲᠤᠬᠠᠢ ᠲᠤᠤᠷᠠᠬᠢ ᠵᠢᠯᠤᠭᠤᠳᠬᠤ ᠰᠠᠨᠠᠯ ᠢ ᠳᠤᠷᠠᠳᠤᠰᠤᠭᠠᠢ᠃

    ᠨᠢᠭᠡ᠂ ᠶᠡᠷᠦᠩᠭᠡᠢ ᠱᠠᠭᠠᠷᠳᠠᠯᠭ᠎ᠠ᠃ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠤᠨ ᠵᠤᠷᠢᠭ ᠰᠠᠨᠠᠭ᠎ᠠ ᠵᠢ ᠪᠦᠬᠦ ᠲᠠᠯ ᠠ ᠪᠡᠷ ᠲᠤᠤᠱᠯᠠᠭᠤᠯᠵᠦ᠂ ᠰᠢ ᠵᠢᠨ ᠫᠢᠩ ᠤᠨ ᠰᠢᠨ᠎ᠠ ᠴᠠᠭ ᠦᠶ᠎ᠠ ᠵᠢᠨ ᠳᠤᠮᠳᠠᠳᠤ ᠤᠯᠤᠰ ᠤᠨ ᠤᠨᠴᠠᠯᠢᠭ ᠲᠠᠢ ᠨᠡᠢᠢᠭᠡᠮ ᠵᠢᠷᠤᠮ ᠤᠨ ᠦᠵᠡᠯ ᠰᠠᠨᠠᠭ᠎ᠠ ᠪᠡᠷ ᠵᠢᠯᠤᠭᠤᠳᠤᠯᠭ᠎ᠠ ᠪᠤᠯᠭᠠᠵᠦ᠂ ᠨᠠᠮ ᠤᠨ ᠲᠦᠪ ᠬᠤᠷᠢᠶ᠎ᠠ ᠵᠢᠨ ᠪᠦᠬᠦ ᠲᠠᠯ᠎ᠠ ᠪᠡᠷ ᠨᠠᠮ ᠢ ᠴᠢᠩᠭ᠋᠎ᠠ ᠵᠠᠰᠠᠬᠤ᠂ ᠬᠦᠳᠡᠭᠡ ᠲᠤᠰᠬᠤᠨ ᠤ ᠦᠨᠳᠦᠰᠦᠨ ᠱᠠᠳᠤᠨ ᠤ ᠵᠤᠬᠢᠶᠠᠨ ᠪᠠᠢᠢᠭᠤᠯᠤᠯᠳᠠ ᠵᠢᠨ ᠴᠤᠬᠴᠠᠯᠠᠯᠳᠠ ᠵᠢ ᠴᠢᠩᠭ᠋ᠠ᠍ᠳᠬᠠᠬᠤ ᠪᠠᠢᠢᠷᠢᠯᠠᠭᠤᠯᠤᠯᠳᠠ ᠱᠠᠭᠠᠷᠳᠠᠯᠭ᠎ᠠ ᠵᠢ ᠨᠠᠷᠢᠨ ᠬᠢᠨᠠᠮᠠᠭᠠᠢ ᠨᠠᠢᠢᠳᠠᠪᠤᠷᠢᠵᠢᠭᠤᠯᠵᠦ᠂ ᠲᠤᠰᠬᠤᠨ ᠤ ᠶᠠᠪᠤᠳᠠᠯ ᠳᠦ ᠬᠢᠨᠠᠯᠳᠠ ᠲᠠᠯᠪᠢᠬᠤ ᠵᠦᠪᠯᠡᠯ ᠢ ᠪᠠᠢᠢᠭᠤᠯᠤᠨ ᠪᠦᠷᠢᠨᠰᠢᠬᠦᠯᠵᠦ᠂ ᠲᠤᠰᠬᠤᠨ ᠤ ᠶᠠᠪᠤᠳᠠᠯ ᠳᠦ ᠬᠢᠨᠠᠯᠳᠠ ᠲᠠᠯᠪᠢᠬᠤ ᠠᠵᠢᠯ ᠢ ᠴᠢᠨᠠᠬᠰᠢᠳᠠ ᠴᠢᠩᠭ᠋ᠠᠳᠬᠠᠨ ᠵᠢᠷᠤᠮᠵᠢᠭᠤᠯᠵᠦ᠂ ᠲᠤᠰᠬᠤᠨ ᠤ ᠤᠯᠠᠨ ᠲᠦᠮᠡᠨ ᠤ ᠬᠠᠤᠯᠢ ᠶᠤᠰᠤᠨ ᠤ ᠡᠷᠭᠡ ᠠᠰᠢᠬ ᠪᠠ ᠲᠤᠰᠬᠤᠨ ᠤ ᠬᠠᠮᠳᠦ ᠵᠢᠨ ᠠᠰᠢᠬ ᠲᠤᠰᠠ ᠵᠢ ᠦᠨᠡᠨᠬᠦ ᠪᠠᠳᠤᠯᠠᠵᠦ᠂ ᠬᠦᠳᠡᠭᠡ ᠲᠤᠰᠬᠤᠨ ᠤ ᠡᠶ᠎ᠠ ᠵᠤᠬᠢᠴᠠᠩᠭ᠋ᠤᠢ ᠲᠤᠭᠳᠠᠭᠤᠨ ᠢ ᠠᠬᠢᠭᠤᠯᠵᠦ᠂ ᠨᠠᠮ ᠤᠨ ᠲᠦᠷᠦ ᠪᠠᠷᠢᠬᠤ ᠰᠠᠭᠤᠷᠢ ᠶᠢ ᠪᠡᠬᠢᠵᠢᠬᠦᠯᠬᠦ ᠭᠡᠷᠡᠭᠲᠡᠢ᠃ ᠨᠠᠮ ᠤᠨ ᠪᠦᠬᠦ ᠲᠠᠯ᠎ᠠ ᠵᠢᠨ ᠤᠳᠤᠷᠢᠳᠤᠯᠭ᠎ᠠ ᠵᠢ ᠴᠢᠩᠭ᠋ᠠᠳᠬᠠᠵᠦ᠂ ᠲᠤᠰᠬᠤᠨ ᠤ ᠨᠠᠮ ᠤᠨ ᠵᠤᠬᠢᠶᠠᠨ ᠪᠠᠢᠢᠭᠤᠯᠤᠯᠳᠠ ᠵᠢᠨ ᠤᠳᠤᠷᠢᠳᠬᠤ ᠭᠤᠤᠯᠯᠠᠬᠴᠢ ᠵᠢᠨ ᠪᠠᠢᠢᠷᠢ ᠰᠠᠭᠤᠷᠢ ᠭᠤᠢᠢᠪᠢᠰᠢ ᠦᠭᠡᠢ ᠪᠠᠢᠢᠬᠤ ᠵᠢ ᠢᠮᠠᠬᠳᠠ ᠪᠠᠷᠢᠮᠳᠠᠯᠠᠵᠦ᠂ ᠲᠤᠰᠬᠤᠨ ᠤ ᠶᠠᠪᠤᠳᠠᠯ ᠳᠤ ᠬᠢᠨᠠᠯᠳᠠ ᠲᠠᠯᠪᠢᠬᠤ ᠵᠦᠪᠯᠡᠯ ᠤᠨ ᠡᠯ᠎ᠠ ᠲᠦᠷᠦᠯ ᠤᠨ ᠠᠵᠢᠯ ᠨᠢ ᠴᠦᠮ ᠨᠠᠮ ᠤᠨ ᠤᠳᠤᠷᠢᠳᠤᠯᠭ᠎ᠠ ᠲᠤᠤᠷ᠎ᠠ ᠶᠠᠪᠤᠭᠳᠠᠬᠤ ᠭᠡᠷᠡᠭᠲᠡᠢ ; ᠪᠠᠢᠢᠷᠢ ᠲᠤᠭᠳᠠᠭᠠᠯᠳᠠ ᠵᠢ ᠤᠨᠤᠪᠴᠢᠳᠠᠢ ᠡᠵᠡᠮᠳᠡᠬᠦ ᠬᠡᠷᠡᠭᠲᠡᠢ᠂ ᠲᠤᠰᠬᠤᠨ ᠤ ᠶᠠᠪᠤᠳᠠᠯ ᠳᠦ ᠬᠢᠨᠠᠯᠳᠠ ᠲᠠᠯᠪᠢᠬᠤ ᠵᠦᠪᠯᠡᠯ ᠪᠤᠯ ᠲᠤᠰᠬᠤᠨ ᠤ ᠠᠷᠠᠳ ᠤᠨ ᠦᠪᠡᠷᠲᠡᠭᠡᠨ ᠵᠠᠰᠠᠬᠤ ᠪᠠᠢᠢᠭᠤᠯᠤᠮᠵᠢ ᠪᠤᠯᠬᠤ ᠪᠠ ᠲᠤᠰᠬᠤᠨ ᠤ ᠲᠡᠰ ᠤᠨ ᠠᠵᠢᠯ ᠤᠨ ᠠᠵᠢᠯᠯᠠᠭᠠᠨ ᠤ ᠲᠤᠭᠳᠠᠴᠠ ᠵᠢᠨ ᠳᠡᠬᠦᠯᠳᠡᠷᠵᠢᠬᠦᠯᠦᠯ ᠮᠦᠨ᠂ ᠲᠤᠰᠬᠤᠨ ᠤ ᠠᠷᠠᠳ ᠡᠴᠡ ᠲᠤᠰᠬᠤᠨ ᠤ ᠶᠠᠪᠤᠳᠠᠯ ᠳᠦ ᠬᠢᠨᠠᠯᠲᠠ ᠲᠠᠯᠪᠢᠬᠤ ᠭᠤᠤᠯ ᠠᠷᠭ᠎ᠠ ᠭᠡᠯᠪᠡᠷᠢ ᠮᠦᠨ; ᠬᠠᠤᠯᠢ ᠶᠤᠰᠤᠭᠠᠷ ᠴᠢᠩᠭ᠋᠎ᠠ ᠬᠢᠨᠠᠯᠳᠠ ᠲᠠᠯᠪᠢᠵᠦ᠂ ᠲᠤᠰᠬᠤᠨ ᠤ ᠶᠠᠪᠤᠳᠠᠯ ᠳᠤ ᠬᠢᠨᠠᠯᠳᠠ ᠲᠠᠯᠪᠢᠬᠤ ᠵᠦᠪᠯᠡᠯ ᠤᠨ ᠬᠠᠤᠯᠢ ᠶᠤᠰᠤᠭᠠᠷ ᠲᠤᠰᠢᠶᠠᠯ ᠡᠬᠦᠷᠭᠡ ᠪᠡᠨ ᠭᠡᠷᠡᠭᠵᠢᠬᠦᠯᠬᠦ ᠵᠢ ᠪᠠᠳᠤᠯᠠᠨ ᠳᠡᠮᠵᠢᠵᠦ᠂ ᠲᠤᠰᠬᠤᠨ ᠤ ᠱᠠᠳᠤᠨ ᠤ ᠶᠠᠪᠤᠳᠠᠯ ᠤᠨ ᠢᠯᠠ ᠲᠤᠳᠤ ᠡᠷᠭᠡ ᠲᠡᠭᠰᠢ ᠲᠦᠪ ᠭᠤᠤᠯᠴᠢ ᠪᠠᠢᠢᠬᠤ ᠵᠢ ᠠᠬᠢᠭᠤᠯᠬᠤ ᠭᠡᠷᠡᠭᠲᠡᠢ᠃

    ᠬᠤᠶᠠᠷ᠂ ᠪᠦᠷᠢᠯᠳᠦᠬᠦᠨ᠃ ᠲᠤᠰᠬᠤᠨ ᠤ ᠶᠠᠪᠤᠳᠠᠯ ᠳᠦ ᠬᠢᠨᠠᠯᠳᠠ ᠲᠠᠯᠪᠢᠬᠤ ᠵᠦᠪᠯᠡᠯ ᠨᠢ ᠡᠩ ᠤᠨ ᠪᠠᠢᠢᠳᠠᠯ ᠳ᠋ᠦ 3 ᠡᠴᠡ 5 ᠬᠦᠮᠦᠨ ᠵᠢᠡᠷ ᠪᠦᠷᠢᠯᠳᠦᠵᠦ᠂ 1 ᠡᠷᠬᠢᠯᠡᠭᠴᠢ ᠲᠤᠬᠢᠷᠠᠭᠤᠯᠵᠤ᠂ ᠲᠤᠰᠬᠤᠨ ᠤ ᠠᠷᠠᠳ ᠤᠨ ᠵᠦᠪᠯᠡᠯ ᠤᠨ ᠭᠡᠰᠢᠬᠦᠨ ᠪᠤᠰᠤ ᠲᠤᠰᠬᠤᠨ ᠤ ᠨᠠᠮ ᠤᠨ ᠵᠤᠬᠢᠶᠠᠨ ᠪᠠᠢᠢᠭᠤᠯᠤᠯᠳᠠ ᠵᠢᠨ ᠪᠠᠭ ᠤᠨ ᠪᠦᠷᠢᠯᠳᠦᠬᠦᠨ ᠪᠤᠶᠤ ᠨᠠᠮ ᠤᠨ ᠭᠡᠰᠢᠬᠦᠨ ᠡᠷᠬᠢᠯᠡᠭᠴᠢ ᠵᠢᠨ ᠲᠤᠰᠢᠶᠠᠯ ᠡᠬᠦᠷᠭᠡᠯᠡᠬᠦ ᠵᠢ ᠰᠠᠨᠠᠭᠠᠴᠢᠯᠠᠵᠦ᠂ ᠵᠠᠷᠴᠢᠮ ᠳᠡᠭᠡᠷ᠎ᠠ ᠪᠡᠨ ᠲᠤᠰᠬᠤᠨ ᠤ ᠨᠠᠮ ᠤᠨ ᠵᠤᠬᠢᠶᠠᠨ ᠪᠠᠢᠢᠭᠤᠯᠤᠯᠳᠠ ᠵᠢᠨ ᠱᠦᠵᠢ ᠡᠷᠬᠢᠯᠡᠭᠴᠢ ᠵᠢᠨ ᠲᠤᠰᠢᠶᠠᠯ ᠢ ᠬᠠᠪᠰᠤᠷᠭᠠᠨ ᠬᠠᠷᠢᠭᠤᠴᠠᠬᠤ ᠦᠭᠡᠢ ᠪᠠᠢᠢᠬᠤ ᠭᠡᠷᠡᠭᠲᠡᠢ᠃ ᠲᠤᠰᠬᠤᠨ ᠤ ᠶᠠᠪᠤᠳᠠᠯ ᠳᠦ ᠬᠢᠨᠠᠯᠳᠠ ᠲᠠᠯᠪᠢᠬᠤ ᠵᠦᠪᠯᠡᠯ ᠤᠨ ᠪᠦᠷᠢᠯᠳᠦᠬᠦᠨ ᠢ ᠲᠤᠰᠬᠤᠨ ᠤ ᠠᠷᠠᠳ ᠤᠨ ᠬᠤᠷᠠᠯ ᠪᠤᠶᠤ ᠲᠤᠰᠬᠤᠨ ᠤ ᠠᠷᠠᠳ ᠤᠨ ᠲᠦᠯᠦᠭᠡᠯᠡᠭᠴᠢᠳ ᠤᠨ ᠬᠤᠷᠠᠯ ᠡᠴᠡ ᠲᠤᠰᠬᠤᠨ ᠤ ᠠᠷᠠᠳ ᠤᠨ ᠳᠤᠮᠳᠠ ᠡᠴᠡ ᠲᠠᠨᠢᠯᠴᠠᠭᠤᠯᠤᠨ ᠰᠤᠩᠭ᠋ᠤᠨ᠎ᠠ᠂ ᠲᠤᠰᠢᠶᠠᠯ ᠬᠠᠷᠢᠭᠤᠴᠠᠬᠤ ᠬᠤᠭᠤᠴᠠᠭ᠎ᠠ ᠨᠢ ᠲᠤᠰᠬᠤᠨ ᠤ ᠠᠷᠠᠳ ᠤᠨ ᠵᠦᠪᠯᠡᠯ ᠤᠨ ᠲᠤᠰᠢᠶᠠᠯ ᠬᠠᠷᠢᠭᠤᠴᠠᠬᠤ ᠬᠤᠭᠤᠴᠠᠭ᠎ᠠ ᠲᠠᠢ ᠠᠳᠠᠯᠢ ᠪᠠᠢᠢᠬᠤ ᠭᠡᠷᠡᠭᠲᠡᠢ᠃

    ᠲᠤᠰᠬᠤᠨ ᠤ ᠶᠠᠪᠤᠳᠠᠯ ᠳᠦ ᠬᠢᠨᠠᠯᠳᠠ ᠲᠠᠯᠪᠢᠬᠤ ᠵᠦᠪᠯᠡᠯ ᠤᠨ ᠪᠦᠷᠢᠯᠳᠦᠭᠦᠨ ᠡᠷᠬᠡᠪᠰᠢ ᠨᠡᠯᠢᠶᠡᠳ ᠰ᠋ᠠᠢᠢᠨ ᠦᠵᠡᠯ ᠰ᠋ᠠᠨᠠᠭ᠎ᠠ ᠤᠯᠤᠰ ᠲᠦᠷᠦ ᠵᠢᠨ ᠬᠡᠪ ᠪᠤᠯᠪᠠᠰᠤᠷᠠᠯ ᠲᠠᠢ᠂ ᠰ᠋ᠠᠬᠢᠯᠭ᠎ᠠ ᠪᠠᠲᠦ ᠵᠢ ᠡᠷᠬᠢᠮᠯᠡᠨ ᠬᠠᠤᠯᠢ ᠴᠠᠭᠠᠵᠠ ᠵᠢ ᠵᠢᠷᠤᠮᠯᠡᠬᠤ᠂ ᠲᠦᠪ ᠭᠤᠤᠯᠴᠢ ᠰ᠋ᠤᠷᠲᠠᠯ ᠴᠢᠭᠡᠴᠢ᠂ ᠵᠠᠷᠴᠢᠮ ᠢ ᠪᠠᠷᠢᠮᠳᠠᠯᠠᠬᠤ᠂ ᠵᠤᠷᠢᠭᠲᠠᠢ ᠪᠡᠷ ᠬᠠᠷᠢᠭᠤᠴᠠᠯᠭ᠎ᠠ ᠡᠭᠦᠷᠭᠡᠯᠡᠬᠦ᠂ ᠤᠯᠠᠨ ᠲᠦᠮᠡᠨ ᠨᠡᠢᠢᠲᠡᠮ ᠢᠶᠡᠷ ᠢᠶᠡᠨ ᠮᠡᠳᠡᠷᠡᠭᠰᠡᠡ ᠪᠠᠢᠢᠵᠤ᠂ ᠵᠤᠬᠢᠬᠤ ᠲᠦᠷᠦ ᠵᠢᠨ ᠪᠤᠳᠤᠯᠭ᠎ᠠ ᠵᠢᠨ ᠲᠦᠪᠰᠢᠨ ᠪᠤᠯᠤᠨ ᠬᠠᠤᠯᠢ ᠶᠤᠰᠤᠭᠠᠷ ᠬᠡᠷᠡᠭ ᠡᠷᠬᠢᠯᠡᠬᠦ ᠴᠢᠳᠠᠪᠤᠷᠢ ᠲᠠᠢ ᠪᠠᠢᠢᠵᠤ᠂ ᠲᠤᠰᠬᠤᠨ ᠤ ᠠᠷᠠᠳ ᠲᠦ ᠬᠠᠯᠠᠭᠤᠮᠰᠤᠭ ᠢᠶᠡᠷ ᠦᠢᠯᠡᠴᠢᠯᠡᠬᠦ ᠬᠡᠷᠡᠭᠲᠡᠢ᠂ ᠡᠭᠦᠨ ᠳᠤ ᠪᠠᠰᠠ ᠡᠳ᠋ ᠤᠨ ᠶᠠᠪᠤᠳᠠᠯ ᠪᠤᠯᠤᠨ ᠬᠠᠮᠢᠶᠠᠷᠤᠯᠲᠠ ᠵᠢᠨ ᠮᠡᠳᠡᠯᠭᠡ ᠲᠠᠢ ᠬᠦᠮᠦᠨ ᠪᠠᠢᠢᠬᠤ ᠬᠡᠷᠡᠭᠲᠠᠢ᠃ ᠰ᠋ᠢᠶᠠᠩ ᠪᠠᠯᠭᠠᠰᠤ ᠵᠢᠨ ᠨᠠᠮ ᠤᠨ ᠬᠤᠷᠢᠶ᠎ᠠ᠂ ᠲᠤᠰᠬᠤᠨ ᠤ ᠨᠠᠮ ᠤᠨ ᠵᠤᠬᠢᠶᠠᠨ ᠪᠠᠢᠢᠭᠤᠯᠤᠯᠲᠠ ᠵᠢᠨ ᠬᠢᠨ ᠬᠦᠮᠦᠨ ᠰ᠋ᠤᠩᠭ᠋ᠤᠬᠤ ᠪᠤᠭᠤᠮᠲᠠ ᠵᠢ ᠴᠢᠨᠭᠭ᠎ᠠ ᠰ᠋ᠠᠬᠢᠬᠤ ᠬᠡᠷᠡᠭᠲᠠᠢ᠃ ᠲᠤᠰᠬᠤᠨ ᠤ ᠠᠷᠠᠳ ᠤᠨ ᠵᠦᠪᠯᠡᠯ ᠤᠨ ᠪᠦᠷᠢᠯᠳᠦᠭᠦᠨ ᠵᠢᠴᠢ ᠳᠡᠳᠡᠨ ᠤ ᠰ᠋ᠠᠳᠤᠨ ᠲᠦᠷᠦᠯ᠂ ᠲᠤᠰᠬᠤᠨ ᠤ ᠨᠢᠬᠳᠠᠯᠠᠨ ᠪᠤᠳᠤᠭᠴᠢ(ᠲᠤᠰᠬᠤᠨ ᠤ ᠳᠠᠩᠰᠠ ᠶᠢᠨ ᠠᠵᠢᠯᠳᠠᠨ)᠂ ᠲᠤᠰᠬᠤᠨ ᠤ ᠪᠢᠴᠢᠭᠡᠴᠢ᠂ ᠲᠤᠰᠬᠤᠨ ᠤ ᠨᠡᠢᠢᠳᠡ ᠵᠢᠨ ᠠᠵᠤ ᠠᠬᠤᠢ ᠵᠢᠨ ᠵᠤᠬᠢᠶᠠᠨ ᠪᠠᠢᠢᠭᠤᠯᠤᠯᠲᠠ ᠵᠢᠨ ᠬᠠᠷᠢᠭᠤᠴᠠᠯᠭᠠᠳᠠᠨ ᠲᠤᠰᠬᠤᠨ ᠤ ᠶᠠᠪᠤᠳᠠᠯ ᠳᠦ ᠬᠢᠨᠠᠯᠲᠠ ᠲᠠᠯᠪᠢᠬᠤ ᠵᠦᠪᠯᠡᠯ ᠤᠨ ᠪᠦᠷᠢᠯᠳᠦᠭᠦᠨ ᠪᠤᠯᠵᠤ ᠪᠤᠯᠬᠤ ᠦᠭᠡᠢ᠂ ᠶᠠᠮᠠᠷᠪᠠ ᠵᠤᠬᠢᠶᠠᠨ ᠪᠠᠢᠢᠭᠤᠯᠤᠯᠲᠠ ᠪᠤᠯᠤᠨ ᠬᠤᠪᠢ ᠬᠦᠮᠦᠨ ᠲᠤᠰᠬᠤᠨ ᠤ ᠶᠠᠪᠤᠳᠠᠯ ᠳᠦ ᠬᠢᠨᠠᠯᠲᠠ ᠲᠠᠯᠪᠢᠬᠤ ᠵᠦᠪᠯᠡᠯ ᠤᠨ ᠪᠦᠷᠢᠯᠳᠦᠭᠦᠨ ᠢ ᠵᠢᠭᠠᠨ ᠲᠤᠭᠳᠠᠭᠠᠵᠤ᠂ ᠲᠤᠮᠢᠯᠠᠵᠤ ᠪᠤᠯᠬᠤ ᠦᠭᠡᠢ᠃

    ᠭᠤᠷᠪᠠ᠂ ᠡᠭᠦᠷᠭᠡ ᠬᠠᠷᠢᠭᠤᠴᠠᠯᠭ᠎ᠠ ᠪᠠ ᠡᠷᠬᠡ᠃ ᠲᠤᠰᠬᠤᠨ ᠤ ᠶᠠᠪᠤᠳᠠᠯ ᠳᠦ ᠬᠢᠨᠠᠯᠲᠠ ᠲᠠᠯᠪᠢᠬᠤ ᠵᠦᠪᠯᠡᠯ ᠤᠨ ᠡᠭᠦᠷᠭᠡ ᠬᠠᠷᠢᠭᠤᠴᠠᠯᠭ᠎ᠠ᠄ ᠲᠤᠰᠬᠤᠨ ᠤ ᠶᠠᠪᠤᠳᠠᠯ᠂ ᠡᠳ᠋ ᠤᠨ ᠶᠠᠪᠤᠳᠠᠯ ᠤᠨ ᠬᠠᠮᠢᠶᠠᠷᠤᠯᠲᠠ ᠵᠡᠷᠭᠡ ᠪᠠᠢᠢᠳᠠᠯ ᠳᠦ ᠬᠢᠨᠠᠯᠲᠠ ᠲᠠᠯᠪᠢᠵᠤ᠂ ᠲᠤᠰᠬᠤᠨ ᠤ ᠠᠷᠠᠳ ᠤᠨ ᠬᠠᠮᠢᠶ᠎ᠠ ᠪᠦᠬᠦᠢ ᠰ᠋ᠠᠨᠠᠯ ᠰ᠋ᠠᠨᠠᠭᠤᠯᠭ᠎ᠠ ᠵᠢ ᠬᠤᠷᠢᠶᠠᠨ ᠰ᠋ᠢᠢᠳᠪᠦᠷᠢᠯᠡᠨ᠎ᠠ᠃ ᠲᠤᠰᠬᠤᠨ ᠤ ᠶᠠᠪᠤᠳᠠᠯ ᠳᠤ ᠬᠢᠨᠠᠯᠲᠠ ᠲᠠᠯᠪᠢᠬᠤ ᠵᠦᠪᠯᠡᠯ ᠵᠢᠴᠢ ᠲᠡᠭᠦᠨ ᠤ ᠪᠦᠷᠢᠯᠳᠦᠭᠦᠨ ᠳᠤᠤᠷᠠᠬᠢ ᠮᠡᠲᠦ ᠡᠷᠬᠡ ᠲᠠᠢ᠄ (1) ᠪᠠᠢᠢᠳᠠᠯ ᠢ ᠮᠡᠳᠡᠬᠦ ᠡᠷᠬᠡ ᠲᠠᠢ᠃ ᠲᠤᠰᠬᠤᠨ ᠤ ᠠᠷᠠᠳ ᠤᠨ ᠵᠦᠪᠯᠡᠯ᠂ ᠲᠤᠰᠬᠤᠨ ᠤ ᠠᠷᠠᠳ ᠤᠨ ᠳᠤᠭᠤᠢᠢᠯᠠᠩ᠂ ᠲᠤᠰᠬᠤᠨ ᠤ ᠠᠷᠠᠳ ᠤᠨ ᠲᠦᠯᠦᠭᠡᠯᠡᠭᠴᠢᠳ ᠤᠨ ᠬᠤᠷᠠᠯ ᠪᠤᠯᠤᠨ ᠲᠤᠰᠬᠤᠨ ᠤ ᠨᠠᠮ ᠤᠨ ᠡᠭᠦᠷ ᠠᠷᠠᠳ ᠤᠨ ᠵᠦᠪᠯᠡᠯ ᠤᠨ ᠬᠠᠮᠲᠤᠷᠠᠭᠰᠠᠨ ᠬᠤᠷᠠᠯ ᠵᠡᠷᠭᠡ ᠳᠦ ᠰ᠋ᠤᠯᠠ ᠤᠷᠤᠯᠴᠠᠵᠤ᠂ ᠪᠠᠢᠢᠲᠠᠯ ᠢ ᠤᠢᠢᠯᠠᠭᠠᠨ᠎ᠠ᠃ (2) ᠠᠰᠠᠭᠤᠨ ᠯᠠᠪᠯᠠᠬᠤ ᠡᠷᠬᠡ ᠲᠠᠢ᠃ ᠲᠤᠰᠬᠤᠨ ᠤ ᠠᠷᠠᠳ ᠤᠨ ᠳᠤᠰᠬᠠᠯ ᠴᠢᠩᠭ᠋᠎ᠠ ᠪᠠᠢᠢᠭ᠎ᠠ ᠲᠤᠰᠬᠤᠨ ᠤ ᠶᠠᠪᠤᠳᠠᠯ᠂ ᠡᠳ᠋ ᠤᠨ ᠶᠠᠪᠤᠲᠠᠯ ᠤᠨ ᠠᠰᠠᠭᠤᠳᠠᠯ ᠤᠨ ᠲᠤᠬᠠᠢ ᠠᠰᠠᠭᠤᠨ ᠯᠠᠪᠯᠠᠬᠤ ᠵᠢᠨ ᠬᠠᠮᠲᠦ ᠬᠤᠯᠪᠤᠭᠳᠠᠯ ᠪᠦᠬᠦᠢ ᠲᠠᠯ᠎ᠠ ᠵᠢᠨ ᠬᠢᠨ ᠢ ᠤᠷᠢᠵᠤ ᠲᠤᠰᠬᠤᠨ ᠤ ᠠᠷᠠᠳ ᠲᠦ ᠲᠠᠢᠢᠯᠪᠤᠷᠢᠯᠠᠯᠲᠠ ᠬᠢᠯᠭᠡᠨ᠎ᠠ᠃ (3) ᠬᠢᠨᠡᠨ ᠬᠠᠷᠭᠤᠭᠤᠯᠬᠤ ᠡᠷᠬᠡ ᠲᠠᠢ᠃ ᠠᠷᠠᠳᠴᠢᠯᠠᠯ ᠵᠢᠡᠷ ᠡᠳ᠋ ᠤᠨ ᠶᠠᠪᠤᠳᠠᠯ ᠢ ᠬᠠᠮᠢᠶᠠᠷᠬᠤ ᠪᠤᠯᠤᠨ ᠲᠤᠰᠬᠤᠨ ᠤ ᠶᠠᠪᠤᠳᠠᠯ ᠢ ᠢᠯᠡ ᠨᠡᠢᠢᠳᠡᠯᠡᠬᠦ ᠳᠦᠷᠢᠮ ᠢ ᠨᠠᠢᠢᠳᠠᠪᠤᠷᠢᠵᠢᠭᠤᠯᠵᠤ ᠪᠠᠢᠢᠬᠤ ᠪᠠᠢᠢᠳᠠᠯ ᠤᠨ ᠲᠤᠬᠠᠢ ᠬᠢᠨᠠᠨ ᠬᠠᠷᠭᠤᠭᠤᠯᠤᠨ᠎ᠠ᠃ (4) ᠰ᠋ᠠᠨᠠᠭᠤᠯᠭ᠎ᠠ ᠭᠠᠷᠭᠠᠬᠤ ᠡᠷᠬᠡ ᠲᠠᠢ᠃ ᠲᠤᠰᠬᠤᠨ ᠤ ᠨᠠᠮ ᠤᠨ ᠡᠭᠦᠷ ᠪᠤᠯᠤᠨ ᠠᠷᠠᠳ ᠤᠨ ᠵᠦᠪᠯᠡᠯ ᠳᠦ ᠲᠤᠰᠬᠤᠨ ᠤ ᠶᠠᠪᠤᠳᠠᠯ ᠤᠨ ᠬᠠᠮᠢᠶᠠᠷᠤᠯᠲᠠ ᠵᠢᠨ ᠰ᠋ᠠᠨᠠᠭᠤᠯᠭ᠎ᠠ ᠳᠡᠪᠰᠢᠭᠦᠯᠵᠤ᠂ ᠴᠢᠬᠤᠯᠠ ᠲᠠᠢ ᠦᠶ᠎ᠠ ᠳᠦ ᠰ᠋ᠢᠶᠠᠩ ᠪᠠᠯᠭᠠᠰᠤ ᠵᠢᠨ ᠨᠠᠮ ᠤᠨ ᠬᠤᠷᠢᠶ᠎ᠠ ᠪᠤᠯᠤᠨ ᠵᠠᠰᠠᠭ ᠤᠨ ᠤᠷᠳᠤᠨ ᠳᠦ ᠰ᠋ᠠᠨᠠᠭᠤᠯᠭ᠎ᠠ ᠳᠡᠪᠰᠢᠭᠦᠯᠵᠤ ᠪᠤᠯᠤᠨ᠎ᠠ᠃ ᠲᠤᠰᠬᠤᠨ ᠤ ᠶᠠᠪᠤᠳᠠᠯ ᠳᠦ ᠬᠢᠨᠠᠯᠲᠠ ᠲᠠᠯᠪᠢᠬᠤ ᠵᠦᠪᠯᠡᠯ ᠵᠢᠴᠢ ᠲᠡᠭᠦᠨ ᠤ ᠪᠦᠷᠢᠯᠳᠦᠭᠦᠨ ᠰ᠋ᠠᠬᠢᠯᠭ᠎ᠠ ᠪᠠᠲᠦ ᠬᠠᠤᠯᠢ ᠴᠠᠭᠠᠵᠠ ᠶᠤᠰᠤᠭᠠᠷ᠂ ᠦᠨᠡᠨ ᠢ ᠪᠠᠷᠢᠮᠲᠠᠯᠠᠨ᠂ ᠪᠤᠰᠤᠳᠴᠢ ᠲᠦᠪ ᠭᠤᠤᠯᠴᠢ ᠪᠡᠷ ᠬᠢᠨᠠᠯᠲᠠ ᠲᠠᠯᠪᠢᠬᠤ ᠬᠡᠷᠡᠭᠲᠡᠢ᠂ ᠲᠤᠰᠬᠤᠨ ᠤ ᠶᠠᠪᠤᠳᠠᠯ ᠤᠨ ᠪᠤᠲᠠᠲᠠᠢ ᠰ᠋ᠢᠢᠳᠪᠦᠷᠢ ᠭᠠᠷᠭᠠᠬᠤ ᠪᠠ ᠬᠠᠮᠢᠶᠠᠷᠤᠯᠲᠠ ᠳᠦ ᠰ᠋ᠢᠭᠤᠳ ᠤᠷᠤᠯᠴᠠᠵᠤ ᠪᠤᠯᠬᠤ ᠦᠭᠡᠢ᠂ ᠲᠤᠰᠬᠤᠨ ᠤ ᠨᠠᠮ ᠤᠨ ᠡᠭᠦᠷ ᠪᠠ ᠠᠷᠠᠳ ᠤᠨ ᠵᠦᠪᠯᠡᠯ ᠤᠨ ᠡᠳᠦᠷ ᠳᠤᠳᠤᠮ ᠤᠨ ᠠᠵᠢᠯ ᠢ ᠬᠠᠷᠰᠢᠯᠠᠵᠤ ᠪᠤᠯᠬᠤ ᠦᠭᠡᠢ᠃ (5) ᠠᠷᠠᠳᠴᠢᠯᠠᠯ ᠢᠶᠡᠷ ᠦᠨᠡᠯᠡᠯᠲᠡ ᠬᠢᠬᠦ ᠠᠵᠢᠯᠯᠠᠭ᠎ᠠ ᠶᠢ ᠡᠷᠬᠢᠯᠡᠨ ᠶᠠᠪᠤᠭᠲᠠᠭᠤᠯᠤᠨ᠎ᠠ᠃ ᠲᠤᠰᠬᠤᠨ ᠤ ᠠᠷᠠᠳ ᠤᠨ ᠬᠤᠷᠠᠯ ᠪᠤᠶᠤ ᠲᠤᠰᠬᠤᠨ ᠤ ᠠᠷᠠᠳ ᠤᠨ ᠲᠦᠯᠦᠭᠡᠯᠡᠭᠴᠢᠳ ᠤᠨ ᠬᠤᠷᠠᠯ ᠡᠴᠡ ᠲᠤᠰᠬᠤᠨ ᠤ ᠠᠷᠠᠳ ᠤᠨ ᠵᠦᠪᠯᠡᠯ ᠤᠨ ᠪᠦᠷᠢᠯᠳᠦᠭᠦᠨ ᠵᠢᠴᠢ ᠲᠤᠰᠬᠤᠨ ᠤ ᠠᠷᠠᠳ ᠪᠤᠶᠤ ᠲᠤᠰᠬᠤᠨ ᠤ ᠬᠠᠮᠲᠦ ᠨᠡᠢᠢᠳᠡ ᠶᠢᠨ ᠬᠠᠷᠢᠭᠤᠴᠠᠬᠤ ᠠᠵᠢᠯ ᠰ᠋ᠠᠭᠠᠳᠠᠭᠰᠠᠨ ᠨᠦᠬᠦᠪᠦᠷᠢ ᠤᠯᠭᠤᠬᠤ ᠤᠷᠢᠵᠤ ᠬᠡᠷᠡᠭᠯᠡᠭᠰᠡᠡ ᠬᠦᠮᠦᠰ ᠤᠨ ᠡᠭᠦᠷᠭᠡ ᠬᠠᠷᠢᠭᠤᠴᠠᠯᠭ᠎ᠠ ᠪᠠᠨ ᠭᠦᠢᠴᠡᠳᠭᠡᠭ᠍ᠰᠡᠨ ᠪᠠᠢᠢᠳᠠᠯ ᠤᠨ ᠲᠤᠬᠠᠢ ᠠᠷᠠᠳᠴᠢᠯᠠᠯ ᠵᠢᠡᠷ ᠬᠢᠨᠠᠨ ᠦᠨᠡᠯᠡᠬᠦ ᠠᠵᠢᠯ ᠢ ᠲᠤᠰᠬᠤᠨ ᠤ ᠶᠠᠪᠤᠳᠠᠯ ᠳᠦ ᠬᠢᠨᠠᠯᠲᠠ ᠲᠠᠯᠪᠢᠬᠤ ᠵᠦᠪᠯᠡᠯ ᠡᠴᠡ ᠡᠷᠬᠢᠯᠡᠨ᠎ᠠ᠃

    ᠳᠦᠷᠪᠡ᠂ ᠬᠢᠨᠠᠯᠲᠠ ᠲᠠᠯᠪᠢᠬᠤ ᠠᠭᠤᠯᠭ᠎ᠠ᠃ ᠲᠤᠰᠬᠤᠨ ᠤ ᠶᠠᠪᠤᠳᠠᠯ ᠳᠦ ᠬᠢᠨᠠᠯᠲᠠ ᠲᠠᠯᠪᠢᠬᠤ ᠵᠦᠪᠯᠡᠯ ᠤᠨ ᠬᠢᠨ ᠲᠤᠰᠬᠤᠨ ᠤ ᠪᠤᠳᠠᠳᠠᠢ ᠪᠠᠢᠢᠳᠠᠯ ᠲᠠᠢ ᠪᠠᠨ ᠨᠢᠬᠲᠠ ᠤᠶᠠᠯᠳᠤᠭᠤᠯᠵᠤ᠂ ᠲᠤᠤᠷᠠᠬᠢ ᠮᠡᠲᠦ ᠲᠠᠯ᠎ᠠ ᠪᠡᠷ ᠬᠢᠨᠠᠯᠲᠠ ᠲᠠᠯᠪᠢᠬᠤ ᠵᠢ ᠭᠤᠤᠯᠳᠠᠯᠭ᠎ᠠ ᠲᠠᠢ ᠴᠢᠩᠭ᠋ᠠᠳᠬᠠᠬᠤ ᠬᠡᠷᠡᠭᠲᠠᠢ᠄ (1) ᠲᠤᠰᠬᠤᠨ ᠤ ᠶᠠᠪᠤᠳᠠᠯ ᠤᠨ ᠰ᠋ᠢᠢᠳᠪᠦᠷᠢ ᠪᠤᠯᠤᠨ ᠢᠯᠡ ᠪᠤᠯᠭᠠᠭᠰᠠᠠ ᠪᠠᠢᠢᠳᠠᠯ᠃ ᠭᠤᠤᠯᠳᠠᠭᠤ ᠲᠤᠰᠬᠤᠨ ᠤ ᠶᠠᠪᠤᠳᠠᠯ ᠤᠨ ᠰ᠋ᠢᠢᠳᠪᠦᠷᠢ ᠵᠢ ᠭᠠᠷᠭᠠᠭᠰᠠᠨ ᠨᠢ ᠲᠤᠭᠳᠠᠭᠰᠠᠨ ᠳᠡᠰ ᠳᠠᠷᠠᠭᠠᠯᠠᠯ ᠶᠤᠰᠤᠭᠠᠷ ᠶᠠᠪᠤᠭᠳᠠᠭᠤᠯᠤᠭᠰᠠᠨ ᠡᠰᠡᠬᠦ᠂ ᠲᠤᠰᠬᠤᠨ ᠤ ᠶᠠᠪᠤᠳᠠᠯ ᠢ ᠢᠯᠡ ᠪᠤᠯᠭᠠᠭᠰᠠᠠ ᠨᠢ ᠪᠦᠬᠦ ᠲᠠᠯ᠎ᠠ ᠵᠢᠨ᠂ ᠦᠨᠡᠨ ᠪᠤᠳᠠᠳᠠᠢ᠂ ᠴᠠᠭ ᠲᠤᠬᠠᠢ ᠳ᠋ᠤᠨᠢ᠂ ᠵᠢᠷᠤᠮᠵᠢᠯ ᠲᠠᠢ ᠡᠰᠡᠬᠦ᠃ (2) ᠲᠤᠰᠬᠤᠨ ᠤ ᠳᠡᠰ ᠤᠨ ᠡᠳ᠋ ᠬᠦᠷᠦᠩᠭᠡ ᠵᠢᠨ ᠬᠠᠮᠢᠶᠠᠷᠤᠯᠲᠠ ᠵᠢᠨ ᠪᠠᠢᠢᠳᠠᠯ᠃ ᠭᠤᠤᠯᠳᠠᠭᠤ ᠲᠤᠰᠬᠤᠨ ᠤ ᠠᠷᠠᠳ ᠤᠨ ᠵᠦᠪᠯᠡᠯ᠂ ᠲᠤᠰᠬᠤᠨ ᠦ ᠠᠷᠠᠳ ᠤᠨ ᠲᠤᠭᠤᠢᠢᠯᠠᠩ ᠤᠷᠤᠯᠠᠨ ᠬᠠᠮᠢᠶᠠᠷᠴᠤ ᠪᠠᠢᠢᠭ᠎ᠠ ᠲᠤᠰᠬᠤᠨ ᠤ ᠬᠠᠮᠳᠤ ᠶᠢᠨ ᠪᠡᠯᠡ ᠮᠦᠩᠬᠦ ᠡᠳ᠋ ᠬᠦᠷᠤᠩᠬᠡ ᠶᠢᠨ ᠡᠬᠢ ᠪᠠᠶᠠᠯᠢᠬ ᠤᠨ ᠬᠠᠮᠢᠶᠠᠷᠤᠯᠳᠠ ᠶᠢᠨ ᠪᠠᠢᠢᠳᠠᠯ᠂ ᠲᠤᠰᠬᠤᠨ ᠦ ᠲᠡᠰ ᠤᠨ ᠪᠤᠰᠤᠳ ᠡᠳ᠋ ᠤᠨ ᠶᠠᠪᠤᠳᠠᠯ ᠤᠨ ᠬᠠᠮᠢᠶᠠᠷᠤᠯᠳᠠ ᠶᠢᠨ ᠪᠠᠢᠢᠳᠠᠯ ᠪᠤᠯᠤᠨ᠎ᠠ᠃ (3) ᠲᠤᠰᠬᠤᠨ ᠤ ᠪᠠᠷᠢᠯᠭ᠎ᠠ ᠶᠢᠨ ᠲᠦᠷᠤᠯ ᠵᠤᠢᠢᠯ ᠤᠨ ᠪᠦᠳᠤᠬᠡᠨ ᠪᠠᠢᠢᠭᠤᠯᠤᠯᠳᠠ ᠶᠢᠨ ᠪᠠᠢᠢᠳᠠᠯ᠃ ᠭᠤᠤᠯᠳᠠᠭᠤ ᠰ᠋ᠠᠭᠤᠷᠢ ᠲᠦᠬᠦᠬᠡᠷᠤᠮᠵᠢ ᠪᠤᠯᠤᠨ ᠤᠯᠠᠨ ᠨᠠᠢᠢᠳᠠ ᠶᠢᠨ ᠤᠢᠢᠯᠡᠴᠢᠯᠡᠬᠡᠨ ᠤ ᠪᠦᠳᠤᠬᠡᠨ ᠪᠠᠢᠢᠭᠤᠯᠤᠯᠲᠠ ᠵᠡᠷᠬᠡ ᠪᠠᠷᠢᠯᠭ᠎ᠠ ᠶᠢᠨ ᠲᠦᠷᠤᠯ ᠵᠤᠢᠢᠯ ᠲᠤᠭᠳᠠᠭᠠᠬᠤ᠂ ᠲᠠᠭᠠᠭᠠᠴᠢᠯᠠᠯᠳᠠ ᠵᠠᠷᠯᠠᠬᠤ ᠪᠠ ᠲᠠᠭᠠᠭᠠᠴᠢᠯᠠᠯᠲᠠ ᠬᠦᠯᠢᠶᠡᠬᠦ᠂ ᠲᠦᠰᠤᠪ ᠪᠠ ᠲᠦᠰᠦᠪ ᠤᠨ ᠭᠦᠢᠴᠡᠳᠭᠡᠯ᠂ ᠪᠦᠳᠤᠬᠡᠨ ᠪᠠᠢᠢᠭᠤᠯᠤᠯᠳᠠ ᠪᠠᠷᠢᠯᠭ᠎ᠠ ᠶᠢᠨ ᠠᠵᠢᠯ᠂ ᠶᠠᠰᠤ ᠴᠢᠨᠠᠷ ᠢ ᠰ᠋ᠢᠯᠭᠠᠨ ᠠᠪᠤᠬᠰᠠᠨ ᠪᠠᠢᠢᠳᠠᠯ᠃ (4) ᠲᠠᠷᠢᠶᠠᠴᠢᠳ ᠲᠤ ᠠᠰᠢᠬ ᠬᠦᠷᠳᠡᠬᠡᠬᠦ ᠲᠦᠷᠤ ᠶᠢᠨ ᠪᠤᠳᠤᠯᠭ᠎ᠠ ᠶᠢ ᠨᠠᠢᠢᠳᠠᠪᠤᠷᠢᠵᠢᠭᠤᠯᠤᠬᠰᠠᠨ ᠪᠠᠢᠢᠳᠠᠯ᠃ ᠭᠤᠤᠯᠳᠠᠭᠤ ᠲᠠᠷᠢᠶᠠᠯᠠᠩ ᠢ ᠲᠡᠮᠵᠢᠬᠦ ᠪᠠ ᠲᠡᠳᠬᠦᠬᠦ ᠪᠡᠯᠡ ᠮᠦᠩᠬᠦ ᠶᠢ ᠭᠡᠷᠡᠭᠯᠡᠭᠰᠡᠨ᠂ ᠡᠯ᠎ᠠ ᠵᠤᠢᠢᠯ ᠤᠨ ᠬᠦᠳᠡᠬᠡ ᠠᠵᠤ ᠠᠬᠤᠢ ᠶᠢᠨ ᠨᠦᠬᠦᠪᠤᠷᠢ ᠶᠢᠨ ᠪᠡᠯᠡ ᠮᠦᠩᠬᠦ ᠶᠢ ᠲᠠᠷᠬᠠᠭᠠᠨ ᠦᠭ᠍ᠬᠦᠭ᠍ᠰᠡᠨ᠂ ᠬᠦᠳᠡᠬᠡ ᠲᠤᠰᠬᠤᠨ ᠤ ᠨᠡᠢᠢᠬᠡᠮ ᠤᠨ ᠠᠪᠤᠷᠠᠨ ᠲᠤᠰᠠᠯᠠᠬᠤ ᠪᠡᠯᠡ ᠮᠦᠩᠬᠦ ᠶᠢ ᠭᠤᠶᠤᠴᠢᠯᠠᠬᠰᠠᠨ ᠪᠠ ᠲᠠᠷᠬᠠᠭᠠᠨ ᠦᠭ᠍ᠬᠦᠭ᠍ᠰᠡᠨ ᠵᠡᠷᠬᠡ ᠪᠠᠢᠢᠳᠠᠯ ᠪᠤᠯᠤᠨ᠎ᠠ᠃ (5) ᠬᠦᠳᠡᠬᠡ ᠲᠤᠰᠬᠤᠨ ᠤ ᠤᠶᠤᠨ ᠤ ᠪᠤᠯᠪᠠᠰᠤᠨ ᠤ ᠪᠠᠢᠢᠭᠤᠯᠤᠯᠳᠠ ᠶᠢᠨ ᠪᠠᠢᠢᠳᠠᠯ᠃ ᠭᠤᠤᠯᠳᠠᠭᠤ ᠪᠤᠯᠪᠠᠰᠤᠨ ᠬᠦᠳᠡᠬᠡ ᠶᠢᠨ ᠰ᠋ᠤᠷᠳᠠᠯ ᠢ ᠪᠠᠢᠢᠭᠤᠯᠤᠬᠰᠠᠨ᠂ ᠪᠤᠯᠪᠠᠰᠤᠨ ᠲᠤᠰᠬᠤᠨ ᠪᠠᠯᠭᠠᠰᠤ ᠶᠢ ᠡᠬᠦᠳᠤᠨ ᠪᠠᠢᠢᠭᠤᠯᠤᠬᠰᠠᠨ᠂ ᠭᠡᠪ ᠵᠠᠩᠰᠢᠯ ᠢ ᠦᠬᠡᠷᠡᠴᠢᠯᠡᠬᠦ ᠶᠢ ᠠᠬᠢᠭᠤᠯᠤᠬᠰᠠᠨ᠂ ᠬᠦᠳᠡᠬᠡ ᠲᠤᠰᠬᠤᠨ ᠤ ᠤᠷᠴᠢᠨ ᠲᠤᠭᠤᠷᠢᠨ ᠤ ᠡᠷᠡᠬᠦᠯ ᠬᠠᠮᠠᠭᠠᠯᠠᠯᠳᠠ ᠶᠢ ᠴᠡᠭᠴᠠᠯᠠᠨ ᠵᠠᠰᠠᠬᠰᠠᠨ᠂ ᠲᠤᠰᠬᠤᠨ ᠤ ᠠᠷᠠᠳ ᠤᠨ ᠦᠪᠡᠷᠳᠡᠬᠡᠨ ᠵᠠᠰᠠᠬᠤ ᠲᠦᠷᠢᠮ ᠲᠤᠭᠳᠠᠭᠠᠯ ᠪᠤᠯᠤᠨ ᠲᠤᠰᠬᠤᠨ ᠤ ᠲᠦᠷᠢᠮ ᠠᠷᠠᠳ ᠤᠨ ᠭᠡᠷ᠎ᠠ ᠶᠢ ᠭᠡᠷᠡᠭᠵᠢᠬᠦᠯᠦᠭᠰᠡᠨ ᠪᠠᠢᠢᠳᠠᠯ ᠪᠤᠯᠤᠨ᠎ᠠ᠃ (6) ᠪᠤᠰᠤᠳ ᠬᠢᠨᠠᠯᠳᠠ ᠲᠠᠯᠪᠢᠬᠤ ᠴᠢᠬᠤᠯᠠᠳᠠᠢ ᠵᠤᠢᠢᠯ᠃

    ᠲᠠᠪᠤ᠂ ᠠᠵᠢᠯ ᠤᠨ ᠠᠷᠭ᠎ᠠ ᠬᠡᠯᠪᠡᠷᠢ᠃ ᠲᠤᠰᠬᠤᠨ ᠤ ᠶᠠᠪᠤᠳᠠᠯ ᠳᠦ ᠬᠢᠨᠠᠯᠲᠠ ᠲᠠᠯᠪᠢᠬᠤ ᠵᠦᠪᠯᠡᠯ ᠤᠨ ᠬᠢᠨ ᠶᠠᠷᠤ ᠳ᠋ᠡᠬᠡᠨ ᠲᠤᠤᠷᠠᠬᠢ ᠮᠡᠳᠤ ᠠᠷᠭ᠎ᠠ ᠪᠡᠷ ᠬᠢᠨᠠᠯᠳᠠ ᠲᠠᠯᠪᠢᠨ᠎ᠠ᠄ (1) ᠰ᠋ᠠᠨᠠᠯ ᠬᠤᠷᠢᠶᠠᠨ᠎ᠠ᠃ ᠲᠡᠭᠡᠷ᠎ᠠ ᠱᠠᠳᠤᠨ ᠤ ᠨᠠᠮ ᠤᠨ ᠬᠤᠷᠢᠶ᠎ᠠ ᠪᠤᠯᠤᠨ ᠵᠠᠰᠠᠬ ᠤᠨ ᠤᠷᠳᠤᠨ ᠤ ᠪᠠᠢᠢᠷᠢᠯᠠᠭᠤᠯᠤᠬᠰᠠᠨ ᠭᠤᠤᠯ ᠠᠵᠢᠯ ᠪᠤᠯᠤᠨ ᠲᠤᠰᠬᠤᠨ ᠤ ᠲᠡᠰ ᠤᠨ ᠲᠤᠭᠳᠠᠭᠠᠬᠰᠠᠨ ᠴᠢᠬᠤᠯᠠ ᠶᠡᠬᠡ ᠶᠠᠪᠤᠳᠠᠯ ᠢ ᠦᠨᠳᠤᠰᠤᠯᠠᠵᠤ᠂ ᠰ᠋ᠤᠷᠪᠤᠯᠵᠢᠯᠠᠭ᠎ᠠ ᠶᠢ ᠬᠦᠯᠢᠶᠠᠨ ᠠᠪᠬᠤ᠂ ᠡᠷᠤᠬᠡ ᠳᠤ ᠬᠦᠷᠴᠤ ᠰ᠋ᠤᠷᠪᠤᠯᠵᠢᠯᠠᠬᠤ ᠵᠡᠷᠬᠡ ᠬᠡᠯᠪᠡᠷᠢ ᠪᠡᠷ ᠰ᠋ᠠᠨᠠᠯ ᠰ᠋ᠠᠨᠠᠭᠤᠯᠭ᠎ᠠ ᠶᠢ ᠦᠷᠬᠡᠨ ᠢᠶᠡᠷ ᠬᠤᠷᠢᠶᠠᠵᠤ᠂ ᠬᠢᠨᠠᠯᠳᠠ ᠲᠠᠯᠪᠢᠬᠤ ᠵᠦᠢᠯ ᠢ ᠲᠤᠭᠳᠠᠭᠠᠨ᠎ᠠ᠃ (2) ᠰ᠋ᠠᠨᠠᠭᠤᠯᠭ᠎ᠠ ᠲᠤᠷᠠᠳᠤᠨ᠎ᠠ᠃ ᠬᠢᠨᠠᠯᠳᠠ ᠲᠠᠯᠪᠢᠬᠤ ᠵᠤᠢᠢᠯ ᠢᠶᠡᠷ ᠭᠤᠤᠯᠯᠠᠭᠤᠯᠵᠤ᠂ ᠲᠤᠰᠬᠤᠨ ᠤ ᠨᠠᠮ ᠤᠨ ᠵᠤᠬᠢᠶᠠᠨ ᠪᠠᠢᠢᠭᠤᠯᠤᠯᠳᠠ ᠪᠤᠯᠤᠨ ᠲᠤᠰᠬᠤᠨ ᠤ ᠵᠦᠪᠯᠡᠯ ᠳᠤ ᠬᠤᠷᠢᠶᠠᠬᠰᠠᠨ ᠰ᠋ᠠᠨᠠᠯ ᠢᠶᠡᠨ ᠴᠠᠬ ᠲᠤᠬᠠᠢ ᠳᠤᠨᠢ ᠲᠤᠰᠬᠠᠵᠤ᠂ ᠠᠵᠢᠯ ᠤᠨ ᠰ᠋ᠠᠨᠠᠭᠤᠯᠭ᠎ᠠ ᠲᠤᠷᠠᠳᠤᠨ᠎ᠠ᠃ (3) ᠬᠢᠨᠠᠯᠳᠠ ᠲᠠᠯᠪᠢᠵᠤ ᠨᠠᠢᠢᠳᠠᠪᠤᠷᠢᠵᠢᠭᠤᠯᠤᠨ᠎ᠠ᠃ ᠬᠢᠨᠠᠯᠳᠠ ᠲᠠᠯᠪᠢᠬᠰᠠᠨ ᠵᠤᠢᠢᠯ ᠳᠤ ᠪᠦᠬᠦ ᠶᠠᠪᠤᠴᠠ ᠪᠡᠷ ᠬᠢᠨᠠᠯᠳᠠ ᠬᠢᠵᠤ᠂ ᠤᠷᠤᠰᠢᠵᠤ ᠪᠠᠢᠢᠭ᠎ᠠ ᠠᠰᠠᠭᠤᠳᠠᠯ ᠢ ᠴᠠᠬ ᠲᠤᠬᠠᠢ ᠳᠤᠨᠢ ᠢᠯᠡᠷᠡᠬᠦᠯᠬᠦ ᠪᠠ ᠵᠠᠯᠠᠷᠠᠭᠤᠯᠤᠨ᠎ᠠ᠃ ᠢᠯᠡᠷᠡᠬᠦᠯᠦᠭᠰᠡᠨ ᠱᠠᠮᠰᠢᠵᠤ ᠬᠤᠪᠢ ᠪᠠᠨ ᠪᠤᠷᠳᠤᠭᠰᠠᠠ᠂ ᠤᠯᠠᠨ ᠲᠦᠮᠡᠨ ᠤ ᠠᠰᠢᠬ ᠲᠤᠰᠠ ᠶᠢ ᠬᠤᠬᠢᠷᠠᠭᠤᠯᠤᠬᠰᠠᠨ ᠵᠡᠷᠬᠡ ᠰ᠋ᠠᠬᠢᠯᠭ᠎ᠠ ᠪᠠᠳᠤ ᠬᠠᠤᠯᠢ ᠴᠠᠭᠠᠵᠠ ᠡᠴᠡ ᠵᠦᠷᠢᠴᠡᠭᠰᠡᠨ ᠠᠰᠠᠭᠤᠳᠠᠯ ᠢ ᠴᠠᠬ ᠲᠤᠬᠠᠢ ᠳᠤᠨᠢ ᠲᠤᠰᠬᠤᠨ ᠤ ᠨᠠᠮ ᠤᠨ ᠵᠤᠬᠢᠶᠠᠨ ᠪᠠᠢᠢᠭᠤᠯᠤᠯᠳᠠ᠂ ᠰ᠋ᠢᠶᠠᠩ ᠪᠠᠯᠭᠠᠰᠤᠨ ᠤ ᠨᠠᠮ ᠤᠨ ᠬᠤᠷᠢᠶ᠎ᠠ ᠪᠤᠯᠤᠨ ᠵᠠᠰᠠᠬ ᠤᠨ ᠤᠷᠳᠤᠨ ᠵᠢᠴᠢ ᠰ᠋ᠠᠬᠢᠯᠭ᠎ᠠ ᠪᠠᠳᠤ ᠪᠠᠢᠢᠴᠠᠭᠠᠬᠤ ᠬᠢᠨᠠᠨ ᠪᠠᠢᠢᠴᠠᠭᠠᠬᠤ ᠪᠠᠢᠢᠭᠤᠯᠤᠯᠭ᠎ᠠ ᠳᠤ ᠮᠡᠳᠡᠬᠦᠯᠤᠨ᠎ᠠ᠃ (4) ᠤᠯᠠᠨ ᠨᠡᠢᠢᠳᠠ ᠳᠤ ᠵᠠᠷᠯᠠᠵᠤ ᠬᠠᠷᠢᠭᠤ ᠲᠤᠰᠬᠠᠯ ᠬᠢᠨ᠎ᠡ᠃ ᠢᠯᠠ ᠪᠡᠷ ᠨᠡᠢᠢᠳᠡᠯᠡᠬᠦ ᠰ᠋ᠠᠮᠪᠠᠷ᠎ᠠ᠂ ᠬᠤᠷᠠᠯ ᠬᠢᠬᠦ ᠪᠠ ᠤᠨᠴᠠᠭᠠᠢ ᠵᠠᠷᠢᠮ ᠲᠠᠢ ᠨᠢ ᠶᠠᠷᠢᠯᠴᠠᠬᠤ ᠵᠡᠷᠬᠡ ᠬᠡᠯᠪᠡᠷᠢ ᠪᠡᠷ᠂ ᠬᠢᠨᠠᠯᠳᠠ ᠲᠠᠯᠪᠢᠭᠰᠠᠠ ᠦᠷ᠎ᠠ ᠳ᠋ᠦᠩ ᠢ ᠴᠠᠬ ᠲᠤᠬᠠᠢ ᠳᠤᠨᠢ ᠤᠯᠠᠨ ᠨᠡᠢᠢᠳᠠ ᠳᠤ ᠵᠠᠷᠯᠠᠵᠤ ᠬᠠᠷᠢᠭᠤ ᠲᠤᠰᠬᠠᠯ ᠭᠠᠷᠭᠠᠨ᠎ᠠ᠃ ᠲᠤᠰᠬᠤᠨ ᠤ ᠶᠠᠪᠤᠳᠠᠯ ᠳᠦ ᠬᠢᠨᠠᠯᠲᠠ ᠲᠠᠯᠪᠢᠬᠤ ᠵᠦᠪᠯᠡᠯ ᠤᠨ ᠬᠢᠨ ᠶᠠᠷᠤ ᠳᠡᠬᠡᠨ ᠤᠯᠠᠷᠢᠯ ᠪᠦᠷᠢ ᠳᠤ ᠨᠢᠬᠡ ᠤᠳᠠᠭ᠎ᠠ ᠶᠢᠨ ᠵᠤᠷᠰᠢᠯᠳᠤ ᠬᠤᠷᠠᠯ ᠬᠢᠵᠤ᠂ ᠡᠮᠬᠢᠯᠡᠨ ᠳ᠋ᠦᠩᠨᠠᠵᠤ᠂ ᠲᠤᠰᠬᠤᠨ ᠤ ᠶᠠᠪᠤᠳᠠᠯ ᠳᠤ ᠬᠢᠨᠠᠯᠳᠠ ᠲᠠᠯᠪᠢᠬᠤ ᠠᠵᠢᠯ ᠢᠶᠡᠨ ᠰ᠋ᠤᠳᠤᠯᠤᠨ ᠪᠠᠢᠢᠷᠢᠯᠠᠭᠤᠯᠤᠨ᠎ᠠ ; ᠬᠠᠭᠠᠰ ᠵᠢᠯ ᠳᠤ ᠨᠢᠭᠡ ᠤᠳᠠᠭ᠎ᠠ ᠲᠤᠰᠬᠤᠨ ᠤ ᠨᠠᠮ ᠤᠨ ᠵᠤᠬᠢᠶᠠᠨ ᠪᠠᠢᠢᠭᠤᠯᠤᠯᠳᠠ ᠳᠤ ᠲᠤᠰᠬᠤᠨ ᠤ ᠶᠠᠪᠤᠳᠠᠯ ᠳᠦ ᠬᠢᠨᠠᠯᠲᠠ ᠲᠠᠯᠪᠢᠬᠰᠠᠨ ᠪᠠᠢᠢᠳᠠᠯ ᠢᠶᠡᠨ ᠮᠡᠳᠡᠬᠦᠯᠵᠤ᠂ ᠲᠤᠰᠬᠤᠨ ᠦ ᠨᠠᠮ ᠤᠨ ᠵᠤᠬᠢᠶᠠᠨ ᠪᠠᠢᠢᠭᠤᠯᠤᠯᠳᠠ ᠡᠴᠡ ᠲᠤᠰᠬᠤᠨ ᠤ ᠶᠠᠪᠤᠳᠠᠯ ᠳᠦ ᠬᠢᠨᠠᠯᠲᠠ ᠲᠠᠯᠪᠢᠬᠤ ᠵᠦᠪᠯᠡᠯ ᠤᠨ ᠰ᠋ᠠᠨᠠᠯ ᠢ ᠨᠠᠷᠢᠨ ᠬᠢᠨᠠᠮᠠᠭᠠᠢ ᠰ᠋ᠤᠨᠤᠰᠤᠨ᠎ᠠ; ᠵᠢᠯ ᠪᠦᠷᠢ ᠨᠢᠭᠡ ᠤᠳᠠᠭ᠎ᠠ ᠲᠤᠰᠬᠤᠨ ᠤ ᠠᠷᠠᠳ ᠤᠨ ᠬᠤᠷᠠᠯ ᠪᠤᠯᠤᠨ ᠲᠤᠰᠬᠤᠨ ᠤ ᠠᠷᠠᠳ ᠤᠨ ᠲᠦᠯᠤᠬᠡᠯᠡᠭᠴᠢᠳ ᠤᠨ ᠬᠤᠷᠠᠯ ᠳᠦ ᠠᠵᠢᠯ ᠢᠶᠡᠨ ᠮᠡᠳᠡᠭᠦᠯᠵᠤ᠂ ᠲᠤᠰᠬᠤᠨ ᠤ ᠠᠷᠠᠳ ᠤᠨ ᠬᠤᠷᠠᠯ ᠪᠤᠯᠤᠨ ᠲᠤᠰᠬᠤᠨ ᠤ ᠠᠷᠠᠳ ᠤᠨ ᠲᠦᠯᠤᠬᠡᠯᠡᠭᠴᠢᠳ ᠤᠨ ᠬᠤᠷᠠᠯ ᠡᠴᠡ ᠲᠤᠰᠬᠤᠨ ᠤ ᠶᠠᠪᠤᠳᠠᠯ ᠳᠦ ᠬᠢᠨᠠᠯᠲᠠ ᠲᠠᠯᠪᠢᠬᠤ ᠵᠦᠪᠯᠡᠯ ᠵᠢᠴᠢ ᠲᠡᠬᠦᠨ ᠤ ᠪᠦᠷᠢᠯᠳᠤᠬᠦᠨ ᠳᠤ ᠠᠷᠠᠳᠴᠢᠯᠠᠬᠰᠠᠨ ᠦᠨᠡᠯᠠᠯᠳᠠ ᠬᠢᠨ᠎ᠠ᠃

    ᠵᠢᠷᠭᠤᠭ᠎ᠠ᠂ ᠬᠠᠮᠢᠶᠠᠷᠴᠤ ᠰ᠋ᠢᠯᠭᠠᠨ ᠬᠢᠨᠠᠬᠤ᠃ ᠲᠤᠰᠬᠤᠨ ᠤ ᠶᠠᠪᠤᠳᠠᠯ ᠳᠦ ᠬᠢᠨᠠᠯᠲᠠ ᠲᠠᠯᠪᠢᠬᠤ ᠵᠦᠪᠯᠡᠯ ᠤᠨ ᠪᠦᠷᠢᠯᠳᠦᠬᠦᠨ ᠪ ᠬᠦᠮᠦᠵᠢᠯ ᠪᠤᠯᠪᠠᠰᠤᠷᠠᠯ ᠢ ᠲᠦᠯᠦᠪᠯᠡᠭᠡ ᠲᠠᠢ ᠦᠷᠨᠢᠭᠦᠯᠵᠦ᠂ ᠲᠤᠰᠬᠤᠨ ᠤ ᠶᠠᠪᠤᠳᠠᠯ ᠳᠦ ᠬᠢᠨᠠᠯᠲᠠ ᠲᠠᠯᠪᠢᠬᠤ ᠵᠦᠪᠯᠡᠯ ᠤᠨ ᠡᠷᠬᠢᠯᠡᠭᠴᠢ ᠵᠢ ᠶᠡᠷᠦ ᠳ᠋ᠡᠭᠡᠨ ᠰ᠋ᠢᠶᠠᠨ ᠤ ᠱᠠᠲᠤᠨ ᠡᠴᠡ ᠬᠠᠷᠢᠭᠤᠴᠠᠨ ᠪᠤᠯᠪᠠᠰᠤᠷᠠᠭᠤᠯᠵᠤ᠂ ᠪᠤᠰᠤᠳ ᠪᠦᠷᠢᠯᠳᠦᠬᠦᠨ ᠢ ᠰ᠋ᠢᠶᠠᠩ ᠪᠠᠯᠭᠠᠰᠤ ᠡᠴᠡ ᠬᠠᠷᠢᠭᠤᠴᠠᠨ ᠪᠤᠯᠪᠠᠰᠤᠷᠠᠭᠤᠯᠤᠨ᠎ᠠ᠃ ᠰ᠋ᠢᠶᠠᠩ ᠪᠠᠯᠭᠠᠰᠤᠨ ᠤ ᠨᠠᠮ ᠤᠨ ᠬᠤᠷᠢᠶ᠎ᠠ ᠪᠠ ᠵᠠᠰᠠᠬ ᠤᠨ ᠤᠷᠳᠤᠨ ᠵᠢᠴᠢ ᠲᠤᠰᠬᠤᠨ ᠤ ᠨᠠᠮ ᠤᠨ ᠵᠤᠬᠢᠶᠠᠨ ᠪᠠᠢᠢᠭᠤᠯᠤᠯᠲᠠ ᠲᠤᠰᠬᠤᠨ ᠤ ᠶᠠᠪᠤᠳᠠᠯ ᠳᠤ ᠬᠢᠨᠠᠯᠲᠠ ᠲᠠᠯᠪᠢᠬᠤ ᠵᠦᠪᠯᠡᠯ ᠤᠨ ᠪᠦᠷᠢᠯᠳᠦᠬᠦᠨ ᠪ ᠡᠳᠦᠷ ᠲᠤᠳᠤᠮ ᠤᠨ ᠬᠦᠮᠦᠵᠢᠯ ᠤᠨ ᠬᠠᠮᠢᠶᠠᠷᠤᠯᠲᠠ ᠵᠢ ᠴᠢᠩᠭ᠋ᠠᠳᠬᠠᠵᠤ᠂ ᠲᠡᠳᠡᠨ ᠢ ᠬᠠᠪᠰᠤᠷᠤᠨ ᠦᠵᠡᠯ ᠰ᠋ᠠᠨᠠᠭ᠎ᠠ ᠤᠯᠤᠰ ᠲᠦᠷᠦ ᠵᠢᠨ ᠬᠡᠪ ᠪᠤᠯᠪᠠᠰᠤᠷᠠᠯ ᠪᠠ ᠠᠵᠢᠯ ᠤᠨ ᠬᠢᠷᠢ ᠲᠦᠪᠰᠢᠨ ᠢ ᠨᠢ ᠳᠡᠭᠡᠭ᠍ᠰᠢᠯᠡᠭᠦᠯᠦᠨ᠎ᠡ᠂ ᠰ᠋ᠢᠶᠠᠩ ᠪᠠᠯᠭᠠᠰᠤ ᠡᠴᠡ ᠵᠢᠯ ᠪᠤᠯᠭᠠᠨ ᠲᠤᠰᠬᠤᠨ ᠤ ᠶᠠᠪᠤᠳᠠᠯ ᠳᠦ ᠬᠢᠨᠠᠯᠲᠠ ᠲᠠᠯᠪᠢᠬᠤ ᠵᠦᠪᠯᠡᠯ ᠤᠨ ᠡᠷᠬᠢᠯᠡᠭᠴᠢ ᠵᠢᠨ ᠬᠠᠷᠢᠭᠤᠴᠠᠯᠭ᠎ᠠ ᠪᠠᠨ ᠭᠦᠢᠴᠡᠳᠬᠡᠭ᠍ᠰᠡᠨ ᠪᠠᠢᠢᠳᠠᠯ ᠢ ᠰ᠋ᠢᠯᠭᠠᠨ ᠬᠢᠨᠠᠵᠤ᠂ ᠰ᠋ᠢᠯᠭᠠᠨ ᠬᠢᠨᠠᠭᠠᠳ ᠰ᠋ᠢᠯᠢᠳᠡᠭ ᠪᠤᠯᠤᠬᠰᠠᠳ ᠢ ᠵᠤᠬᠢᠰᠲᠠᠢ ᠪᠡᠷ ᠱᠠᠩᠨᠠᠵᠤ ᠪᠤᠯᠤᠨ᠎ᠠ᠂ ᠬᠠᠷᠢᠭᠤᠴᠠᠯᠭ᠎ᠠ ᠪᠠᠨ ᠨᠠᠷᠢᠨ ᠬᠢᠨᠠᠮᠠᠭᠠᠢ ᠭᠦᠢᠴᠡᠳᠬᠡᠭ᠍ᠰᠡᠡ ᠦᠭᠡᠢ ᠵᠢ ᠨᠢ ᠰ᠋ᠢᠭᠦᠮᠵᠢᠯᠡᠨ ᠰ᠋ᠤᠷᠭᠠᠵᠤ᠂ ᠵᠠᠷᠯᠢᠬᠳᠠᠨ ᠵᠠᠯᠠᠷᠠᠭᠤᠯᠤᠭᠤᠯᠬᠤ ᠬᠡᠷᠡᠭᠲᠡᠢ᠃ ᠭᠠᠷᠬᠤ ᠲᠤᠬᠲᠠᠴᠠ ᠵᠢ ᠪᠦᠷᠢᠨᠰᠢᠭᠦᠯᠵᠦ᠂ ᠲᠤᠰᠬᠤᠨ ᠤ ᠶᠠᠪᠤᠳᠠᠯ ᠳᠦ ᠬᠢᠨᠠᠯᠲᠠ ᠲᠠᠯᠪᠢᠬᠤ ᠵᠦᠪᠯᠡᠯ ᠤᠨ ᠪᠦᠷᠢᠯᠳᠦᠬᠦᠨ ᠬᠠᠷᠢᠭᠤᠴᠠᠯᠭ᠎ᠠ ᠪᠡᠨ ᠰ᠋ᠠᠢᠢᠳᠤᠷ ᠭᠦᠢᠴᠡᠳᠬᠡᠭ᠍ᠰᠡᠨ ᠦᠭᠡᠢ᠂ ᠰ᠋ᠠᠬᠢᠯᠭ᠎ᠠ ᠪᠠᠲᠤ ᠵᠢ ᠵᠦᠷᠢᠴᠡᠵᠦ ᠬᠠᠤᠯᠢ ᠡᠴᠡ ᠵᠦᠷᠢᠴᠡᠭᠰᠡᠨ ᠠᠵᠢᠯᠯᠠᠭ᠎ᠠ ᠬᠢᠭ᠍ᠰᠡᠨ ᠡᠴᠡ ᠪᠤᠯᠵᠤ ᠪᠠᠢᠢᠴᠠᠭᠠᠨ ᠰ᠋ᠢᠳᠬᠡᠭ᠍ᠳᠡᠭᠰᠡᠨ ᠵᠡᠷᠭᠡ ᠳ᠋ᠤ ᠲᠤᠰᠬᠤᠨ ᠤ ᠠᠷᠠᠳ ᠤᠨ ᠬᠤᠷᠠᠯ ᠪᠤᠶᠤ ᠲᠤᠰᠬᠤᠨ ᠤ ᠠᠷᠠᠳ ᠤᠨ ᠲᠦᠯᠦᠭᠡᠯᠡᠭᠴᠢᠳ ᠤᠨ ᠬᠤᠷᠠᠯ ᠵᠢᠨᠷ ᠶᠠᠷᠢᠯᠴᠠᠨ ᠲᠤᠬᠲᠠᠭᠠᠵᠤ᠂ ᠲᠤᠰᠢᠶᠡᠯ ᠡᠴᠡ ᠨᠢ ᠤᠬᠴᠠᠷᠠᠭᠤᠯᠬᠤ ᠬᠡᠷᠡᠭᠲᠡᠢ ; ᠰ᠋ᠠᠬᠢᠯᠭ᠎ᠠ ᠪᠠᠲᠤ ᠵᠢ ᠭᠦᠨᠳᠤ ᠨᠤᠴᠢᠲᠠᠢ ᠵᠦᠷᠢᠴᠡᠵᠦ ᠨᠠᠮ ᠤᠨ ᠰ᠋ᠠᠬᠢᠯᠭ᠎ᠠ ᠪᠠᠲᠤ ᠵᠢᠨ ᠰ᠋ᠢᠳᠬᠡᠯ ᠤᠯᠤᠬᠰᠠᠳ᠂ ᠬᠤᠶᠠᠷ ᠵᠢᠯ ᠤᠨ ᠲᠤᠳᠤᠷ᠎ᠠ ᠬᠤᠶᠠᠷ ᠤᠳᠠᠭ᠎ᠠ ᠡᠴᠡ ᠳᠡᠭᠡᠭ᠍ᠰᠢ ᠵᠠᠰᠠᠬ ᠵᠠᠬᠢᠷᠭᠠᠨ ᠵᠢᠨᠷ ᠲᠦᠷ ᠬᠤᠷᠢᠬᠤ ᠰ᠋ᠢᠳᠬᠡᠯ ᠤᠯᠤᠬᠰᠠᠳ ᠂ ᠡᠷᠡᠭᠦᠦ ᠵᠢᠨ ᠰ᠋ᠢᠳᠬᠡᠯ ᠤᠯᠤᠬᠰᠠᠳ᠂ ᠵᠠᠯᠭᠠᠪᠡᠷ ᠬᠤᠶᠠᠷ ᠤᠳᠠᠭ᠎ᠠ ᠠᠷᠠᠳᠴᠢᠯᠠᠯ ᠵᠢᠨᠷ ᠦᠨᠡᠯᠡᠬᠦ ᠳᠦ ᠲᠤᠰᠢᠶᠠᠯ ᠳ᠋ᠠᠭᠠᠨ ᠳᠤᠬᠢᠷᠠᠭᠰᠠᠠ ᠦᠭᠡᠢ ᠪᠤᠶᠤ ᠠᠵᠢᠯᠯᠠᠭᠠᠨ ᠤ ᠴᠢᠳᠠᠪᠤᠷᠢ ᠪᠡᠨ ᠠᠯᠳᠠᠬᠰᠠᠳ ᠤᠨ ᠲᠤᠰᠢᠶᠠᠯ ᠨᠢ ᠠᠶᠠᠨᠳᠠᠭᠠᠨ ᠵᠤᠭᠰᠤᠨ᠎ᠠ᠃

    ᠳᠤᠯᠤᠭ᠎ᠠ᠂ ᠵᠤᠬᠢᠶᠠᠨ ᠪᠠᠢᠢᠭᠤᠯᠵᠤ ᠤᠳᠤᠷᠢᠳᠬᠤ᠃ ᠡᠯ᠎ᠡ ᠱᠠᠲᠤᠨ ᠤ ᠨᠠᠮ ᠤᠨ ᠬᠤᠷᠢᠶ᠎ᠠ ᠪᠠ ᠵᠠᠰᠠᠬ ᠤᠨ ᠤᠷᠳᠤᠨ ᠲᠤᠰᠬᠤᠨ ᠤ ᠶᠠᠪᠤᠳᠠᠯ ᠳᠦ ᠬᠢᠨᠠᠯᠲᠠ ᠲᠠᠯᠪᠢᠬᠤ ᠵᠦᠪᠯᠡᠯ ᠢ ᠪᠠᠢᠢᠭᠤᠯᠤᠨ ᠪᠦᠷᠢᠨᠰᠢᠭᠦᠯᠬᠦ ᠠᠵᠢᠯ ᠢ ᠳᠡᠭᠡᠳᠦ ᠬᠡᠮᠵᠢᠶ᠎ᠡ ᠪᠡᠷ ᠴᠢᠬᠤᠯᠠᠴᠢᠯᠠᠬᠤ ᠬᠡᠷᠡᠭᠲᠡᠢ᠂ ᠰ᠋ᠢᠶᠠᠨ ᠤ ᠱᠠᠲᠤᠨ ᠪ ᠨᠠᠮ ᠤᠨ ᠬᠤᠷᠢᠶ᠎ᠠ ᠪᠠ ᠵᠠᠰᠠᠬ ᠤᠨ ᠤᠷᠳᠤᠨ ᠭᠤᠤᠯ ᠴᠤᠬᠴᠠ ᠵᠢᠨ ᠬᠠᠷᠢᠭᠤᠴᠠᠯᠭ᠎ᠠ ᠪᠡᠨ ᠦᠨᠡᠨᠬᠦ ᠭᠦᠢᠴᠡᠳᠬᠡᠵᠦ᠂ ᠪᠤᠲᠠᠲᠠᠢ ᠵᠤᠬᠢᠶᠠᠨ ᠪᠠᠢᠢᠭᠤᠯᠤᠨ ᠬᠡᠷᠡᠭᠵᠢᠭᠦᠯᠵᠦ᠂ ᠠᠵᠢᠯ ᠤᠨ ᠨᠠᠢᠢᠳᠠᠪᠤᠷᠢᠵᠢᠭᠤᠯᠤᠯᠲᠠ ᠵᠢ ᠰ᠋ᠠᠢᠢᠳᠤᠷ ᠠᠳᠬᠤᠵᠤ᠂ ᠬᠤᠯᠪᠤᠬᠳᠠᠯ ᠪᠦᠬᠦᠢ ᠠᠰᠠᠭᠤᠳᠠᠯ ᠢ ᠴᠠᠬ ᠲᠤᠬᠠᠢ ᠳ᠋ᠤᠨᠢ ᠰ᠋ᠤᠳᠤᠯᠤᠨ ᠰ᠋ᠢᠢᠳᠪᠦᠷᠢᠯᠡᠬᠦ ᠬᠡᠷᠡᠭᠲᠡᠢ᠃ ᠡᠯ᠎ᠡ ᠱᠠᠲᠤᠨ ᠤ ᠨᠠᠮ ᠤᠨ ᠬᠤᠷᠢᠶᠠᠨ ᠤ ᠵᠤᠬᠢᠶᠠᠨ ᠪᠠᠢᠢᠭᠤᠯᠬᠤ ᠰ᠋ᠠᠯᠠᠭ᠎ᠠ ᠮᠦᠴᠢᠷ ᠲᠤᠯᠤᠭᠠᠢᠢᠯᠠᠨ ᠵᠤᠬᠢᠴᠠᠭᠤᠯᠵᠤ᠂ ᠠᠷᠠᠳ ᠤᠨ ᠶᠠᠪᠤᠳᠠᠯ᠂ ᠨᠠᠮ ᠤᠨ ᠬᠤᠷᠢᠶᠠᠨ ᠤ ᠬᠦᠳᠡᠭᠡ ᠲᠤᠰᠬᠤᠨ ᠤ ᠠᠵᠢᠯ ᠤᠨ ᠶᠡᠷᠦᠩᠬᠡᠢᠢᠯᠡᠭᠰᠡᠨ ᠰ᠋ᠠᠯᠠᠭ᠎ᠠ ᠮᠦᠴᠢᠷ ᠵᠡᠷᠭᠡ ᠪᠠᠢᠢᠭᠤᠯᠤᠯᠭ᠎ᠠ ᠬᠠᠮᠲᠤᠪᠡᠷ ᠤᠷᠤᠯᠴᠠᠵᠤ᠂ ᠵᠢᠯᠤᠭᠤᠳᠤᠯᠭ᠎ᠠ ᠬᠢᠬᠦ ᠪᠡᠨ ᠴᠢᠩᠭ᠋ᠠᠳᠬᠠᠬᠤ ᠬᠡᠷᠡᠭᠲᠡᠢ᠃ ᠬᠤᠯᠪᠤᠬᠳᠠᠯ ᠪᠦᠬᠦᠢ ᠰ᠋ᠠᠬᠢᠯᠭ᠎ᠠ ᠪᠠᠲᠤ ᠵᠢ ᠴᠢᠩᠳᠠᠯᠠᠵᠤ᠂ ᠲᠤᠰᠬᠤᠨ ᠤ ᠶᠠᠪᠤᠳᠠᠯ ᠳᠦ ᠬᠢᠨᠠᠯᠲᠠ ᠲᠠᠯᠪᠢᠬᠤ ᠵᠦᠪᠯᠡᠯ ᠤᠨ ᠠᠵᠢᠯ ᠢ ᠬᠠᠮᠵᠢᠯᠴᠠᠬᠤ ᠦᠭᠡᠢ ᠳᠡᠮᠵᠢᠬᠦ ᠦᠭᠡᠢ᠂ ᠬᠠᠷᠰᠢ ᠰ᠋ᠠᠭᠠᠳ ᠭᠠᠷᠭᠠᠬᠤ᠂ ᠴᠢᠨᠠᠬᠰᠢᠯᠠᠪᠠᠯ ᠲᠤᠰᠬᠤᠨ ᠤ ᠶᠠᠪᠤᠳᠠᠯ ᠳᠦ ᠬᠢᠨᠠᠯᠲᠠ ᠲᠠᠯᠪᠢᠬᠤ ᠵᠦᠪᠯᠡᠯ ᠤᠨ ᠪᠦᠷᠢᠯᠳᠦᠬᠦᠨ ᠳᠦ ᠴᠤᠬᠢᠯᠲᠠ ᠦᠭᠴᠤ ᠦᠰᠢᠶ᠎ᠡ ᠠᠪᠤᠬᠰᠠᠳ ᠢ ᠴᠠᠬ ᠲᠤᠬᠠᠢ ᠳ᠋ᠤᠨᠢ ᠬᠤᠷᠢᠬᠯᠠᠵᠤ᠂ ᠵᠠᠷᠯᠢᠬᠳᠠᠨ ᠵᠠᠯᠠᠷᠠᠭᠤᠯᠬᠤ ᠬᠡᠷᠡᠭᠲᠡᠢ᠂ ᠦᠢᠯᠡ ᠪᠠᠢᠢᠳᠠᠯ ᠨᠢ ᠭᠦᠨᠳᠦ ᠨᠤᠴᠢᠲᠠᠢ ᠳ᠋ᠤᠨᠢ ᠰ᠋ᠠᠬᠢᠯᠭ᠎ᠠ ᠪᠠᠳᠤ ᠶᠤᠰᠤᠭᠠᠷ ᠬᠠᠤᠯᠢ ᠶᠤᠰᠤᠭᠠᠷ ᠬᠤᠯᠪᠤᠬᠳᠠᠯ ᠪᠦᠬᠦᠢ ᠬᠦᠮᠦᠨ ᠡᠴᠡ ᠬᠠᠷᠢᠭᠤᠴᠠᠯᠭ᠎ᠠ ᠨᠡᠭᠡᠮᠵᠢᠯᠡᠬᠦ ᠬᠡᠷᠡᠭᠲᠡᠢ ; ᠲᠤᠰᠬᠤᠨ ᠤ ᠶᠠᠪᠤᠳᠠᠯ ᠳᠦ ᠬᠢᠨᠠᠯᠲᠠ ᠲᠠᠯᠪᠢᠬᠤ ᠵᠦᠪᠯᠡᠯ ᠤᠨ ᠪᠦᠷᠢᠯᠳᠦᠬᠦᠨ ᠬᠢᠨᠠᠯᠲᠠ ᠲᠠᠯᠪᠢᠬᠤ ᠡᠷᠬᠡ ᠪᠡᠨ ᠠᠰᠢᠬᠯᠠᠨ ᠬᠤᠪᠢ ᠵᠢᠨ ᠠᠰᠢᠬ ᠲᠤᠰᠠ ᠤᠯᠵᠤ᠂ ᠬᠤᠪᠢ ᠵᠢᠨ ᠬᠤᠷᠤᠰᠤᠯ ᠵᠢᠨᠨ ᠭᠠᠷᠭᠠᠵᠤ᠂ ᠵᠠᠷᠴᠢᠮ ᠦᠭᠡᠢ ᠵᠢᠭᠤᠷᠠᠯᠳᠤᠭᠠᠨ ᠡᠭᠦᠰᠬᠡᠵᠦ᠂ ᠵᠦᠷᠢᠴᠡᠯ ᠡᠳᠦᠭᠰᠡᠳ ᠢ ᠴᠠᠬ ᠲᠤᠬᠠᠢ ᠳ᠋ᠤᠨᠢ ᠰ᠋ᠠᠨᠠᠭᠤᠯᠵᠤ᠂ ᠰ᠋ᠢᠭᠦᠮᠵᠢᠯᠡᠨ ᠰ᠋ᠤᠷᠭᠠᠬᠤ ᠬᠡᠷᠡᠭᠲᠡᠢ᠂ ᠦᠷ᠎ᠡ ᠳ᠋ᠦᠩ ᠭᠦᠨᠳᠦ ᠨᠤᠴᠢᠲᠠᠢ ᠪᠠᠢᠢᠪᠠᠯ ᠬᠤᠯᠪᠤᠬᠳᠠᠯ ᠪᠦᠬᠦᠢ ᠲᠠᠷᠠᠭᠠᠯᠠᠯ ᠶᠤᠰᠤᠭᠠᠷ ᠲᠤᠰᠢᠶᠠᠯ ᠢ ᠨᠢ ᠵᠤᠬᠰᠤᠭᠠᠬᠤ ᠵᠢᠨ ᠬᠠᠮᠲᠤ ᠰ᠋ᠠᠬᠢᠯᠭ᠎ᠠ ᠪᠠᠲᠤ ᠶᠤᠰᠤᠭᠠᠷ ᠬᠠᠤᠯᠢ ᠶᠤᠰᠤᠭᠠᠷ ᠬᠠᠷᠢᠭᠤᠴᠠᠯᠭ᠎ᠠ ᠨᠡᠭᠡᠮᠵᠢᠯᠡᠬᠦ ᠬᠡᠷᠡᠭᠲᠡᠢ᠃ ᠡᠯ᠎ᠡ ᠭᠠᠵᠠᠷ ᠤᠷᠤᠨ ᠤ ᠡᠯ᠎ᠡ ᠬᠤᠯᠪᠤᠬᠳᠠᠯ ᠪᠦᠬᠦᠢ ᠰ᠋ᠠᠯᠠᠭ᠎ᠠ ᠮᠦᠴᠢᠷ ᠪᠤᠲᠠᠲᠠᠢ ᠪᠠᠢᠢᠳᠠᠯ ᠡᠴᠡ ᠡᠭᠦᠰᠴᠤ᠂ ᠲᠤᠰᠬᠤᠨ ᠤ ᠶᠠᠪᠤᠳᠠᠯ ᠳᠦ ᠬᠢᠨᠠᠯᠲᠠ ᠲᠠᠯᠪᠢᠬᠤ ᠵᠦᠪᠯᠡᠯ ᠤᠨ ᠠᠵᠢᠯ ᠢᠶᠡᠨ ᠦᠷᠨᠢᠭᠦᠯᠬᠦ ᠳ᠋ᠤ ᠰ᠋ᠠᠢᠢᠨ ᠰ᠋ᠠᠢᠢᠬᠠᠨ ᠨᠦᠬᠦᠴᠡᠯ ᠡᠭᠦᠳᠴᠤ ᠦᠭᠴᠤ᠂ ᠪᠠᠲᠤᠯᠠᠭ᠎ᠠ ᠳᠡᠮᠵᠢᠯᠭᠡ ᠬᠠᠩᠭ᠋ᠠᠬᠤ ᠬᠡᠷᠡᠭᠲᠡᠢ᠃

ᠢᠷᠡᠯᠳᠡ᠄ ᠦᠪᠦᠷ ᠮᠤᠩᠭ᠋ᠤᠯ ᠤᠨ ᠡᠳᠤᠷ ᠤᠨ ᠰᠤᠨᠢᠨ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122066684