蒙古文网站Logo
ᠰᠢᠨᠬᠤᠸᠠ ᠮᠤᠩᠭ᠋ᠤᠯ ᠨᠧᠲ

ᠳᠣᠮᠳᠠᠳᠣ ᠣᠯᠣᠰ ᠤᠨ ᠡᠪ ᠬᠠᠮᠳᠣ ᠨᠠᠮ ᠤᠨ ᠠᠷᠪᠠ ᠶᠢᠰᠦᠳᠦᠭᠡᠷ ᠣᠳᠠᠭᠠᠨ ᠤ ᠪᠦᠬᠦ ᠣᠯᠣᠰ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠡᠦᠭᠡᠳᠦ ᠬᠤᠪᠢ ᠨᠡᠮᠡᠷᠢ ᠶᠢᠨ ᠲᠤᠬᠠᠢ

2017-12-19 17:03

    ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠪᠣᠯ ᠳᠣᠮᠳᠠᠳᠣ ᠣᠯᠣᠰ ᠤᠨ ᠡᠪ ᠬᠠᠮᠳᠣ ᠨᠠᠮ ᠪᠠᠶᠢᠭᠤᠯᠣᠬᠳᠠᠬᠰᠠᠨ ᠠᠴᠠ ᠨᠠᠰᠢᠬᠢ 96 ᠵᠢᠯ ᠤᠨ ᠲᠡᠣᠬᠡ ᠶᠢᠨ ᠬᠦᠭᠵᠢᠯᠳᠡ ᠶᠢᠨ ᠶᠠᠪᠣᠴᠠ ᠳᠠᠬᠢ ᠵᠠᠩᠭᠢᠯᠠᠭ᠎ᠠ ᠶᠢᠨ ᠦᠶ᠎ᠡ ᠳᠤ ᠬᠤᠷᠠᠯᠳᠣᠬᠰᠠᠨ ᠪᠠᠰᠠ ᠨᠢᠭᠡᠨ ᠣᠳᠠᠭᠠᠨ ᠤ ᠴᠢᠬᠤᠯᠠ ᠶᠡᠭᠡ ᠠᠴᠢ ᠬᠤᠯᠪᠣᠬᠳᠠᠯ ᠲᠠᠢ ᠶᠡᠭᠡ ᠬᠤᠷᠠᠯ ᠪᠣᠯᠣᠨ᠎ᠠ᠃ ᠡᠨᠡ ᠣᠳᠠᠭᠠᠨ ᠤ ᠶᠡᠭᠡ ᠬᠤᠷᠠᠯ ᠨᠢ ᠳᠣᠮᠳᠠᠳᠣ ᠶᠢᠨ ᠦᠨᠳᠦᠰᠦᠳᠡᠨ ᠤ ᠬᠦᠭᠵᠢᠯᠳᠡ ᠶᠢᠨ ᠲᠡᠣᠬᠡ ᠪᠣᠯᠣᠨ ᠪᠦᠭᠦᠳᠡ ᠨᠠᠶᠢᠷᠠᠮᠳᠠᠬᠤ ᠳᠣᠮᠳᠠᠳᠣ ᠠᠷᠠᠳ ᠣᠯᠣᠰ ᠤᠨ ᠲᠡᠣᠬᠡᠨ ᠳᠤ ᠠᠭᠤᠣ ᠶᠡᠭᠡ ᠲᠡᠣᠬᠡᠳᠦ ᠠᠴᠢ ᠬᠤᠯᠪᠣᠬᠳᠠᠯ ᠲᠠᠢ ᠬᠤᠷᠠᠯ ᠮᠦᠨ᠂ ᠳᠣᠮᠳᠠᠳᠣ ᠣᠯᠣᠰ ᠤᠨ ᠡᠪ ᠬᠠᠮᠳᠣ ᠨᠠᠮ ᠪᠣᠯᠣᠨ ᠳᠣᠮᠳᠠᠳᠣ ᠣᠯᠣᠰ ᠤᠨ ᠣᠨᠴᠠᠯᠢᠭ ᠪᠦᠬᠦᠢ ᠨᠡᠶᠢᠭᠡᠮ ᠵᠢᠷᠣᠮ ᠤᠨ ᠬᠦᠭᠵᠢᠯᠳᠡ ᠶᠢᠨ ᠲᠡᠣᠬᠡᠨ ᠳᠤ ᠣᠯᠣᠰ ᠲᠦᠷᠦ ᠶᠢᠨ ᠴᠢᠬᠤᠯᠠ ᠠᠴᠢ ᠬᠤᠯᠪᠣᠬᠳᠠᠯ ᠲᠠᠢ ᠪᠦᠭᠡᠳ ᠳᠡᠯᠡᠬᠡᠢ ᠶᠢᠨ ᠨᠡᠶᠢᠭᠡᠮ ᠵᠢᠷᠣᠮ ᠤᠨ ᠬᠦᠭᠵᠢᠯᠳᠡ ᠪᠠ ᠬᠦᠮᠦᠨ ᠲᠦᠷᠦᠯᠬᠢᠳᠡᠨ ᠤ ᠨᠡᠶᠢᠭᠡᠮ ᠤᠨ ᠬᠦᠭᠵᠢᠯᠳᠡ ᠶᠢᠨ ᠲᠡᠣᠬᠡᠨ ᠳᠤ ᠴᠤ ᠴᠢᠬᠤᠯᠠ ᠶᠡᠭᠡ ᠳᠡᠯᠡᠬᠡᠢ ᠶᠢᠨ ᠠᠴᠢ ᠬᠤᠯᠪᠣᠬᠳᠠᠯ ᠲᠠᠢ ᠶᠠᠪᠣᠳᠠᠯ ᠪᠣᠯᠬᠤ ᠶᠣᠮ᠃

    ᠲᠣᠰ ᠣᠳᠠᠭᠠᠨ ᠤ ᠶᠡᠭᠡ ᠬᠤᠷᠠᠯ ᠨᠢ ᠳᠣᠮᠳᠠᠳᠣ ᠣᠯᠣᠰ ᠤᠨ ᠣᠨᠴᠠᠯᠢᠭ ᠪᠦᠬᠦᠢ ᠨᠡᠶᠢᠭᠡᠮ ᠵᠢᠷᠣᠮ ᠢ ᠪᠦᠳᠦᠭᠡᠨ ᠪᠠᠶᠢᠭᠤᠯᠬᠤ ᠣᠨᠣᠯ ᠤᠨ ᠰᠢᠰᠲ᠋ᠧᠮ ᠢ ᠪᠠᠶᠠᠯᠢᠬᠵᠢᠭᠤᠯᠣᠨ ᠬᠦᠭᠵᠢᠭᠦᠯᠵᠦ᠂ ᠲᠡᠭᠦᠨ ᠤ ᠠᠯᠢ ᠣᠯᠠᠨ ᠲᠠᠯ᠎ᠠ ᠳᠤ ᠲᠡᠣᠬᠡᠳᠦ ᠴᠢᠨᠠᠷᠳᠠᠢ ᠬᠤᠪᠢ ᠨᠡᠮᠡᠷᠢ ᠣᠷᠣᠭᠤᠯᠪᠠ᠃

    ᠨᠢᠭᠡ᠂ ᠶᠡᠭᠡ ᠬᠤᠷᠠᠯ ᠤᠨ ᠭᠤᠣᠯ ᠦᠷ᠎ᠡ ᠪᠦᠳᠦᠭᠡᠯ ᠤᠨ ᠲᠣᠬᠠᠢ ᠭᠤᠣᠯ ᠦᠷ᠎ᠡ ᠪᠦᠳᠦᠭᠡᠯ ᠢ ᠣᠯᠣᠰ ᠲᠦᠷᠦ ᠶᠢᠨ᠂ ᠣᠨᠣᠯ ᠤᠨ ᠪᠠ ᠦᠢᠯᠡᠳᠦᠯᠭᠡ ᠶᠢᠨ ᠦᠷ᠎ᠡ ᠪᠦᠳᠦᠭᠡᠯ ᠭᠡᠬᠦ ᠭᠤᠷᠪᠠᠨ ᠶᠡᠭᠡ ᠲᠠᠯ᠎ᠠ ᠳᠤ ᠬᠤᠷᠢᠶᠠᠩᠭᠤᠶᠢᠯᠠᠵᠦ ᠪᠣᠯᠣᠨ᠎ᠠ᠃

    1. ᠣᠯᠣᠰ ᠲᠦᠷᠦ ᠶᠢᠨ ᠦᠷ᠎ᠡ ᠪᠦᠳᠦᠭᠡᠯ᠄ ᠲᠣᠰ ᠣᠳᠠᠭᠠᠨ ᠤ ᠶᠡᠭᠡ ᠬᠤᠷᠠᠯ ᠨᠢ ᠰᠢ ᠶᠢᠨ ᠫᠢᠩ ᠨᠦᠬᠦᠷ ᠢᠶᠠᠷ ᠭᠤᠣᠯ ᠪᠣᠯᠭᠠᠬᠰᠠᠨ ᠰᠢᠨ᠎ᠡ ᠬᠤᠭᠤᠴᠠᠭᠠᠨ ᠤ ᠨᠠᠮ ᠤᠨ ᠲᠦᠪ ᠬᠤᠷᠢᠶᠠᠨ ᠤ ᠣᠳᠣᠷᠢᠳᠬᠤ ᠪᠠᠭ ᠢ ᠰᠣᠩᠭᠤᠨ ᠭᠠᠷᠭᠠᠵᠦ᠂ ᠰᠢ ᠶᠢᠨ ᠫᠢᠩ ᠨᠦᠬᠦᠷ ᠤᠨ ᠪᠦᠬᠦ ᠨᠠᠮ ᠤᠨ ᠳᠣᠮᠳᠠᠬᠢ ᠭᠤᠣᠯᠯᠠᠬᠴᠢ ᠪᠠᠶᠢᠷᠢ ᠶᠢ ᠳᠠᠬᠢᠨᠳᠠ ᠲᠣᠳᠣᠷᠬᠠᠶᠢᠯᠠᠪᠠ᠃

    2. ᠣᠨᠣᠯ ᠤᠨ ᠦᠷ᠎ᠡ ᠪᠦᠳᠦᠭᠡᠯ᠄ ᠲᠣᠰ ᠣᠳᠠᠭᠠᠨ ᠤ ᠶᠡᠭᠡ ᠬᠤᠷᠠᠯ ᠨᠢ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠣᠮᠳᠠᠳᠣ ᠣᠯᠣᠰ ᠤᠨ ᠣᠨᠴᠠᠯᠢᠭ ᠲᠠᠢ ᠨᠡᠶᠢᠭᠡᠮ ᠵᠢᠷᠣᠮ ᠤᠨ ᠦᠵᠡᠯ ᠰᠠᠨᠠᠭ᠎ᠠ ᠶᠢ ᠨᠠᠮ ᠤᠨ ᠵᠢᠯᠣᠭᠤᠳᠬᠤ ᠦᠵᠡᠯ ᠰᠠᠨᠠᠭ᠎ᠠ ᠪᠣᠯᠭᠠᠨ ᠪᠠᠳᠣᠯᠠᠵᠦ᠂ ᠵᠠᠰᠠᠪᠣᠷᠢ ᠣᠷᠣᠭᠤᠯᠣᠬᠰᠠᠨ ᠨᠠᠮ ᠤᠨ ᠳᠦᠷᠢᠮ ᠳᠤ ᠪᠢᠴᠢᠵᠦ ᠣᠷᠣᠭᠤᠯᠪᠠ᠃

    3. ᠦᠢᠯᠡᠳᠦᠯᠭᠡ ᠶᠢᠨ ᠦᠷ᠎ᠡ ᠪᠦᠳᠦᠭᠡᠯ᠄ ᠲᠣᠰ ᠣᠳᠠᠭᠠᠨ ᠤ ᠶᠡᠭᠡ ᠬᠤᠷᠠᠯ ᠨᠢ ᠣᠳᠣ ᠠᠴᠠ ᠡᠬᠢᠯᠡᠭᠡᠳ ᠲᠣᠰ ᠵᠠᠭᠤᠨ ᠤ ᠳᠣᠮᠳᠠᠴᠢ ᠦᠶ᠎ᠡ ᠪᠣᠯᠳᠠᠯᠠᠬᠢ ᠳᠣᠮᠳᠠᠳᠣ ᠣᠯᠣᠰ ᠤᠨ ᠬᠦᠭᠵᠢᠯᠳᠡ ᠶᠢᠨ ᠲᠣᠬᠠᠢ ᠠᠤᠭ᠎ᠠ ᠲᠦᠰᠦᠪ ᠢ ᠵᠢᠷᠣᠬᠯᠠᠨ ᠲᠦᠯᠦᠪᠯᠡᠵᠦ᠂ ᠴᠢᠨᠡᠭᠡᠯᠢᠭ ᠨᠠᠶᠢᠭᠡᠮ ᠢ ᠪᠦᠬᠦ ᠲᠠᠯ᠎ᠠ ᠪᠠᠷ ᠪᠠᠶᠢᠭᠤᠯᠬᠤ ᠵᠠᠩᠭᠢᠯᠠᠭ᠎ᠠ ᠶᠢᠨ ᠴᠠᠭ ᠦᠶ᠎ᠡ ᠶᠢ ᠡᠬᠢᠯᠡᠭᠦᠯᠵᠠᠢ᠃

    ᠬᠤᠶᠠᠷ᠂ ᠶᠡᠭᠡ ᠬᠤᠷᠠᠯ ᠤᠨ ᠲᠡᠣᠬᠡᠳᠦ ᠬᠤᠪᠢ ᠨᠡᠮᠡᠷᠢ

    1. ᠦᠩᠭᠡᠷᠡᠭᠰᠡᠨ ᠲᠠᠪᠣᠨ ᠵᠢᠯ ᠳᠤ ᠣᠯᠣᠬᠰᠠᠨ ᠲᠡᠣᠬᠡᠳᠦ ᠴᠢᠨᠠᠷᠳᠠᠢ ᠠᠮᠵᠢᠯᠳᠠ ᠪᠣᠯᠣᠨ ᠲᠡᠣᠬᠡᠳᠦ ᠴᠢᠨᠠᠷᠳᠠᠢ ᠬᠤᠪᠢᠰᠦᠯᠳᠡ ᠶᠢ ᠭᠦᠨᠵᠡᠭᠡᠢ ᠳ᠋ᠦᠩᠨᠡᠵᠦ᠂ ᠲᠡᠣᠬᠡ ᠶᠢᠨ ᠰᠢᠨ᠎ᠡ ᠡᠬᠢᠯᠡᠯᠳᠡ ᠶᠢᠨ ᠴᠡᠭ ᠠᠴᠠ ᠣᠯᠣᠰ ᠭᠦᠷᠦᠨ ᠤ ᠬᠦᠭᠵᠢᠯᠳᠡ ᠶᠢ ᠠᠬᠢᠭᠤᠯᠬᠤ ᠳᠤ ᠴᠢᠬᠤᠯᠠ ᠶᠡᠭᠡ ᠰᠡᠩᠬᠡᠷᠡᠭᠦᠯᠦᠯ ᠪᠣᠯᠣᠨ ᠦᠨ᠎ᠡ ᠴᠡᠨ᠎ᠡ ᠲᠠᠢ ᠲᠣᠷᠰᠢᠯᠭ᠎ᠠ ᠶᠢ ᠬᠠᠩᠭᠠᠵᠦ ᠦᠭᠪᠡ᠃

    2. ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠣᠮᠳᠠᠳᠣ ᠣᠯᠣᠰ ᠤᠨ ᠣᠨᠴᠠᠯᠢᠭ ᠲᠠᠢ ᠨᠡᠶᠢᠭᠡᠮ ᠵᠢᠷᠣᠮ ᠤᠨ ᠦᠵᠡᠯ ᠰᠠᠨᠠᠭ᠎ᠠ ᠶᠢ ᠳᠣᠷᠠᠳᠣᠨ ᠭᠠᠷᠭᠠᠬᠤ ᠶᠢᠨ ᠬᠠᠮᠳᠣ ᠨᠠᠮ ᠤᠨ ᠵᠢᠯᠣᠭᠤᠳᠬᠤ ᠦᠵᠡᠯ ᠰᠠᠨᠠᠭ᠎ᠠ ᠶᠢᠨ ᠴᠠᠭ ᠦᠶ᠎ᠡ ᠲᠠᠢ ᠵᠡᠷᠭᠡᠴᠡᠨ ᠣᠷᠣᠬᠰᠢᠯᠠᠬᠤ ᠶᠢ ᠪᠡᠶᠡᠯᠡᠭᠦᠯᠪᠡ᠃ ᠲᠣᠰ ᠣᠳᠠᠭᠠᠨ ᠤ ᠶᠡᠭᠡ ᠬᠤᠷᠠᠯ ᠲᠡᠭᠡᠷ᠎ᠡ᠂ ᠰᠢ ᠶᠢᠨ ᠫᠢᠩ ᠤᠨ ᠳᠣᠮᠳᠠᠳᠣ ᠣᠯᠣᠰ ᠤᠨ ᠣᠨᠴᠠᠯᠢᠭ ᠪᠦᠬᠦᠢ ᠨᠡᠶᠢᠭᠡᠮ ᠵᠢᠷᠣᠮ ᠤᠨ ᠦᠵᠡᠯ ᠰᠠᠨᠠᠭ᠎ᠠ ᠶᠢᠨ ᠲᠡᠣᠬᠡᠳᠦ ᠪᠠᠶᠢᠷᠢ ᠰᠠᠭᠤᠷᠢ ᠶᠢ ᠲᠣᠳᠣᠷᠬᠠᠶᠢᠯᠠᠵᠠᠢ᠃ ᠪᠣᠳᠠᠳᠠᠢ ᠪᠠᠷ ᠬᠡᠯᠡᠪᠡᠯ᠄

    (1) ᠰᠢ ᠶᠢᠨ ᠫᠢᠩ ᠤᠨ ᠳᠣᠮᠳᠠᠳᠣ ᠣᠯᠣᠰ ᠤᠨ ᠣᠨᠴᠠᠯᠢᠭ ᠲᠠᠢ ᠨᠡᠶᠢᠭᠡᠮ ᠵᠢᠷᠣᠮ ᠤᠨ ᠦᠵᠡᠯ ᠰᠠᠨᠠᠭ᠎ᠠ ᠪᠣᠯ ᠮᠠᠷᠺᠰ ᠯᠧᠨᠢᠨ ᠤ ᠦᠵᠡᠯ᠂ ᠮᠠᠣ ᠽᠧ ᠳ᠋ᠦᠩ ᠤᠨ ᠦᠵᠡᠯ ᠰᠠᠨᠠᠭ᠎ᠠ᠂ ᠳ᠋ᠧᠩ ᠰᠢᠶᠣᠣ ᠫᠢᠩ ᠤᠨ ᠣᠨᠣᠯ᠂ 《ᠭᠤᠷᠪᠠ ᠶᠢ ᠲᠦᠯᠦᠭᠡᠯᠡᠬᠦ》ᠴᠢᠬᠤᠯᠠ ᠦᠵᠡᠯ ᠰᠠᠨᠠᠭ᠎ᠠ᠂ ᠰᠢᠨᠵᠢᠯᠡᠬᠦ ᠣᠬᠠᠭᠠᠨᠴᠢ ᠬᠦᠭᠵᠢᠯᠳᠡ ᠶᠢᠨ ᠦᠵᠡᠯᠳᠡ ᠶᠢᠨ ᠵᠠᠯᠭᠠᠮᠵᠢᠯᠠᠯ ᠪᠣᠯᠣᠨ ᠬᠦᠭᠵᠢᠯᠳᠡ ᠮᠦᠨ᠃

    (2) ᠰᠢ ᠶᠢᠨ ᠫᠢᠩ ᠤᠨ ᠳᠣᠮᠳᠠᠳᠣ ᠣᠯᠣᠰ ᠤᠨ ᠣᠨᠴᠠᠯᠢᠭ ᠲᠠᠢ ᠨᠡᠶᠢᠭᠡᠮ ᠵᠢᠷᠣᠮ ᠤᠨ ᠦᠵᠡᠯ ᠰᠠᠨᠠᠭ᠎ᠠ ᠪᠣᠯ ᠮᠠᠷᠺᠰ ᠤᠨ ᠦᠵᠡᠯ ᠢ ᠳᠣᠮᠳᠠᠳᠣ ᠣᠯᠣᠰᠴᠢᠯᠠᠬᠰᠠᠨ ᠬᠠᠮᠤᠭ ᠤᠨ ᠰᠢᠨ᠎ᠡ ᠣᠨᠣᠯ ᠤᠨ ᠦᠷ᠎ᠡ ᠪᠦᠳᠦᠭᠡᠯ ᠮᠦᠨ᠃

    (3) ᠰᠢ ᠶᠢᠨ ᠫᠢᠩ ᠤᠨ ᠳᠣᠮᠳᠠᠳᠣ ᠣᠯᠣᠰ ᠤᠨ ᠣᠨᠴᠠᠯᠢᠭ ᠲᠠᠢ ᠨᠡᠶᠢᠭᠡᠮ ᠵᠢᠷᠣᠮ ᠤᠨ ᠦᠵᠡᠯ ᠰᠠᠨᠠᠭ᠎ᠠ ᠪᠣᠯ ᠨᠠᠮ ᠪᠣᠯᠣᠨ ᠠᠷᠠᠳ ᠲᠦᠮᠡᠨ ᠤ ᠦᠢᠯᠡᠳᠦᠯᠭᠡ ᠶᠢᠨ ᠲᠣᠷᠰᠢᠯᠭ᠎ᠠ ᠪᠦᠭᠡᠳ ᠳᠣᠮᠳᠠᠳᠣ ᠣᠯᠣᠰ ᠤᠨ ᠡᠪ ᠬᠠᠮᠳᠣ ᠨᠠᠮ ᠤᠨ ᠬᠠᠮᠳᠣ ᠶᠢᠨ ᠣᠶᠣᠨ ᠣᠬᠠᠭᠠᠨ ᠤ ᠣᠬᠢ ᠪᠦᠳᠦᠭᠡᠯ ᠮᠦᠨ᠃

    (4) ᠰᠢ ᠶᠢᠨ ᠫᠢᠩ ᠤᠨ ᠳᠣᠮᠳᠠᠳᠣ ᠣᠯᠣᠰ ᠤᠨ ᠣᠨᠴᠠᠯᠢᠭ ᠲᠠᠢ ᠨᠡᠶᠢᠭᠡᠮ ᠵᠢᠷᠣᠮ ᠤᠨ ᠦᠵᠡᠯ ᠰᠠᠨᠠᠭ᠎ᠠ ᠪᠣᠯ ᠳᠣᠮᠳᠠᠳᠣ ᠣᠯᠣᠰ ᠤᠨ ᠣᠨᠴᠠᠯᠢᠭ ᠪᠦᠬᠦᠢ ᠨᠡᠶᠢᠭᠡᠮ ᠵᠢᠷᠣᠮ ᠤᠨ ᠣᠨᠣᠯ ᠤᠨ ᠰᠢᠰᠲ᠋ᠧᠮ ᠤᠨ ᠴᠢᠬᠤᠯᠠ ᠪᠦᠷᠢᠯᠳᠦᠭᠦᠨ ᠬᠡᠰᠡᠭ ᠮᠦᠨ᠃

    (5) ᠰᠢ ᠶᠢᠨ ᠫᠢᠩ ᠤᠨ ᠳᠣᠮᠳᠠᠳᠣ ᠣᠯᠣᠰ ᠤᠨ ᠣᠨᠴᠠᠯᠢᠭ ᠲᠠᠢ ᠨᠡᠶᠢᠭᠡᠮ ᠵᠢᠷᠣᠮ ᠤᠨ ᠦᠵᠡᠯ ᠰᠠᠨᠠᠭ᠎ᠠ ᠪᠣᠯ ᠳᠣᠮᠳᠠᠳᠣ ᠶᠢᠨ ᠦᠨᠳᠦᠰᠦᠳᠡᠨ ᠤ ᠠᠭᠤᠣ ᠶᠡᠭᠡ ᠰᠡᠷᠭᠦᠡ ᠮᠠᠨᠳᠣᠯᠳᠠ ᠶᠢ ᠪᠡᠶᠡᠯᠡᠭᠦᠯᠬᠦ ᠠᠯᠢᠪᠠ ᠠᠵᠢᠯᠯᠠᠭᠠᠨ ᠤ ᠵᠦᠭᠯᠡᠭᠦᠷ ᠮᠦᠨ᠃

    ᠭᠤᠷᠪᠠ᠂ ᠳᠣᠮᠳᠠᠳᠣ ᠣᠯᠣᠰ ᠤᠨ ᠣᠨᠴᠠᠯᠢᠭ ᠲᠠᠢ ᠨᠡᠶᠢᠭᠡᠮ ᠵᠢᠷᠣᠮ ᠰᠢᠨ᠎ᠡ ᠨᠢᠭᠡᠨ ᠴᠠᠭ ᠦᠶ᠎ᠡ ᠳᠤ ᠣᠷᠣᠬᠰᠠᠨ ᠭᠡᠬᠦ ᠣᠯᠣᠰ ᠲᠦᠷᠦ ᠶᠢᠨ ᠰᠢᠨ᠎ᠡ ᠮᠠᠭᠠᠳᠯᠠᠯᠳᠠ

    1. ᠳᠣᠮᠳᠠᠳᠣ ᠣᠯᠣᠰ ᠤᠨ ᠣᠨᠴᠠᠯᠢᠭ ᠲᠠᠢ ᠨᠡᠶᠢᠭᠡᠮ ᠵᠢᠷᠣᠮ ᠤᠨ ᠰᠢᠨ᠎ᠡ ᠴᠠᠭ ᠦᠶ᠎ᠡ ᠪᠣᠯ ᠰᠢᠨ᠎ᠡ ᠲᠡᠣᠬᠡᠨ ᠨᠦᠬᠦᠴᠡᠯ ᠳᠣᠣᠷ᠎ᠠ ᠳᠣᠮᠳᠠᠳᠣ ᠣᠯᠣᠰ ᠤᠨ ᠣᠨᠴᠠᠯᠢᠭ ᠪᠦᠬᠦᠢ ᠨᠡᠶᠢᠭᠡᠮ ᠵᠢᠷᠣᠮ ᠤᠨ ᠠᠭᠤᠣ ᠶᠡᠭᠡ ᠢᠯᠡᠯᠳᠡ ᠶᠢ ᠦᠷᠭᠦᠯᠵᠢᠯᠡᠨ ᠲᠡᠮᠡᠴᠡᠨ ᠣᠯᠬᠤ ᠰᠢᠨ᠎ᠡ ᠴᠠᠭ ᠡᠷᠡᠨ ᠮᠦᠨ᠃

    2. ᠳᠣᠮᠳᠠᠳᠣ ᠣᠯᠣᠰ ᠤᠨ ᠣᠨᠴᠠᠯᠢᠭ ᠲᠠᠢ ᠨᠡᠶᠢᠭᠡᠮ ᠵᠢᠷᠣᠮ ᠤᠨ ᠰᠢᠨ᠎ᠡ ᠴᠠᠭ ᠦᠶ᠎ᠡ ᠪᠣᠯ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠦᠳᠦᠭᠡᠨ ᠪᠠᠶᠢᠭᠤᠯᠬᠤ ᠰᠢᠢᠳᠪᠦᠷᠢᠯᠡᠭᠴᠢ ᠴᠢᠨᠠᠷᠳᠠᠢ ᠢᠯᠠᠯᠳᠠ ᠶᠢ ᠲᠡᠮᠡᠴᠡᠨ ᠣᠯᠵᠦ᠂ ᠨᠡᠶᠢᠭᠡᠮ ᠵᠢᠷᠣᠮᠳᠣ ᠬᠦᠴᠦᠷᠭᠡᠭ ᠣᠯᠣᠰ ᠢ ᠪᠦᠬᠦ ᠲᠠᠯ᠎ᠠ ᠪᠠᠷ ᠪᠦᠳᠦᠭᠡᠨ ᠪᠠᠶᠢᠭᠤᠯᠬᠤ ᠰᠢᠨ᠎ᠡ ᠴᠠᠭ ᠦᠶ᠎ᠡ ᠮᠦᠨ᠃

    3. ᠳᠣᠮᠳᠠᠳᠣ ᠣᠯᠣᠰ ᠤᠨ ᠣᠨᠴᠠᠯᠢᠭ ᠲᠠᠢ ᠨᠡᠶᠢᠭᠡᠮ ᠵᠢᠷᠣᠮ ᠤᠨ ᠰᠢᠨ᠎ᠡ ᠴᠠᠭ ᠦᠶ᠎ᠡ ᠪᠣᠯ ᠡᠯ᠎ᠡ ᠦᠨᠳᠦᠰᠦᠳᠡᠨ ᠤ ᠠᠷᠠᠳ ᠲᠦᠮᠡᠨ ᠤ ᠬᠠᠮᠳᠣᠪᠡᠷ ᠴᠢᠨᠡᠭᠡᠯᠢᠭᠵᠢᠬᠦ ᠶᠢ ᠪᠡᠶᠡᠯᠡᠭᠦᠯᠬᠦ ᠰᠢᠨ᠎ᠡ ᠴᠠᠭ ᠦᠶ᠎ᠡ ᠮᠦᠨ᠃

    4. ᠳᠣᠮᠳᠠᠳᠣ ᠣᠯᠣᠰ ᠤᠨ ᠣᠨᠴᠠᠯᠢᠭ ᠲᠠᠢ ᠨᠡᠶᠢᠭᠡᠮ ᠵᠢᠷᠣᠮ ᠤᠨ ᠰᠢᠨ᠎ᠡ ᠴᠠᠭ ᠦᠶ᠎ᠡ ᠪᠣᠯ ᠳᠣᠮᠳᠠᠳᠣ ᠶᠢᠨ ᠦᠨᠳᠦᠰᠦᠳᠡᠨ ᠤ ᠠᠭᠤᠣ ᠶᠡᠭᠡ ᠰᠡᠷᠭᠦᠡ ᠮᠠᠨᠳᠣᠯᠳᠠ ᠶᠢ ᠪᠡᠶᠡᠯᠡᠬᠦᠯᠬᠦ ᠰᠢᠨ᠎ᠡ ᠴᠠᠭ ᠦᠶ᠎ᠡ ᠮᠦᠨ᠃

    5. ᠳᠣᠮᠳᠠᠳᠣ ᠣᠯᠣᠰ ᠤᠨ ᠣᠨᠴᠠᠯᠢᠭ ᠲᠠᠢ ᠨᠡᠶᠢᠭᠡᠮ ᠵᠢᠷᠣᠮ ᠤᠨ ᠰᠢᠨ᠎ᠡ ᠴᠠᠭ ᠦᠶ᠎ᠡ ᠪᠣᠯ ᠳᠣᠮᠳᠠᠳᠣ ᠣᠯᠣᠰ ᠳᠡᠯᠡᠬᠡᠢ ᠶᠢᠨ ᠳᠠᠪᠴᠠᠩ ᠤᠨ ᠲᠦᠪ ᠣᠷᠣᠭᠤ ᠡᠳᠦᠷ ᠢᠷᠡᠬᠦᠶ᠎ᠡ ᠦᠢᠷᠠᠳᠣᠵᠦ᠂ ᠬᠦᠮᠦᠨ ᠲᠦᠷᠦᠯᠬᠢᠳᠡᠨ ᠳᠤ ᠣᠯᠠᠮ ᠶᠡᠭᠡ ᠬᠤᠪᠢ ᠨᠡᠮᠡᠷᠢ ᠦᠵᠡᠬᠦᠯᠬᠦ ᠰᠢᠨ᠎ᠡ ᠴᠠᠭ ᠦᠶ᠎ᠡ ᠮᠦᠨ᠃

    ᠳᠦᠷᠪᠡ᠂ ᠳᠣᠮᠳᠠᠳᠣ ᠣᠯᠣᠰ ᠤᠨ ᠰᠢᠨ᠎ᠡ ᠴᠠᠭ ᠦᠶ᠎ᠡ ᠶᠢᠨ ᠨᠠᠮ ᠪᠠ ᠲᠦᠷᠦ ᠶᠢᠨ ᠬᠤᠵᠢᠮ ᠤᠨ ᠪᠦᠬᠦ ᠲᠠᠯ᠎ᠠ ᠶᠢᠨ ᠠᠵᠢᠯ ᠤᠨ ᠪᠠᠶᠢᠯᠳᠣᠬᠤ ᠪᠣᠳᠣᠯᠭ᠎ᠠ ᠶᠢᠨ ᠭᠤᠣᠯᠳᠠᠯᠭ᠎ᠠ ᠪᠣᠯᠣᠨ ᠭᠤᠣᠯ ᠴᠢᠭᠯᠡᠯ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠨᠢ ᠳᠣᠮᠳᠠᠳᠣ ᠣᠯᠣᠰ ᠤᠨ ᠰᠢᠨ᠎ᠡ ᠴᠠᠭ ᠦᠶ᠎ᠡ ᠶᠢᠨ ᠨᠡᠶᠢᠭᠡᠮ ᠤᠨ ᠭᠤᠣᠯ ᠵᠦᠷᠢᠴᠡᠯ ᠤᠨ ᠬᠤᠪᠢᠷᠠᠯᠳᠠ ᠶᠢ ᠰᠢᠨᠵᠢᠯᠡᠬᠦ ᠣᠬᠠᠭᠠᠨᠴᠢ ᠪᠠᠷ ᠲᠣᠷᠠᠳᠣᠨ ᠭᠠᠷᠭᠠᠵᠦ᠂ ᠡᠨᠡᠬᠦ ᠭᠤᠣᠯ ᠵᠦᠷᠢᠴᠡᠯ ᠨᠢ ᠠᠷᠠᠳ ᠲᠦᠮᠡᠨ ᠤ ᠡᠳᠦᠷ ᠢᠷᠡᠬᠦᠶ᠎ᠡ ᠨᠡᠮᠡᠭᠳᠡᠵᠦ ᠪᠦᠬᠦᠢ ᠰᠠᠶᠢᠨ ᠰᠠᠶᠢᠬᠠᠨ ᠠᠮᠢᠳᠣᠷᠠᠯ ᠤᠨ ᠬᠡᠷᠡᠭᠴᠡᠭᠡ ᠪᠣᠯᠣᠨ ᠬᠦᠭᠵᠢᠯᠳᠡ ᠶᠢᠨ ᠲᠡᠩᠴᠡᠭᠦᠷᠢ ᠦᠬᠡᠢ᠂ ᠭᠦᠢᠴᠡᠳ ᠦᠬᠡᠢ ᠪᠠᠶᠢᠭ᠎ᠠ ᠪᠠᠶᠢᠳᠠᠯ ᠯᠤᠭ᠎ᠠ ᠶᠢᠨ ᠬᠤᠭᠤᠷᠣᠨᠳᠣᠬᠢ ᠵᠦᠷᠢᠴᠡᠯ ᠪᠣᠯᠪᠠ ᠭᠡᠵᠠᠢ᠃ ᠡᠶᠢᠮᠦ ᠠᠴᠠ ᠬᠤᠶᠢᠰᠢᠳᠡ ᠶᠢᠨ ᠵᠣᠬᠢᠬᠤ ᠨᠢᠭᠡᠨ ᠬᠤᠭᠤᠴᠠᠭᠠᠨ ᠳᠤ ᠨᠠᠮ ᠤᠨ ᠭᠤᠣᠯ ᠡᠭᠦᠷᠭᠡ ᠪᠣᠯ᠂ ᠡᠯ᠎ᠡ ᠦᠨᠳᠦᠰᠦᠳᠡᠨ ᠤ ᠠᠷᠠᠳ ᠲᠦᠮᠡᠨ ᠢ ᠣᠳᠣᠷᠢᠳᠣᠨ ᠳᠠᠭᠠᠭᠤᠯᠵᠦ᠂ ᠦᠢᠷ᠎ᠡ ᠦᠶ᠎ᠡ ᠠᠴᠠ ᠨᠠᠰᠢᠬᠢ ᠳᠣᠮᠳᠠᠳᠣ ᠶᠢᠨ ᠦᠨᠳᠦᠰᠦᠳᠡᠨ ᠤ ᠠᠭᠤᠣ ᠶᠡᠭᠡ ᠰᠡᠷᠭᠦᠡ ᠮᠠᠨᠳᠣᠯᠳᠠ ᠶᠢ ᠪᠡᠶᠡᠯᠡᠭᠦᠯᠬᠦ ᠶᠠᠪᠣᠳᠠᠯ ᠪᠣᠯᠣᠨ᠎ᠠ ᠭᠡᠳᠡᠭ ᠢ ᠲᠣᠳᠣᠷᠬᠠᠶᠢᠯᠠᠪᠠ᠃

    ᠲᠠᠪᠤ᠂ ᠨᠡᠶᠢᠭᠡᠮ ᠵᠢᠷᠣᠮᠳᠣ ᠣᠳᠣᠬᠢᠴᠢᠯᠡᠯᠳᠡ ᠶᠢ ᠪᠡᠶᠡᠯᠡᠭᠦᠯᠬᠦ ᠴᠠᠭ ᠬᠤᠭᠤᠴᠠᠭ᠎ᠠ ᠪᠣᠯᠣᠨ ᠵᠠᠮ ᠮᠦᠷ ᠤᠨ ᠲᠣᠬᠠᠢ ᠵᠢᠷᠤᠭ ᠲᠦᠰᠦᠪ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠨᠢ 2050 ᠣᠨ ᠬᠦᠷᠳᠡᠯᠡᠬᠢ ᠳᠣᠮᠳᠠᠳᠣ ᠣᠯᠣᠰ ᠤᠨ ᠬᠦᠭᠵᠢᠯᠳᠡ ᠶᠢ ᠬᠤᠶᠠᠷ ᠠᠯᠬᠤᠮ ᠳᠤ ᠬᠤᠪᠢᠶᠠᠨ ᠪᠠᠶᠢᠷᠢᠰᠢᠭᠤᠯᠵᠠᠢ᠃

    ᠨᠢᠭᠡᠳᠦᠭᠡᠷ ᠠᠯᠬᠤᠮ ᠨᠢ᠄ ᠦᠨᠦ ᠠᠴᠠ ᠡᠬᠢᠯᠡᠭᠡᠳ 2020 ᠣᠨ ᠪᠣᠯᠳᠠᠯᠠᠬᠢ ᠬᠤᠭᠤᠴᠠᠭ᠎ᠠ᠂ ᠡᠨᠡᠬᠦ ᠬᠤᠭᠤᠴᠠᠭ᠎ᠠ ᠪᠣᠯ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠦᠳᠦᠭᠡᠨ ᠪᠠᠶᠢᠭᠤᠯᠬᠤ ᠬᠠᠷᠠᠯᠳᠠ ᠶᠢ ᠪᠡᠶᠡᠯᠡᠭᠦᠯᠬᠦ ᠵᠠᠩᠭᠢᠯᠠᠭ᠎ᠠ ᠶᠢᠨ ᠬᠤᠭᠤᠴᠠᠭ᠎ᠠ ᠪᠣᠯᠣᠨ᠎ᠠ᠃

    ᠬᠤᠶᠠᠳᠣᠭᠠᠷ ᠠᠯᠬᠤᠮ ᠨᠢ᠄ 2020 ᠣᠨ ᠠᠴᠠ 2050 ᠣᠨ ᠪᠣᠯᠳᠠᠯᠠᠬᠢ ᠬᠤᠭᠤᠴᠠᠭ᠎ᠠ ᠪᠣᠯᠣᠨ᠎ᠠ᠃ ᠡᠨᠡᠬᠦ ᠬᠤᠭᠤᠴᠠᠭᠠᠨ ᠤ ᠭᠤᠴᠢᠨ ᠵᠢᠯ ᠢ ᠪᠠᠰᠠ ᠬᠤᠶᠠᠷ ᠱᠠᠳᠣ ᠪᠣᠯᠭᠠᠨ ᠬᠤᠪᠢᠶᠠᠵᠦ᠂ 2020 - 2035 ᠣᠨ ᠬᠦᠷᠳᠡᠯᠡᠬᠢ ᠨᠢᠭᠡᠳᠦᠭᠡᠷ ᠱᠠᠳᠣᠨ ᠳᠤ ᠨᠡᠶᠢᠭᠡᠮ ᠵᠢᠷᠣᠮᠳᠣ ᠣᠳᠣᠬᠢᠴᠢᠯᠡᠯᠳᠡ ᠶᠢ ᠦᠨᠳᠦᠰᠦᠨ ᠳᠡᠭᠡᠨ ᠪᠡᠶᠡᠯᠡᠭᠦᠯᠦᠨ᠎ᠡ᠂ 2035 -2050 ᠣᠨ ᠬᠦᠷᠳᠡᠯᠡᠬᠢ ᠬᠤᠶᠠᠳᠣᠭᠠᠷ ᠱᠠᠳᠣᠨ ᠳᠤ᠂ ᠳᠠᠷᠣᠢ ᠪᠦᠭᠦᠳᠡ ᠨᠠᠶᠢᠷᠠᠮᠳᠠᠬᠤ ᠳᠣᠮᠳᠠᠳᠣ ᠠᠷᠠᠳ ᠣᠯᠣᠰ ᠪᠠᠶᠢᠭᠤᠯᠣᠬᠳᠠᠬᠰᠠᠨ ᠵᠠᠭᠤᠨ ᠵᠢᠯ ᠤᠨ ᠣᠢ ᠪᠣᠯᠬᠤ ᠳᠤ ᠨᠡᠶᠢᠭᠡᠮ ᠵᠢᠷᠣᠮ ᠤᠨ ᠬᠦᠴᠦᠷᠭᠡᠭ ᠣᠯᠣᠰ ᠢ ᠪᠦᠳᠦᠭᠡᠨ ᠪᠠᠶᠢᠭᠤᠯᠬᠤ ᠪᠠᠷ ᠳᠣᠬᠳᠠᠭᠠᠵᠠᠢ᠃

    ᠵᠢᠷᠭᠤᠭ᠎ᠠ᠂ ᠣᠳᠣᠬᠢ ᠪᠣᠯᠣᠨ ᠬᠤᠵᠢᠮ ᠤᠨ ᠵᠣᠬᠢᠬᠤ ᠨᠢᠭᠡᠨ ᠴᠠᠭ ᠬᠤᠭᠤᠴᠠᠭᠠᠨ ᠳᠠᠬᠢ ᠨᠠᠮ ᠪᠠ ᠲᠦᠷᠦ   ᠶᠢᠨ ᠠᠵᠢᠯ ᠤᠨ ᠪᠠᠶᠢᠯᠳᠣᠬᠤ ᠪᠣᠳᠣᠯᠭ᠎ᠠ ᠶᠢᠨ ᠭᠤᠣᠯᠳᠠᠯᠭ᠎ᠠ ᠠᠵᠦ ᠠᠬᠤᠢ᠂ ᠣᠯᠣᠰ ᠲᠦᠷᠦ᠂ ᠰᠣᠶᠣᠯ᠂ ᠨᠡᠶᠢᠭᠡᠮ᠂ ᠠᠮᠢ ᠠᠬᠤᠢ ᠶᠢᠨ ᠪᠦᠳᠦᠭᠡᠨ ᠪᠠᠶᠢᠭᠤᠯᠣᠯᠳᠠ ᠶᠢᠨ ᠲᠡᠯ᠎ᠠ ᠪᠠᠷ《ᠲᠠᠪᠤ ᠶᠢ ᠨᠢᠭᠡ ᠴᠣᠬᠴᠠᠵᠢᠭᠤᠯᠣᠬᠰᠠᠨ》ᠰᠠᠭᠤᠷᠢᠨ ᠳᠡᠭᠡᠷ᠎ᠡ ᠦᠷᠭᠦᠯᠵᠢᠯᠡᠨ ᠬᠦᠭᠵᠢᠭᠦᠯᠬᠦ ᠰᠢᠨ᠎ᠡ ᠪᠠᠶᠢᠯᠳᠣᠬᠤ ᠪᠣᠳᠣᠯᠭ᠎ᠠ ᠶᠢ ᠲᠣᠬᠳᠠᠭᠠᠪᠠ᠃

    ᠳᠣᠯᠤᠭ᠎ᠠ᠂ ᠰᠢᠨ᠎ᠡ ᠴᠠᠭ ᠦᠶ᠎ᠡ ᠶᠢᠨ ᠨᠠᠮ ᠤᠨ ᠪᠠᠶᠢᠭᠤᠯᠣᠯᠳᠠ ᠶᠢᠨ ᠰᠢᠨ᠎ᠡ ᠶᠡᠷᠦᠩᠬᠡᠢ ᠱᠠᠭᠠᠷᠳᠠᠯᠭ᠎ᠠ ᠨᠠᠮ ᠤᠨ ᠣᠳᠣᠷᠢᠳᠣᠯᠭ᠎ᠠ ᠶᠢ ᠪᠠᠷᠢᠮᠳᠠᠯᠠᠨ ᠴᠢᠩᠭᠠᠳᠬᠠᠬᠤ ᠪᠣᠯ ᠦᠨᠳᠦᠰᠦᠨ ᠵᠠᠷᠴᠢᠮ ᠮᠦᠨ᠂ ᠨᠠᠮ ᠤᠨ ᠵᠠᠰᠠᠭ ᠪᠠᠷᠢᠬᠤ ᠴᠢᠳᠠᠪᠣᠷᠢ ᠶᠢ ᠲᠠᠰᠣᠷᠠᠯᠳᠠ ᠦᠭᠡᠢ ᠳᠡᠭᠡᠭᠰᠢᠯᠡᠭᠦᠯᠬᠦ ᠪᠣᠯ ᠭᠤᠣᠯ ᠱᠣᠭᠤᠮ ᠮᠦᠨ᠂ ᠨᠠᠮ ᠤᠨ ᠠᠯᠢᠪᠠ ᠠᠵᠢᠯ ᠳᠠᠬᠢ ᠣᠳᠣᠷᠢᠳᠣᠯᠭ᠎ᠠ ᠶᠢ ᠲᠡᠷᠢᠭᠦᠨ ᠪᠠᠶᠢᠷᠢᠨ ᠳᠤ ᠲᠠᠯᠪᠢᠬᠤ ᠳᠤ ᠨᠠᠮ ᠢ ᠴᠢᠩᠭ᠎ᠠ ᠵᠠᠰᠠᠬᠤ ᠶᠢ ᠵᠠᠪᠠᠯ ᠪᠠᠷᠢᠮᠳᠠᠯᠠᠬᠤ ᠬᠡᠷᠡᠭᠳᠡᠢ᠃

    ᠬᠤᠷᠢᠶᠠᠩᠭ᠋ᠤᠶᠢᠯᠠᠪᠠᠯ᠂ ᠳᠣᠮᠳᠠᠳᠣ ᠣᠯᠣᠰ ᠤᠨ ᠡᠪ ᠬᠠᠮᠳᠣ ᠨᠠᠮ ᠤᠨ ᠠᠷᠪᠠ ᠶᠢᠰᠦᠳᠦᠭᠡᠷ ᠣᠳᠠᠭᠠᠨ ᠤ ᠪᠦᠬᠦ ᠣᠯᠣᠰ ᠤᠨ ᠲᠦᠯᠦᠭᠡᠯᠡᠭᠴᠢᠳ ᠤᠨ ᠶᠡᠭᠡ ᠬᠤᠷᠠᠯ ᠪᠣᠯ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠦᠳᠦᠭᠡᠨ ᠪᠠᠶᠢᠭᠤᠯᠬᠤ ᠴᠠᠭ ᠦᠶ᠎ᠡ ᠶᠢ ᠵᠠᠭᠠᠭᠯᠠᠬᠰᠠᠨ ᠵᠠᠩᠭᠢᠯᠠᠭ᠎ᠠ ᠶᠢᠨ ᠴᠠᠭ ᠦᠶ᠎ᠡ ᠳᠤ ᠬᠤᠷᠠᠯᠳᠣᠬᠰᠠᠨ᠂ ᠨᠠᠮ ᠤᠨ ᠲᠡᠣᠬᠡᠨ ᠳᠤ ᠠᠭᠤᠣ ᠶᠡᠭᠡ ᠲᠡᠣᠬᠡᠳᠦ ᠴᠢᠨᠠᠷᠳᠠᠢ ᠬᠤᠪᠢ ᠨᠡᠮᠡᠷᠢ ᠣᠷᠣᠭᠤᠯᠣᠬᠰᠠᠨ ᠶᠡᠭᠡ ᠬᠤᠷᠠᠯ ᠮᠦᠨ᠃ ᠡᠶᠢᠮᠦ ᠠᠴᠠ ᠰᠢᠨ᠎ᠡ ᠴᠠᠭ ᠦᠶ᠎ᠡ ᠳᠤ ᠳᠣᠮᠳᠠᠳᠣ ᠣᠯᠣᠰ ᠤᠨ ᠡᠪ ᠬᠠᠮᠳᠣ ᠨᠠᠮ ᠨᠢ ᠪᠦᠬᠦ ᠣᠯᠣᠰ ᠤᠨ ᠡᠯ᠎ᠡ ᠦᠨᠳᠦᠰᠦᠳᠡᠨ ᠤ ᠠᠷᠠᠳ ᠲᠦᠮᠡᠨ ᠢ ᠣᠳᠣᠷᠢᠳᠣᠨ ᠳᠠᠭᠠᠭᠤᠯᠵᠦ᠂ ᠳᠣᠮᠳᠠᠳᠣ ᠶᠢᠨ ᠦᠨᠳᠦᠰᠦᠳᠡᠨ ᠤ ᠠᠭᠤᠣ ᠶᠡᠭᠡ ᠰᠡᠷᠭᠦᠡ ᠮᠠᠨᠳᠣᠯᠳᠠ ᠶᠢ ᠪᠡᠶᠡᠯᠡᠭᠦᠯᠬᠦ ᠰᠢᠨ᠎ᠡ ᠠᠶᠠᠯᠠᠯ ᠤᠨ ᠵᠠᠮ ᠢᠶᠠᠷ ᠭᠤᠶᠢᠪᠢᠰᠢ ᠦᠭᠡᠢ ᠣᠷᠣᠬᠰᠢᠯᠠᠵᠦ ᠲᠣᠬᠳᠠᠬᠰᠠᠨ ᠬᠠᠷᠠᠯᠳᠠ ᠪᠠᠨ ᠯᠠᠪᠳᠠᠢ ᠪᠡᠶᠡᠯᠡᠭᠦᠯᠵᠦ ᠴᠢᠳᠠᠬᠤ ᠶᠣᠮ᠃

ᠢᠷᠡᠯᠳᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠬᠡ ᠶᠢᠨ ᠰᠦᠯᠵᠢᠶ᠎ᠡ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122135924