蒙古文网站Logo
ᠰᠢᠨᠬᠤᠸᠠ ᠮᠤᠩᠭ᠋ᠤᠯ ᠨᠧᠲ

ᠰᠢᠨᠬᠤᠸᠠ ᠬᠤᠷᠢᠶᠠᠨ ᠡᠴᠡ ᠦᠨᠡᠯᠡᠭᠰᠡᠨ 2017 ᠤᠨ ᠤ ᠭᠠᠳᠠᠭᠠᠳᠤ ᠶᠢᠨ ᠠᠷᠪᠠᠨ ᠲᠤᠮᠤ ᠰᠤᠨᠢᠨ ᠮᠡᠳᠡᠬᠡ

2018-01-03 11:36

    ᠰᠢᠨᠬᠤᠸᠠ ᠬᠤᠷᠢᠶ᠎ᠠ  ᠪᠡᠭᠡᠵᠢᠩ ᠤᠨ 12 ᠰᠠᠷ᠎ᠠ ᠶᠢᠨ 30 ᠤ ᠡᠳᠤᠷ ᠤᠨ ᠴᠠᠬᠢᠯᠭᠠᠨ ᠮᠡᠳᠡᠬᠡ᠂ ᠰᠢᠨᠬᠤᠸᠠ ᠬᠤᠷᠢᠶᠠᠨ ᠡᠴᠡ ᠦᠨᠡᠯᠡᠭᠰᠡᠨ 2017 ᠤᠨ ᠤ ᠭᠠᠳᠠᠭᠠᠳᠤ ᠶᠢᠨ ᠠᠷᠪᠠᠨ ᠲᠤᠮᠤ ᠰᠤᠨᠢᠨ ᠮᠡᠳᠡᠬᠡ ( ᠬᠡᠷᠡᠭ ᠶᠠᠪᠤᠳᠠᠯ ᠡᠬᠦᠰᠦᠭᠰᠡᠨ ᠴᠠᠭ ᠤᠨ ᠲᠠᠷᠠᠭᠠᠯᠠᠯ ᠢᠶᠡᠷ ᠵᠢᠬᠰᠠᠭᠠᠵᠠᠢ)

    ᠨᠢᠬᠡ᠂ 《 ᠬᠦᠮᠦᠨ ᠲᠦᠷᠦᠯᠬᠢᠳᠡᠨ ᠤ ᠬᠤᠪᠢ ᠲᠠᠪᠢᠯᠠᠩ ᠤᠨ ᠬᠠᠮᠳᠤ ᠶᠢᠨ ᠴᠤᠭᠴᠠ》 ᠶ᠋ᠢ ᠨᠢᠭᠡᠳᠤᠭ᠍ᠰᠡᠨ ᠦᠨᠳᠦᠰᠦᠨ ᠤ ᠪᠠᠶᠢᠭᠤᠯᠤᠯᠭ᠎ᠠ ᠶᠢᠨ ᠰᠢᠶ᠋ᠳᠪᠦᠷᠢ ᠳᠤ ᠪᠢᠴᠢᠵᠤ ᠤᠷᠤᠭᠤᠯᠪᠠ

1 ᠰᠠᠷ᠎ᠠ ᠶᠢᠨ 18 ᠤ ᠡᠳᠤᠷ᠂ ᠤᠯᠤᠰ ᠤᠨ ᠲᠡᠷᠢᠬᠦᠯᠡᠭᠴᠢ ᠰᠢ ᠵᠢᠨ ᠫᠢᠩ ᠰᠧᠶ᠋ᠰ ᠤᠨ ᠵᠧᠨᠧᠸᠠ ᠳᠤ ᠪᠤᠯᠤᠭᠰᠠᠨ 《ᠬᠦᠮᠦᠨ ᠲᠦᠷᠦᠯᠬᠢᠳᠡᠨ ᠤ ᠬᠤᠪᠢ ᠲᠠᠪᠢᠯᠠᠩ ᠤᠨ ᠬᠠᠮᠳᠤ ᠶᠢᠨ ᠴᠤᠭᠴᠠ ᠶᠢ ᠬᠠᠮᠳᠤᠷᠠᠨ ᠵᠦᠪᠯᠡᠵᠤ ᠬᠠᠮᠳᠤ ᠪᠡᠷ ᠴᠤᠭᠴᠠᠯᠠᠬᠤ》 ᠶ᠋ᠢᠨ ᠲᠡᠭᠡᠳᠤ ᠲᠦᠪᠰᠢᠨ ᠤ ᠬᠤᠷᠠᠯ ᠳᠤ ᠤᠷᠤᠯᠴᠠᠵᠤ᠂ 《 ᠬᠦᠮᠦᠨ ᠲᠦᠷᠦᠯᠬᠢᠳᠡᠨ ᠤ ᠬᠤᠪᠢ ᠲᠠᠪᠢᠯᠠᠩ ᠤᠨ ᠬᠠᠮᠳᠤ ᠶᠢᠨ ᠴᠤᠭᠴᠠ ᠶᠢ ᠬᠠᠮᠳᠤ ᠪᠡᠷ ᠴᠤᠭᠴᠠᠯᠠᠬᠤ》 ᠭᠤᠤᠯ ᠰᠡᠳᠤᠪ ᠢᠶᠡᠷ ᠶᠠᠷᠢᠶ᠎ᠠ ᠲᠠᠯᠪᠢᠪᠠ᠃ ( ᠵᠢᠷᠤᠭ ᠢ ᠰᠢᠨᠬᠤᠸᠠ ᠬᠤᠷᠢᠶ᠎ᠠ ᠶᠢᠨ ᠰᠤᠷᠪᠤᠯᠵᠢᠯᠠᠭᠴᠢ ᠿᠤᠤ ᠠᠢ ᠮᠢᠨ)

    1 ᠰᠠᠷ᠎ᠠ ᠶᠢᠨ 18 ᠤ ᠡᠳᠤᠷ᠂ ᠰᠢ ᠵᠢᠨ ᠫᠢᠩ ᠲᠡᠷᠢᠬᠦᠯᠡᠭᠴᠢ ᠨᠢᠬᠡᠳᠤᠭ᠍ᠰᠡᠨ ᠦᠨᠳᠦᠰᠦᠨ ᠤ ᠪᠠᠶᠢᠭᠤᠯᠤᠯᠭ᠎ᠠ ᠶᠢᠨ ᠵᠧᠨᠧᠸᠠ ᠳ᠋ᠡᠬᠢ ᠶᠡᠷᠦᠩᠬᠡᠢ ᠬᠡᠯᠳᠡᠰ ᠲᠤ 《 ᠬᠦᠮᠦᠨ ᠲᠦᠷᠦᠯᠬᠢᠳᠡᠨ ᠤ ᠬᠤᠪᠢ ᠲᠠᠪᠢᠯᠠᠩ  ᠤᠨ ᠬᠠᠮᠳᠤ ᠶᠢᠨ ᠴᠤᠭᠴᠠ ᠶᠢ ᠬᠠᠮᠳᠤ ᠪᠡᠷ ᠴᠤᠭᠴᠠᠯᠠᠬᠤ》 ᠭᠤᠤᠯ ᠰᠡᠳᠤᠪᠳᠤ ᠶᠠᠷᠢᠶ᠎ᠠ ᠲᠠᠯᠪᠢᠵᠤ᠂ ᠪᠦᠬᠦ ᠪᠦᠮᠪᠦᠷᠴᠡᠭ ᠤᠨ ᠴᠢᠨᠠᠷᠲᠠᠢ ᠦᠷᠢᠰᠦᠯᠳᠦᠬᠡᠨ ᠢ ᠰᠢᠶ᠋ᠳᠪᠦᠷᠢᠯᠡᠬᠦ ᠳᠤ ᠲᠤᠮᠳᠠᠳᠤ ᠤᠯᠤᠰ ᠤᠨ ᠠᠷᠭ᠎ᠠ ᠬᠡᠮᠵᠢᠶ᠎ᠡ ᠶᠢ ᠲᠤᠷᠠᠳᠴᠦ᠂ ᠲᠡᠯᠡᠬᠡᠢ ᠶᠢᠨ ᠨᠡᠶᠢᠬᠡᠮ ᠤᠨ ᠢᠯᠡᠷᠬᠡᠢ ᠬᠠᠮᠳᠤ ᠶᠢᠨ ᠲᠠᠨᠢᠯᠳᠠ ᠳᠤ ᠬᠦᠷᠪᠡ ᠃ 2 ᠰᠠᠷ᠎ᠠ ᠶᠢᠨ 10 ᠤ ᠡᠳᠤᠷ᠂ 《ᠬᠦᠮᠦᠨ ᠲᠦᠷᠦᠯᠬᠢᠳᠡᠨ ᠤ ᠬᠤᠪᠢ ᠲᠠᠪᠢᠯᠠᠩ ᠤᠨ ᠬᠠᠮᠳᠤ ᠶᠢᠨ ᠴᠤᠭᠴᠠ》 ᠶ᠋ᠢᠨ ᠤᠨᠤᠯ ᠨᠢᠬᠡᠳᠤᠭ᠍ᠰᠡᠨ ᠦᠨᠳᠦᠰᠦᠨ ᠤ ᠪᠠᠶᠢᠭᠤᠯᠤᠯᠭ᠎ᠠ ᠶᠢᠨ ᠨᠡᠶᠢᠬᠡᠮ ᠤᠨ ᠬᠦᠭ᠍ᠵᠢᠯᠳᠡ ᠶᠢᠨ ᠵᠦᠪᠯᠡᠯ ᠤᠨ ᠬᠤᠷᠠᠯ ᠢᠶᠡᠷ ᠠᠩᠬ᠎ᠠ ᠤᠳᠠᠭ᠎ᠠ ᠨᠢᠬᠡᠳᠤᠭ᠍ᠰᠡᠨ ᠦᠨᠳᠦᠰᠦᠨ ᠤ ᠪᠠᠶᠢᠭᠤᠯᠤᠯᠭ᠎ᠠ ᠶᠢᠨ ᠰᠢᠶ᠋ᠳᠪᠦᠷᠢ ᠳᠤ ᠪᠢᠴᠢᠭᠳᠡᠨ ᠤᠷᠤᠭᠰᠠᠨ ᠪᠠᠶᠢᠨ᠎ᠠ᠃ ᠡᠬᠦᠨ ᠤ ᠲᠠᠷᠠᠭ᠎ᠠ ᠡᠨᠡᠬᠦ ᠤᠨᠤᠯ ᠨᠢ ᠨᠢᠬᠡᠳᠤᠭ᠍ᠰᠡᠨ ᠦᠨᠳᠦᠰᠦᠨ ᠤ ᠪᠠᠶᠢᠭᠤᠯᠤᠯᠭ᠎ᠠ ᠶᠢᠨ ᠠᠶᠤᠯᠬᠦᠢ ᠶᠢᠨ ᠵᠦᠪᠯᠡᠯ᠂ ᠬᠦᠮᠦᠨ ᠤ ᠡᠷᠬᠡ ᠶᠢᠨ ᠵᠦᠪᠯᠡᠯ ᠪᠤᠯᠤᠨ ᠨᠢᠭᠡᠳᠤᠭ᠍ᠰᠡᠨ ᠦᠨᠳᠦᠰᠦᠨ ᠤ ᠪᠠᠶᠢᠭᠤᠯᠤᠯᠭ᠎ᠠ ᠶᠢᠨ ᠶᠡᠬᠡ ᠬᠤᠷᠠᠯ ᠤᠨ ᠨᠢᠬᠡᠳᠤᠬᠡᠷ ᠵᠦᠪᠯᠡᠯ ᠵᠡᠷᠬᠡ ᠶᠢᠨ ᠤᠯᠠᠨ ᠲᠦᠷᠦᠯ ᠤᠨ ᠰᠢᠶ᠋ᠳᠪᠦᠷᠢ ᠳᠤ ᠪᠢᠴᠢᠭᠳᠡᠨ ᠤᠷᠤᠵᠤ᠂ ᠲᠤᠮᠳᠠᠳᠤ ᠤᠯᠤᠰ ᠤᠨ ᠤᠨᠤᠯ ᠲᠡᠯᠡᠬᠡᠢ ᠶᠢᠨ ᠬᠠᠮᠳᠤ ᠶᠢᠨ ᠲᠠᠨᠢᠯᠳᠠ ᠳᠤ ᠬᠦᠷᠦᠭ᠍ᠰᠡᠨ ᠢ ᠬᠠᠷᠠᠭᠤᠯᠪᠠ᠃ ᠲᠤᠮᠳᠠᠳᠤ ᠤᠯᠤᠰ ᠤᠨ ᠤᠯᠠᠨ ᠤᠯᠤᠰ ᠢ ᠨᠦᠯᠦᠬᠡᠯᠡᠬᠦ᠂ ᠤᠷᠢᠶᠠᠯᠠᠬᠤ᠂ ᠴᠤᠭᠴᠠᠯᠠᠬᠤ ᠬᠦᠴᠦᠨ ᠨᠢ ᠤᠯᠠᠮ ᠢᠶᠡᠷ ᠲᠡᠭᠡᠭ᠍ᠰᠢᠯᠡᠵᠤ᠂ ᠲᠤᠮᠳᠠᠳᠤ ᠤᠯᠤᠰ ᠤᠨ ᠤᠨᠴᠠᠯᠢᠭ ᠲᠠᠢ ᠲᠤᠮᠤ ᠬᠦᠷᠦᠨ ᠤ ᠭᠠᠳᠠᠭᠠᠳᠤ ᠬᠠᠷᠢᠯᠴᠠᠭ᠎ᠠ ᠲᠡᠯᠡᠬᠡᠢ ᠶᠢᠨ ᠡᠩᠬᠡ ᠲᠠᠶᠢᠪᠤᠩ ᠪᠤᠯᠤᠨ ᠬᠦᠭ᠍ᠵᠢᠯᠳᠡ ᠳᠤ ᠰᠢᠨ᠎ᠡ ᠬᠤᠪᠢ ᠨᠡᠮᠡᠷᠢ ᠦᠵᠡᠬᠦᠯᠬᠦ ᠪᠣᠯᠤᠨ᠎ᠠ᠃

    ᠬᠤᠶᠠᠷ᠂ 《 ᠠᠮᠧᠷᠢᠺᠠ ᠤᠷᠢᠳᠠᠪᠡᠷ》 ᠲᠦᠷᠦ ᠶᠢᠨ ᠪᠤᠳᠤᠯᠭ᠎ᠠ ᠠᠮᠧᠷᠢᠺᠠ ᠶᠢᠨ 《 ᠪᠠᠭ ᠡᠴᠡ ᠭᠠᠷᠬᠤ》 ᠶ᠋ᠢ ᠨᠢ ᠲᠦᠷᠭᠡᠳᠭᠡᠵᠤ ᠪᠤᠢ

   

6 ᠰᠠᠷ᠎ᠠ ᠶᠢᠨ 1 ᠤ ᠡᠳᠤᠷ᠂ ᠢᠷᠭᠡᠳ ᠠᠮᠧᠷᠢᠺᠠ ᠶᠢᠨ ᠨᠡᠶᠢᠰᠯᠡᠯ ᠸᠠᠰᠢᠩᠲ᠋ᠤᠨ ᠤ ᠴᠠᠭᠠᠨ ᠤᠷᠳᠤᠨ ᠤ ᠭᠠᠳᠠᠨ᠎ᠠ ᠴᠤᠭᠯᠠᠷᠠᠵᠤ᠂ ᠠᠮᠧᠷᠢᠺᠠ 《 ᠫᠠᠷᠢᠰ ᠤᠨ ᠬᠡᠯᠡᠯᠴᠡᠬᠡᠷ》 ᠡᠴᠡ ᠭᠠᠷᠬᠤ ᠰᠢᠶ᠋ᠳᠪᠦᠷᠢ ᠶᠢ ᠡᠰᠡᠷᠬᠦᠴᠡᠵᠤ ᠪᠤᠢ᠃

    6 ᠰᠠᠷ᠎ᠠ ᠶᠢᠨ 1 ᠤ ᠡᠳᠤᠷ᠂ ᠠᠮᠧᠷᠢᠺᠠ ᠶᠢᠨ ᠶᠡᠷᠦᠩᠬᠡᠶᠢᠯᠡᠭᠴᠢ ᠲᠷᠡᠮᠫ ᠠᠮᠧᠷᠢᠺᠠ ᠴᠠᠭ ᠠᠭᠠᠷ ᠤᠨ ᠬᠤᠪᠢᠷᠠᠯᠳᠠ ᠶᠢ ᠠᠷᠭᠠᠴᠠᠭᠠᠬᠤ 《 ᠫᠠᠷᠢᠰ ᠤᠨ ᠬᠡᠯᠡᠯᠴᠡᠬᠡᠷ》 ᠡᠴᠡ ᠭᠠᠷᠬᠤ ᠪᠡᠷ ᠲᠤᠭᠳᠠᠪᠠ ᠬᠡᠵᠤ ᠵᠠᠷᠯᠠᠵᠠᠢ᠃ ᠨᠢᠬᠡᠳᠤᠭ᠍ᠰᠡᠨ ᠦᠨᠳᠦᠰᠦᠨ ᠤ ᠪᠠᠶᠢᠭᠤᠯᠤᠯᠭ᠎ᠠ ᠶᠢᠨ ᠨᠠᠷᠢᠨ ᠪᠢᠴᠢᠭ᠌ ᠤᠨ ᠲᠠᠷᠤᠭ᠎ᠠ ᠭᠦᠲ᠋ᠧᠷᠧᠰ᠂ ᠬᠦᠯᠡᠮᠵᠢ ᠶᠢᠨ ᠬᠡᠢ  ᠢᠯᠭᠠᠷᠠᠭᠤᠯᠬᠤ ᠶᠢ ᠪᠠᠭᠠᠰᠬᠠᠬᠤ᠂ ᠪᠦᠮᠪᠦᠷᠴᠡᠭ ᠤᠨ ᠠᠶᠤᠯᠬᠦᠢ ᠶᠢ ᠠᠬᠢᠭᠤᠯᠬᠤ ᠲᠠᠯ᠎ᠠ ᠪᠡᠷ ᠬᠢ ᠠᠮᠧᠷᠢᠺᠠ ᠶᠢᠨ ᠠᠷᠭ᠎ᠠ ᠬᠡᠮᠵᠢᠶ᠎ᠡ ᠨᠢ 《 ᠬᠦᠮᠦᠰ ᠢ ᠮᠠᠰᠢ ᠬᠦᠰᠡᠷᠳᠡᠬᠦᠯᠵᠡᠢ》 ᠬᠡᠵᠤ ᠢᠯᠡᠷᠬᠡᠶᠢᠯᠡᠪᠡ᠃ ᠲᠷᠡᠮᠫ ᠤᠨ ᠤ ᠡᠮᠦᠨ᠎ᠡ ᠶᠡᠷᠦᠩᠬᠡᠶᠢᠯᠡᠭᠴᠢ ᠪᠤᠯᠤᠭᠰᠠᠨ ᠡᠴᠡ ᠨᠠᠰᠢ᠂ ᠤᠷᠢᠳ ᠬᠤᠵᠢᠳ ᠨᠢᠬᠡᠳᠤᠭ᠍ᠰᠡᠨ ᠦᠨᠳᠦᠰᠦᠨ ᠤ ᠪᠠᠶᠢᠭᠤᠯᠤᠯᠭ᠎᠎ᠠ ᠶᠢᠨ ᠰᠤᠷᠭᠠᠨ ᠬᠦᠮᠦᠵᠢᠯ ᠰᠢᠨᠵᠢᠯᠡᠬᠦ ᠤᠬᠠᠭᠠᠨ ᠰᠤᠶᠤᠯ ᠤᠨ ᠵᠤᠬᠢᠶᠠᠨ ᠪᠠᠶᠢᠭᠤᠯᠤᠯᠳᠠ ᠪᠤᠯᠤᠨ 《 ᠨᠡᠬᠦᠳᠡᠯ ᠢᠷᠭᠡᠳ ᠤᠨ ᠠᠰᠠᠭᠤᠳᠠᠯ ᠤᠨ ᠲᠡᠯᠡᠬᠡᠢ ᠶᠢᠨ ᠬᠡᠷ᠎ᠡ》 ᠶ᠋ᠢ ᠲᠤᠭᠳᠠᠭᠠᠬᠤ ᠶᠠᠪᠤᠴᠠ ᠵᠡᠷᠬᠡ ᠤᠯᠠᠨ ᠤᠯᠤᠰ ᠤᠨ ᠵᠤᠬᠢᠶᠠᠨ ᠪᠠᠶᠢᠭᠤᠯᠤᠯᠳᠠ ᠪᠤᠯᠤᠨ ᠬᠡᠷ᠎ᠡ ᠡᠴᠡ ᠭᠠᠷᠬᠤ ᠪᠡᠷ ᠨᠡᠶᠢᠳᠡᠯᠡᠵᠤ᠂ ᠠᠮᠧᠷᠢᠺᠠ ᠮᠧᠺᠰᠢᠺᠦ ᠶᠢᠨ ᠲᠤᠰᠠᠭᠠᠷᠯᠠᠯ ᠤᠨ ᠬᠡᠷᠡᠮ ᠪᠠᠶᠢᠭᠤᠯᠬᠤ ᠶᠢᠨ ᠬᠠᠮᠳᠤ ᠤᠮᠠᠷᠠᠳᠤ ᠠᠮᠧᠷᠢᠺᠠ ᠶᠢᠨ ᠴᠢᠯᠦᠬᠡᠳᠤ ᠠᠷᠠᠯᠵᠢᠶᠠᠨ ᠤ ᠬᠡᠯᠡᠯᠴᠡᠬᠡᠷ ᠵᠡᠷᠬᠡ ᠶᠢ ᠲᠠᠬᠢᠨ ᠵᠦᠪᠳᠡᠯᠴᠡᠬᠦ ᠵᠡᠷᠬᠡ ᠤᠯᠠᠨ ᠲᠦᠷᠦᠯ ᠤᠨ 《 ᠠᠮᠧᠷᠢᠺᠠ ᠤᠷᠢᠳᠠᠪᠡᠷ》 ᠤᠨ ᠬᠠᠮᠠᠭᠠᠯᠠᠬᠤ ᠦᠵᠡᠯ ᠤᠨ ᠬᠡᠯᠪᠡᠶᠢᠬᠦ ᠠᠷᠭ᠎ᠠ ᠬᠡᠮᠵᠢᠶ᠎ᠡ ᠶᠢ ᠭᠠᠷᠭᠠᠭᠰᠠᠨ ᠪᠠᠶᠢᠨ᠎ᠠ᠃ ᠠᠮᠧᠷᠢᠺᠠ ᠶᠢᠨ ᠡᠳᠡᠬᠡᠷ ᠠᠷᠭ᠎ᠠ ᠬᠡᠮᠵᠢᠶ᠎ᠡ ᠨᠢ ᠤᠯᠠᠨ ᠤᠯᠤᠰ ᠤᠨ ᠤᠯᠠᠨ ᠲᠠᠯᠠᠳᠤ ᠬᠠᠮᠳᠤ ᠶᠢᠨ ᠠᠵᠢᠯᠯᠠᠭᠠᠨ ᠤ ᠲᠤᠭᠳᠠᠯᠴᠠᠭ᠎ᠠ ᠶᠢ ᠡᠪᠳᠡᠵᠤ᠂ ᠪᠦᠮᠪᠦᠷᠴᠡᠭ ᠤᠨ ᠵᠠᠰᠠᠯᠳᠠ ᠳᠤ ᠰᠢᠨ᠎ᠡ ᠦᠷᠢᠰᠦᠯᠳᠦᠬᠡᠨ ᠠᠪᠴᠢᠷᠠᠭᠰᠠᠨ ᠪᠠᠶᠢᠨ᠎ᠠ᠃

    ᠭᠤᠷᠪᠠ᠂ ᠺᠠᠲ᠋ᠠᠷ ᠤᠨ ᠬᠠᠷᠢᠯᠴᠠᠭ᠎ᠠ ᠪᠡᠨ ᠲᠠᠰᠤᠯᠬᠤ ᠦᠢᠮᠡᠬᠡᠨ ᠲᠤᠮᠳᠠᠳᠤ ᠲᠤᠷᠤᠨᠠᠳᠤ ᠶᠢᠨ ᠬᠠᠭᠠᠴᠠᠯ ᠢ ᠬᠦᠨᠵᠡᠬᠡᠶᠢᠷᠡᠬᠦᠯᠪᠡ

   

6 ᠰᠠᠷ᠎ᠠ ᠶᠢᠨ 14 ᠤ ᠡᠳᠤᠷ᠂ ᠺᠠᠲ᠋ᠠᠷ ᠤᠨ ᠨᠡᠶᠢᠰᠯᠡᠯ ᠳ᠋ᠠᠦ᠋ᠬ᠎ᠠ

    6 ᠰᠠᠷ᠎ᠠ ᠶᠢᠨ 5 ᠤ ᠡᠳᠤᠷ᠂ ᠰᠠᠦ᠋ᠳ᠋ᠢ ᠠᠷᠠᠪ᠂ ᠠᠷᠠᠪ ᠤᠨ ᠬᠤᠯᠪᠤᠭᠠᠳᠤ ᠠᠬᠠᠮᠠᠳᠳᠤ ᠤᠯᠤᠰ᠂ ᠪᠠᠷᠧᠶᠢᠨ ᠪᠤᠯᠤᠨ ᠶᠧᠵᠢᠫᠲ ᠨᠢ ᠺᠠᠲ᠋ᠠᠷ ᠤᠨ《 ᠰᠦᠷᠳᠡᠬᠦᠯᠦᠯ ᠤᠨ ᠦᠵᠡᠯ ᠢ ᠲᠡᠮᠵᠢᠬᠦ》 ᠪᠤᠯᠤᠨ 《 ᠭᠠᠵᠠᠷ ᠤᠷᠤᠨ ᠤ ᠠᠶᠤᠯᠬᠦᠢ ᠶᠢ ᠡᠪᠳᠡᠬᠦ》 ᠪᠡᠷ ᠰᠢᠯᠳᠠᠭᠠᠯᠠᠨ ᠺᠠᠲ᠋ᠠᠷ ᠲᠠᠢ ᠬᠠᠷᠢᠯᠴᠠᠭ᠎ᠠ ᠪᠠᠨ ᠲᠠᠰᠤᠯᠬᠤ ᠶᠢᠨ ᠬᠠᠮᠳᠤ ᠰᠢᠶ᠋ᠳᠬᠡᠨ ᠵᠠᠯᠬᠠᠭᠠᠬᠤ ᠪᠡᠷ ᠵᠠᠷᠯᠠᠪᠠ᠃ ᠡᠬᠦᠨ ᠤ ᠲᠠᠷᠠᠭ᠎ᠠ᠂ ᠮᠦᠨ ᠤᠯᠠᠨ ᠤᠯᠤᠰ ᠺᠠᠲ᠋ᠠᠷ ᠲᠠᠢ ᠬᠠᠷᠢᠯᠴᠠᠭ᠎ᠠ ᠪᠡᠨ ᠲᠠᠰᠤᠯᠬᠤ ᠪᠡᠷ ᠵᠠᠷᠯᠠᠵᠠᠢ᠃ ᠺᠠᠲ᠋ᠠᠷ ᠰᠠᠦ᠋ᠳᠢ ᠠᠷᠠᠪ ᠵᠡᠷᠬᠡ ᠤᠯᠤᠰ ᠤᠳ ᠤᠨ ᠱᠠᠭᠠᠷᠳᠠᠯᠭ᠎ᠠ ᠶᠢ ᠲᠠᠭᠠᠵᠤ ᠢᠷᠠᠨ ᠲᠠᠢ ᠬᠠᠷᠢᠯᠴᠠᠭ᠎ᠠ ᠪᠡᠨ ᠲᠠᠰᠤᠯᠤᠬᠰᠠᠨ ᠦᠭᠡᠢ ᠬᠠᠷᠢᠨ 8 ᠰᠠᠷ᠎ᠠ ᠳᠤ ᠢᠷᠠᠨ ᠲᠠᠢ ᠭᠠᠳᠠᠭᠠᠳᠤ ᠬᠠᠷᠢᠯᠴᠠᠭ᠎ᠠ ᠪᠠᠨ ᠪᠦᠬᠦ ᠲᠠᠯ᠎ᠠ ᠪᠡᠷ ᠰᠡᠷᠬᠦᠬᠡᠭ᠍ᠰᠡᠨ ᠢᠶᠡᠨ ᠨᠡᠶᠢᠳᠡᠯᠡᠪᠡ᠃ ᠺᠠᠲ᠋ᠠᠷ ᠤᠨ ᠬᠠᠷᠢᠯᠴᠠᠭ᠎ᠠ ᠪᠡᠨ ᠲᠠᠰᠤᠯᠬᠤ ᠦᠢᠮᠡᠬᠡᠨ ᠲᠠᠯᠠᠢ ᠶᠢᠨ ᠪᠤᠯᠤᠩ ᠤᠨ ᠤᠯᠤᠰ ᠤᠨ ᠬᠤᠭᠤᠷᠤᠨᠳᠤ ᠰᠦᠷᠡᠬᠡᠢ ᠬᠠᠭᠠᠴᠠᠯ ᠡᠬᠦᠰᠬᠡᠵᠤ᠂ ᠰᠢᠷᠢᠶ᠎ᠠ ᠶᠢᠨ ᠠᠰᠠᠭᠤᠳᠠᠯ᠂ ᠶᠧᠮᠧᠨ ᠤ ᠲᠤᠳᠤᠭᠠᠳᠤ ᠶᠢᠨ ᠲᠠᠶᠢᠨ᠂ ᠫᠠᠯᠧᠰᠲ᠋ᠠᠶᠢᠨ ᠢᠰᠷᠧᠯ ᠤᠨ ᠮᠦᠷᠬᠦᠯᠳᠦᠬᠡᠨ ᠵᠡᠷᠬᠡ ᠪᠡᠷ ᠲᠤᠮᠳᠠᠳᠤ ᠲᠤᠷᠤᠨᠠᠳᠤ ᠭᠠᠵᠠᠷ ᠤᠷᠤᠨ᠂ ᠠᠮᠧᠷᠢᠺᠠ ᠪᠤᠯᠤᠨ ᠤᠷᠤᠰ ᠤᠨ ᠵᠦᠷᠢᠴᠡᠯ ᠢ ᠲᠤᠰᠬᠠᠵᠤ᠂ ᠰᠠᠦ᠋ᠳᠢ ᠠᠷᠠᠪ ᠪᠤᠯᠤᠨ ᠢᠷᠠᠨ ᠵᠡᠷᠬᠡ ᠭᠠᠵᠠᠷ ᠤᠷᠤᠨ ᠤ ᠤᠯᠤᠰ ᠤᠳ ᠤᠨ ᠬᠤᠭᠤᠷᠤᠨᠳᠤᠬᠢ ᠪᠤᠳᠤᠯᠢᠶᠠᠨᠲᠠᠢ ᠪᠠᠶᠢᠳᠠᠯ ᠢ ᠡᠬᠦᠰᠭᠡᠭ᠍ᠰᠡᠨ ᠪᠠᠶᠢᠨ᠎ᠠ᠃

    ᠲᠦᠷᠪᠡ᠂ ᠭᠠᠳᠠᠭᠠᠳᠤ ᠬᠠᠷᠢᠯᠴᠠᠭᠠᠨ ᠤ ᠪᠠᠶᠢᠯᠳᠤᠭᠠᠨ ᠡᠴᠡ ᠪᠤᠯᠵᠤ ᠠᠮᠧᠷᠢᠺᠠ ᠤᠷᠤᠰ ᠤᠨ ᠬᠠᠷᠢᠯᠴᠠᠭ᠎ᠠ ᠡᠶᠡᠷᠡᠬᠦ ᠳᠤ ᠠᠰᠢᠬ ᠦᠭᠡᠢ ᠪᠠᠶᠢᠨ᠎ᠠ

  

7 ᠰᠠᠷ᠎ᠠ ᠶᠢᠨ 31 ᠤ ᠡᠳᠤᠷ ᠤᠷᠤᠰ ᠤᠨ ᠨᠡᠶᠢᠰᠯᠡᠯ ᠮᠤᠰᠺᠸᠠ ᠳᠤ ᠵᠢᠷᠤᠭᠯᠠᠭᠰᠠᠨ ᠠᠮᠧᠷᠢᠺᠠ ᠶᠢᠨ ᠤᠷᠤᠰ ᠲᠤ ᠰᠠᠭᠤᠭ᠎ᠠ ᠡᠯᠴᠢᠨ ᠤ ᠶᠠᠮᠤᠨ (ᠵᠢᠷᠤᠭ ᠢ ᠰᠢᠨᠬᠤᠸᠠ ᠬᠤᠷᠢᠶ᠎ᠠ ᠶᠢᠨ ᠰᠤᠷᠪᠤᠯᠵᠢᠯᠠᠭᠴᠢ ᠪᠠᠢ ᠰᠢᠤᠸᠠᠢ ᠴᠢ)

    8 ᠰᠠᠷ᠎ᠠ ᠶᠢᠨ 2 ᠤᠨ ᠡᠳᠤᠷ᠂ ᠠᠮᠧᠷᠢᠺᠠ ᠶᠢᠨ ᠶᠡᠷᠦᠩᠬᠡᠶᠢᠯᠡᠭᠴᠢ ᠲᠷᠠᠮᠫ ᠤᠯᠤᠰ ᠤᠨ ᠬᠤᠷᠠᠯ ᠤᠨ ᠬᠤᠶᠠᠷ ᠫᠠᠷᠯᠠᠮᠧᠲ ᠤᠨ ᠵᠤᠩᠬᠢᠯᠠᠬᠤ ᠤᠯᠠᠨ ᠲᠤᠭ᠎ᠠ ᠪᠡᠷ ᠪᠠᠳᠤᠯᠠᠭᠤᠯᠤᠭᠰᠠᠨ ᠤᠷᠤᠰ ᠢ ᠰᠢᠶ᠋ᠳᠬᠡᠬᠦ ᠬᠠᠤᠯᠢ ᠶᠢᠨ ᠲᠦᠰᠦᠯ ᠳᠤ ᠭᠠᠷ ᠤᠨ ᠦᠰᠦᠭ ᠵᠢᠷᠤᠵᠤ᠂ ᠤᠷᠤᠰ ᠤᠨ ᠡᠳ᠋ ᠤᠨ ᠵᠠᠰᠠᠭ ᠲᠤ ᠰᠢᠶ᠋ᠳᠬᠡᠯ ᠦᠵᠡᠬᠦᠯᠬᠦ ᠪᠤᠯᠤᠨ ᠤᠷᠤᠰ ᠡᠰᠡᠷᠬᠦᠴᠡᠬᠦ ᠠᠷᠭ᠎ᠠ ᠬᠡᠮᠵᠢᠶ᠎ᠡ ᠠᠪᠤᠭᠰᠠᠨ ᠬᠡᠵᠤ ᠨᠡᠮᠡᠵᠤ ᠤᠷᠤᠭᠤᠯᠪᠠ᠃ ᠬᠤᠶᠠᠷ ᠲᠠᠯ᠎ᠠ ᠪᠡᠷ ᠢᠶᠡᠨ ᠭᠠᠳᠠᠭᠠᠳᠤ ᠬᠠᠷᠢᠯᠴᠠᠭᠠᠨ ᠤ ᠠᠵᠢᠯᠳᠠᠨ ᠢ ᠬᠦᠬᠡᠬᠡᠵᠤ᠂ ᠭᠠᠳᠠᠭᠠᠳᠤ ᠬᠠᠷᠢᠯᠴᠠᠭᠠᠨ ᠤ ᠪᠠᠶᠢᠭᠤᠯᠤᠮᠵᠢ ᠪᠡᠨ ᠬᠠᠭᠠᠬᠤ᠂ ᠬᠡᠪᠯᠡᠯ ᠮᠡᠳᠡᠬᠡᠯᠡᠯ ᠤᠨ ᠠᠵᠢᠯᠯᠠᠭ᠎ᠠ ᠶᠢᠨ 《 ᠭᠠᠳᠠᠭᠠᠳᠤ ᠬᠠᠷᠢᠯᠴᠠᠭᠠᠨ ᠤ ᠪᠠᠶᠢᠯᠳᠤᠭᠠᠨ》 ᠪᠤᠯᠤᠨ 《 ᠬᠡᠪᠯᠡᠯ ᠮᠡᠳᠡᠬᠡᠯᠡᠯ ᠤᠨ ᠲᠠᠶᠢᠨ》 ᠢ᠋ ᠬᠢᠵᠠᠭᠠᠷᠯᠠᠬᠤ ᠪᠡᠷ ᠱᠠᠭᠠᠷᠳᠠᠵᠠᠢ᠃ 2017 ᠤᠨ ᠳᠤ᠂《 ᠤᠷᠤᠰ ᠲᠤ ᠨᠡᠪᠳᠡᠷᠡᠬᠦ》 ᠵᠡᠷᠬᠡ ᠡᠯᠧᠮᠧᠨ᠋ᠲ᠋ ᠤᠨ ᠨᠦᠯᠦᠬᠡ ᠪᠡᠷ ᠠᠮᠧᠷᠢᠺᠠ ᠤᠷᠤᠰ ᠤᠨ ᠬᠠᠷᠢᠯᠴᠠᠭ᠎ᠠ ᠲᠷᠡᠮᠫ ᠤᠨ ᠶᠡᠷᠦᠩᠬᠡᠶᠢᠯᠡᠭᠴᠢ ᠪᠤᠯᠤᠭᠰᠠᠨ ᠡᠴᠡ ᠪᠤᠯᠵᠤ ᠡᠶᠡᠷᠡᠭᠰᠡᠨ ᠦᠭᠡᠢ᠃ ᠬᠤᠶᠠᠷ ᠤᠯᠤᠰ ᠦᠺᠡᠷᠡᠶᠢᠨ᠂ ᠰᠢᠷᠢᠶ᠎ᠠ ᠵᠡᠷᠬᠡ ᠤᠯᠠᠨ ᠤᠯᠤᠰ ᠤᠨ ᠬᠠᠯᠠᠮᠰᠢᠯ ᠠᠰᠠᠭᠤᠳᠠᠯ ᠤᠨ ᠲᠤᠭᠤᠷᠢᠨ ᠳᠤ ᠰᠢᠷᠦᠬᠦᠨ ᠥᠷᠢᠰᠦᠯᠳᠦᠵᠡᠢ᠃ ᠠᠮᠧᠷᠢᠺᠠ ᠤᠷᠤᠰ ᠤᠨ ᠵᠦᠷᠢᠴᠡᠯ ᠨᠡᠮᠡᠭᠳᠡᠭᠰᠡᠨ ᠡᠴᠡ ᠪᠢᠰᠢ ᠪᠠᠭᠤᠷᠠᠭᠰᠠᠨ ᠦᠭᠡᠢ᠂ ᠬᠤᠶᠠᠷ ᠤᠯᠤᠰ ᠤᠨ ᠬᠠᠷᠢᠯᠴᠠᠭ᠎ᠠ ᠠᠰᠢᠭ ᠦᠭᠡᠢ ᠪᠠᠶᠢᠳᠠᠯ ᠳᠤ ᠪᠠᠶᠢᠨ᠎ᠠ᠃

    ᠲᠠᠪᠤ᠂ ᠰᠤᠯᠤᠩᠭᠤᠰ ᠤᠨ ᠵᠠᠯᠠᠭᠤᠷᠲᠤ ᠰᠤᠮᠤ ᠶᠢᠨ ᠲᠤᠷᠰᠢᠯᠲᠠ ᠰᠤᠯᠤᠩᠭᠤᠰ ᠬᠤᠶᠢᠬ ᠢ ᠪᠠᠴᠢᠮ ᠪᠠᠶᠢᠳᠠᠯ ᠲᠠᠢ ᠪᠤᠯᠭᠠᠵᠠᠢ

    

9 ᠰᠠᠷ᠎ᠠ ᠶᠢᠨ 4 ᠤ ᠡᠳᠦᠷ᠂ ᠨᠢᠦ᠋ ᠶᠤᠷᠺ ᠲᠦ ᠪᠠᠶᠢᠷᠢᠯᠠᠵᠦ ᠪᠤᠢ ᠨᠢᠭᠡᠳᠦᠭᠰᠡᠨ ᠦᠨᠳᠦᠰᠦᠨ ᠤ ᠪᠠᠶᠢᠭᠤᠯᠤᠯᠭ᠎ᠠ ᠶᠢᠨ ᠶᠡᠷᠦᠩᠬᠡᠢ ᠵᠠᠬᠢᠷᠭ᠎ᠠ ᠳᠤ ᠨᠢᠭᠡᠳᠦᠭᠰᠡᠨ ᠦᠨᠳᠦᠰᠦᠨ ᠤ ᠪᠠᠶᠢᠭᠤᠯᠤᠯᠭ᠎ᠠ ᠶᠢᠨ ᠠᠶᠤᠯᠬᠦᠢ ᠶᠢᠨ ᠵᠦᠪᠯᠡᠯ ᠡᠴᠡ ᠰᠤᠯᠤᠩᠭᠤᠰ ᠤᠨ ᠴᠦᠮ᠎ᠡ ᠶᠢᠨ ᠲᠤᠷᠰᠢᠯᠲᠠ ᠶᠢᠨ ᠠᠰᠠᠭᠤᠳᠠᠯ ᠢ ᠬᠢᠨᠠᠨ ᠵᠦᠪᠯᠡᠬᠦ ᠪᠠᠴᠢᠮ ᠬᠤᠷᠠᠯ ᠬᠤᠷᠠᠯᠳᠤᠭᠤᠯᠵᠦ ᠪᠤᠢ᠃ (ᠵᠢᠷᠤᠬ ᠢ ᠰᠢᠨᠬᠤᠧᠠ ᠬᠤᠷᠢᠶᠠᠨ ᠤ ᠰᠤᠷᠪᠤᠯᠵᠢᠯᠠᠬᠴᠢ ᠯᠢ ᠮᠦ ᠽᠢ)

    9 ᠰᠠᠷ᠎ᠠ ᠶᠢᠨ 3 ᠤ ᠡᠳᠦᠷ᠂ ᠰᠤᠯᠤᠩᠭᠤᠰ ᠤᠯᠠᠨ ᠤᠯᠤᠰ ᠤᠨ ᠨᠡᠶᠢᠭᠡᠮ ᠤᠨ ᠬᠦᠴᠦᠲᠡᠢ ᠡᠰᠡᠷᠭᠦᠴᠡᠯ ᠢ ᠬᠠᠶᠢᠬᠤᠷᠤᠯ ᠦᠭᠡᠢ ᠪᠡᠷ ᠵᠢᠷᠭᠤᠳᠤᠬᠢ ᠤᠳᠠᠭᠠᠨ ᠤ ᠵᠠᠯᠠᠭᠤᠷᠲᠤ ᠰᠤᠮᠤ ᠶᠢᠨ ᠲᠤᠷᠰᠢᠯᠲᠠ ᠬᠢᠪᠡ᠃ ᠨᠢᠭᠡᠳᠦᠭᠰᠡᠨ ᠦᠨᠳᠦᠰᠦᠨ ᠤ ᠪᠠᠶᠢᠭᠤᠯᠤᠯᠭ᠎ᠠ ᠶᠢᠨ ᠠᠶᠤᠯᠬᠦᠢ ᠶᠢᠨ ᠵᠦᠪᠯᠡᠯ 9 ᠰᠠᠷ᠎ᠠ ᠶᠢᠨ 11 ᠤ ᠡᠳᠦᠷ 2375 ᠳ᠋ᠤᠭᠠᠷ ᠲᠤᠭᠠᠲᠤ ᠰᠢᠶ᠋ᠳᠪᠦᠷᠢ ᠵᠢ ᠨᠢᠭᠡᠲᠦᠯᠳᠡᠢ ᠪᠠᠲᠤᠯᠠᠵᠦ᠂ ᠰᠤᠯᠤᠩᠭᠤᠰ ᠤᠯᠤᠰ ᠲᠤ ᠰᠢᠨ᠎ᠡ ᠵᠠᠯᠬᠠᠭᠠᠯ ᠦᠭᠬᠦ ᠪᠡᠷ ᠲᠤᠬᠲᠠᠬᠰᠠᠨ ᠪᠠ ᠭᠠᠳᠠᠭᠠᠳᠤ ᠬᠠᠷᠢᠯᠴᠠᠭ᠎ᠠ ᠪᠤᠯᠤᠨ ᠤᠯᠤᠰ ᠲᠦᠷᠦ ᠶᠢᠨ ᠬᠡᠯᠪᠡᠷᠢ ᠪᠡᠷ ᠨᠠᠶᠢᠷᠠᠮᠳᠠᠯ ᠢᠶᠡᠷ ᠠᠰᠠᠭᠤᠳᠠᠯ ᠢ ᠰᠢᠢᠳᠪᠦᠷᠢᠯᠡᠬᠦ ᠵᠢ ᠤᠷᠢᠶᠠᠯᠠᠵᠢ᠃ ᠡᠨᠡ ᠤᠨ ᠳᠤ ᠰᠤᠯᠤᠩᠭᠤᠰ ᠤᠯᠤᠰ ᠠᠶᠤᠯᠬᠦᠢ ᠶᠢᠨ ᠵᠦᠪᠯᠡᠯ ᠤᠨ ᠬᠤᠯᠪᠤᠬᠳᠠᠯ ᠪᠦᠬᠦᠢ ᠰᠢᠢᠳᠪᠦᠷᠢ ᠵᠢ ᠤᠯᠠᠨᠲᠠ ᠵᠦᠷᠢᠴᠡᠵᠦ᠂ ᠰᠤᠮᠤᠨ ᠵᠠᠮᠳᠦ ᠵᠠᠯᠠᠭᠤᠷᠲᠤ ᠰᠤᠮᠤ ᠶᠢᠨ ᠮᠡᠷᠭᠡᠵᠢᠯ ᠢ ᠠᠰᠢᠬᠯᠠᠨ ᠬᠠᠷᠪᠤᠯᠲᠠ ᠶᠠᠪᠤᠭᠤᠯᠵᠠᠢ᠃ ᠺᠤᠷᠢᠶᠠ ᠪᠤᠯᠤᠨ ᠠᠮᠧᠷᠢᠺᠠ《ᠰᠤᠯᠤᠩᠭᠤᠰ ᠤᠨ ᠰᠦᠷᠳᠡᠭᠦᠯᠦᠯ ᠢ ᠠᠷᠭᠠᠴᠠᠬᠤ》ᠪᠡᠷ ᠰᠢᠯᠲᠠᠭᠠᠨ ᠪᠤᠯᠭᠠᠵᠦ᠂ ᠤᠯᠨᠨ ᠤᠳᠠᠭᠠᠨ ᠤ ᠬᠠᠮᠲᠤᠷᠠᠬᠰᠠᠨ ᠴᠡᠷᠢᠭ ᠤᠨ ᠰᠤᠷᠢᠯᠳᠠ ᠵᠤᠬᠢᠶᠠᠨ ᠪᠠᠶᠢᠭᠤᠯᠵᠠᠢ᠂ ᠠᠮᠧᠷᠢᠺᠠ ᠪᠠᠰᠠ ᠰᠤᠯᠤᠩᠭᠤᠰ ᠢ ᠳᠠᠬᠢᠨᠲᠠ 《ᠰᠦᠷᠳᠡᠭᠦᠯᠦᠯ ᠤᠨ ᠦᠵᠡᠯ ᠢ ᠳᠡᠮᠵᠢᠳᠡᠭ ᠤᠯᠤᠰ》   ᠤᠨ ᠨᠡᠷᠡᠰ ᠲᠤ ᠵᠢᠬᠰᠠᠭᠠᠬᠰᠠᠨ ᠪᠠ ᠭᠠᠭᠴᠠᠭᠠᠷ ᠲᠡᠭᠦᠨ ᠳᠤ ᠵᠠᠯᠬᠠᠭᠠᠯ ᠶᠠᠪᠤᠭᠤᠯᠤᠬᠰᠠᠨ ᠪᠠᠶᠢᠨ᠎ᠠ᠃ ᠬᠤᠶᠠᠷ ᠲᠠᠯ᠎ᠠ ᠶᠢᠨ ᠬᠠᠳᠠᠭᠤ ᠵᠤᠬᠰᠤᠯᠲᠠ ᠪᠠ ᠪᠤᠢ ᠪᠦᠬᠦᠢ ᠠᠵᠢᠯᠯᠠᠭ᠎ᠠ ᠨᠢ ᠰᠤᠯᠤᠩᠭᠤᠰ ᠬᠤᠶᠢᠬ ᠪᠤᠯᠤᠨ ᠵᠠᠷᠢᠮ ᠪᠦᠰᠡ ᠵᠢ ᠪᠠᠴᠢᠮ ᠪᠠᠶᠢᠳᠠᠯ ᠳᠤ ᠬᠦᠷᠦᠭᠦᠯᠵᠦ᠂ ᠵᠠᠷᠢᠮ ᠤᠯᠤᠰ ᠤᠷᠤᠨ ᠪᠠ ᠤᠯᠠᠨ ᠤᠯᠤᠰ ᠤᠨ ᠨᠡᠶᠢᠭᠡᠮ ᠢ ᠵᠤᠪᠠᠨᠢᠯ ᠲᠠᠢ ᠪᠤᠯᠭᠠᠵᠠᠢ᠃

    ᠵᠢᠷᠭᠤᠭ᠎ᠠ᠂ ᠠᠷᠠᠨᠴᠢ ᠦᠵᠡᠯ ᠡᠧᠦ᠋ᠷᠦᠫᠡ ᠲᠢᠪ ᠤᠨ ᠤᠯᠤᠰ ᠤᠳ ᠢ ᠶᠡᠬᠡᠪᠡᠷ ᠳᠠᠭᠠᠷᠢᠪᠠ

 

9 ᠰᠠᠷ᠎ᠠ ᠶᠢᠨ 24 ᠤ ᠡᠳᠦᠷ᠂ ᠨᠢᠭᠡ ᠰᠠᠨᠠᠯ ᠦᠭᠭᠦᠭᠴᠢ(ᠵᠡᠭᠦᠨ) ᠭᠧᠷᠮᠠᠨ ᠤ Humboldt-Universität zu Berlin  ᠰᠠᠨᠠᠯ ᠦᠭᠭᠦᠯᠲᠡ ᠶᠢᠨ ᠲᠠᠯᠠᠪᠤᠷ ᠲᠤ ᠰᠠᠨᠠᠯ ᠢᠶᠡᠨ ᠦᠭᠴᠦ ᠪᠤᠢ ᠃ (ᠵᠢᠷᠤᠬ ᠢ ᠰᠢᠨᠬᠤᠸᠠ ᠬᠤᠷᠢᠶᠠᠨ ᠤ ᠰᠤᠷᠪᠤᠯᠵᠢᠯᠠᠬᠴᠢ ᠯᠦᠧᠧ ᠬᠤᠸᠠᠨ ᠬᠤᠸᠠᠨ)

    9 ᠰᠠᠷ᠎ᠠ ᠶᠢᠨ 24 ᠤ ᠡᠳᠦᠷ᠂ ᠭᠧᠷᠮᠠᠨ ᠬᠤᠯᠪᠤᠭᠠᠨ ᠤ ᠵᠦᠪᠯᠡᠯᠭᠡᠨ ᠤ ᠬᠤᠷᠠᠯ ᠤᠨ ᠰᠠᠨᠠᠯ ᠦᠭᠭᠦᠯᠲᠡ ᠵᠤᠬᠢᠶᠠᠨ ᠪᠠᠢᠢᠭᠤᠯᠵᠠᠢ᠃ ᠶᠡᠷᠦᠩᠬᠡᠢ ᠰᠠᠶᠢᠳ ᠮᠧᠷᠺᠧᠯ ᠤᠨ ᠤᠳᠤᠷᠢᠳᠤᠬᠰᠠᠨ ᠬᠤᠯᠪᠤᠭᠠᠨ ᠤ ᠨᠠᠮ ᠢᠯᠡᠯᠲᠠ ᠤᠯᠤᠬᠰᠠᠨ ᠪᠤᠯᠪᠠᠴᠤ ᠰᠠᠨᠠᠯ ᠤᠯᠤᠬᠰᠠᠨ ᠨᠤᠷᠮ᠎ᠠ ᠨᠢ ᠶᠡᠬᠡᠪᠡᠷ ᠲᠤᠷᠤᠬᠰᠢᠯᠠᠬᠰᠠᠨ ᠪᠠᠶᠢᠨ᠎ᠠ᠃ ᠭᠧᠷᠮᠠᠨ ᠤ ᠰᠤᠡᠭᠭᠤᠯᠳᠠ ᠨᠠᠮ ᠰᠤᠭᠤᠷᠠᠨ ᠭᠠᠷᠴᠦ ᠵᠦᠪᠯᠡᠯᠭᠡᠨ ᠤ ᠬᠤᠷᠠᠯ  ᠤᠨ ᠭᠤᠷᠪᠠᠳᠤᠭᠠᠷ ᠲᠤᠮᠤ ᠨᠠᠮ ᠪᠤᠯᠪᠠ᠂ ᠡᠨᠡ ᠨᠢ ᠳᠡᠯᠡᠬᠡᠢ ᠶᠢᠨ ᠬᠤᠶᠠᠳᠤᠭᠠᠷ ᠳᠠᠶᠢᠨ ᠡᠴᠡ ᠨᠠᠰᠢ ᠠᠩᠬ᠎ᠠ ᠤᠳᠠᠭ᠎ᠠ ᠪᠠᠷᠠᠭᠤᠨ ᠤ ᠠᠷᠠᠨᠴᠢ ᠦᠵᠡᠯ ᠤᠨ ᠨᠠᠮ ᠢ ᠬᠤᠯᠪᠤᠭᠠᠨ ᠤ ᠵᠦᠪᠯᠡᠯᠭᠡᠨ ᠤ ᠬᠤᠷᠠᠯ ᠳᠤ ᠤᠷᠤᠭᠤᠯᠤᠬᠰᠠᠨ ᠤᠴᠢᠷ ᠪᠤᠯᠵᠠᠢ᠃ ᠳᠦᠷᠪᠡᠭᠰᠡᠳ ᠤᠨ ᠡᠷᠦᠰᠳᠡᠯ ᠪᠤᠯᠤᠨ ᠠᠵᠦ ᠠᠬᠤᠢ ᠬᠦᠨᠳᠦᠷᠡᠯ ᠲᠠᠢ ᠪᠠᠶᠢᠭ᠎ᠠ ᠦᠶ᠎ᠡ ᠳᠤ ᠨᠡᠶᠢᠭᠡᠮ ᠤᠨ ᠵᠠᠳᠠᠷᠠᠯ ᠬᠡᠴᠡᠭᠦᠳᠡᠵᠦ᠂ ᠤᠯᠤᠰ ᠲᠦᠷᠦ ᠲᠤᠶᠢᠯᠰᠢᠷᠠᠬᠤ ᠦᠵᠡᠭᠳᠡᠯ ᠡᠳᠦᠷ ᠲᠤᠳᠤᠮ ᠢᠯᠡᠳᠲᠡ ᠪᠤᠯᠤᠬᠰᠠᠨ ᠡᠴᠡ ᠤᠯᠠᠮᠵᠢᠯᠠᠯᠠᠲᠤ ᠲᠦᠷᠦ ᠶᠢᠨ ᠨᠠᠮ ᠢᠷᠭᠡᠳ ᠤᠨ ᠢᠲᠡᠭᠡᠯ  ᠢ ᠠᠯᠳᠠᠵᠦ ᠡᠬᠢᠯᠡᠵᠡᠢ᠃ 2017 ᠤᠨ ᠳᠤ ᠪᠤᠯᠤᠬᠰᠠᠨ ᠬᠤᠯᠠᠨᠳ᠋᠂ ᠹᠷᠠᠨᠼᠢ᠂ ᠠᠦ᠋ᠰᠲ᠋ᠷᠢᠶ᠎ᠠ ᠵᠡᠷᠭᠡ ᠤᠯᠤᠰ ᠤᠨ ᠰᠠᠨᠠᠯ ᠦᠭᠭᠦᠯᠲᠡ ᠳᠤ 《ᠡᠧᠦ᠋ᠷᠦᠫᠡ ᠶᠢᠨ ᠬᠤᠯᠪᠤᠭ᠎ᠠ ᠵᠢ ᠡᠰᠡᠷᠭᠦᠴᠡᠵᠦ᠂ ᠢᠷᠭᠡᠳ ᠨᠡᠬᠦᠬᠦ ᠵᠢ ᠡᠰᠡᠷᠭᠦᠴᠡᠭᠰᠡᠨ 》ᠲᠤᠶᠢᠯᠰᠢᠷᠠᠬᠰᠠᠨ ᠠᠷᠠᠨᠴᠢ ᠦᠵᠡᠯ ᠤᠨ ᠲᠦᠷᠦ ᠶᠢᠨ ᠨᠠᠮ ᠲᠤᠬᠢᠶᠠᠯ ᠢ ᠵᠠᠪᠰᠢᠵᠦ ᠤᠯᠠᠮᠵᠢᠯᠠᠯᠲᠤ ᠤᠯᠤᠰ ᠲᠦᠷᠦ ᠶᠢᠨ ᠲᠤᠬᠳᠠᠴᠠ ᠵᠢ ᠶᠡᠬᠡᠪᠡᠷ ᠡᠪᠳᠡᠯᠡᠭᠰᠡᠨ ᠪᠠᠶᠢᠨ᠎ᠠ᠃

    ᠲᠤᠯᠤᠭ᠎ᠠ᠂ ᠠᠯᠠᠨ ᠰᠦᠷᠳᠡᠭᠦᠯᠦᠯᠭᠡ ᠶᠢᠨ ᠠᠵᠢᠯᠯᠠᠭ᠎ᠠ ᠤᠯᠠᠨᠲᠠ ᠡᠭᠦᠰᠴᠦ ᠦᠷᠦᠨᠡᠳᠡᠭᠢᠨ ᠤ ᠨᠡᠶᠢᠭᠡᠮ ᠢ ᠶᠡᠬᠡᠪᠡᠷ ᠦᠢᠮᠡᠭᠦᠯᠪᠡ

  

10 ᠰᠠᠷ᠎ᠠ ᠶᠢᠨ 3 ᠤ ᠡᠳᠦᠷ᠂ ᠠᠮᠧᠷᠢᠺᠠ ᠶᠢᠨ ᠯᠠᠰᠧᠢᠭᠠᠰ ᠲᠦ ᠨᠢᠰᠬᠦ ᠤᠩᠭᠤᠴᠠ ᠴᠤᠩᠬᠤᠨ ᠰᠢᠯ ᠨᠢ ᠬᠠᠭᠠᠷᠠᠬᠰᠠᠨ ᠨᠢᠭᠡ ᠪᠠᠭᠤᠳᠠᠯ ᠤᠨ ᠬᠠᠵᠠᠭᠤ ᠪᠡᠷ ᠨᠢᠰᠦᠨ ᠦᠩᠭᠡᠷᠡᠵᠦ ᠪᠤᠢ᠃ (ᠵᠢᠷᠤᠬ ᠢ ᠰᠢᠨᠬᠤᠸᠠ ᠬᠤᠷᠢᠶᠠᠨ ᠤ ᠰᠤᠷᠪᠤᠯᠵᠢᠯᠠᠬᠴᠢ ᠸᠠᠩ ᠶᠢᠩ)

    10 ᠰᠠᠷ᠎ᠠ ᠶᠢᠨ 1 ᠤ ᠡᠳᠦᠷ᠂ ᠠᠮᠧᠷᠢᠺᠠ ᠶᠢᠨ ᠯᠠᠰᠧᠢᠭᠠᠰ  ᠵᠧᠦ ᠶᠢᠨ ᠨᠢᠭᠡ ᠵᠠᠳᠠᠭᠠᠢ ᠳᠠᠭᠤᠤ ᠬᠦᠭᠵᠢᠮ ᠤᠨ ᠲᠤᠬᠯᠠᠯᠲᠠ ᠳᠡᠭᠡᠷ᠎ᠡ ᠫᠤᠳᠠᠬᠰᠠᠨ ᠬᠡᠷᠡᠭ ᠭᠠᠷᠴᠦ᠂ 59 ᠬᠦᠮᠦᠨ ᠡᠨᠳᠡᠵᠦ᠂ 527 ᠬᠦᠮᠦᠨ ᠰᠢᠷᠬᠠᠳᠤᠭᠠᠳ ᠠᠮᠧᠷᠢᠺᠠ ᠶᠢᠨ ᠤᠶᠢᠷ᠎ᠠ ᠦᠶ᠎ᠡ ᠶᠢᠨ ᠲᠡᠦᠬᠡᠨ ᠳᠡᠬᠢ ᠬᠠᠮᠤᠬ ᠤᠨ ᠬᠠᠷᠠᠰᠠᠯᠲᠤ ᠠᠯᠠᠨ ᠰᠦᠷᠳᠡᠭᠦᠯᠭᠡ ᠶᠢᠨ ᠠᠵᠢᠯᠠᠯᠭ᠎ᠠ ᠪᠤᠯᠵᠠᠢ᠃ ᠡᠨᠡ ᠨᠢ ᠠᠮᠧᠷᠢᠺᠠ ᠶᠢᠨ ᠫᠤᠤ ᠰᠤᠮᠤ ᠵᠠᠮᠪᠠᠷᠠᠭ᠎ᠠ ᠦᠭᠡᠢ ᠤᠷᠤᠰᠢᠵᠦ ᠡᠵᠡᠮᠳᠡᠬᠦ ᠳᠤ ᠲᠦᠪᠡᠭ᠌ ᠲᠠᠢ ᠪᠠᠶᠢᠭ᠎ᠠ᠂ ᠬᠦᠴᠦᠷᠬᠡᠭᠯᠡᠯ ᠤᠨ ᠰᠤᠶᠤᠯ ᠬᠦᠨ ᠨᠡᠪᠴᠢᠭᠰᠡᠨ ᠪᠠ ᠠᠩᠬᠢ ᠳᠠᠪᠬᠤᠷᠭ᠎ᠠ ᠤᠯᠠᠮ ᠵᠠᠳᠠᠷᠠᠵᠦ ᠪᠠᠶᠢᠭ᠎ᠠ ᠵᠡᠷᠭᠡ ᠦᠷᠦᠨᠡᠳᠠᠬᠢᠨ ᠤ ᠨᠡᠶᠢᠭᠡᠮ ᠤᠨ ᠠᠷᠬᠠᠬ ᠢ ᠲᠤᠰᠬᠠᠵᠠᠢ᠃ 2017 ᠤᠨ ᠳᠤ ᠠᠮᠧᠷᠢᠺᠠ ᠳ᠋ᠤ ᠬᠦᠨᠳᠤ ᠬᠡᠴᠡᠭᠦᠦ ᠫᠤᠤᠳᠠᠯᠭ᠎ᠠ ᠶᠢᠨ ᠬᠡᠷᠡᠭ 300 ᠭᠠᠷᠤᠢ ᠡᠭᠦᠰᠴᠦ᠂ ᠡᠧᠦ᠋ᠷᠤᠫᠡ ᠤᠨ ᠮᠠᠨᠴᠧᠰᠲ᠋ᠧᠷ ᠲᠠᠮᠢᠷ ᠤᠨ ᠲᠠᠯᠠᠪᠠᠢ ᠵᠢ ᠲᠡᠯᠪᠡᠴᠢᠭᠰᠡᠨ ᠬᠡᠷᠡᠭ᠂ ᠫᠠᠷᠢᠰ ᠤᠨ Avenue des Champs – Elysées ᠫᠤᠤᠳᠠᠯᠭ᠎ᠠ ᠶᠢᠨ ᠬᠡᠷᠡᠭ᠂ ᠪᠠᠷᠰᠧᠯᠤᠨᠠ ᠶᠢᠨ ᠪᠠᠷᠠᠭᠠᠨ ᠤ ᠲᠡᠷᠭᠡ ᠬᠦᠮᠦᠨ ᠲᠠᠭᠠᠷᠢᠬᠰᠠᠨ ᠬᠡᠷᠡᠭ ᠵᠡᠷᠭᠡ ᠠᠯᠠᠨ ᠰᠦᠷᠳᠡᠭᠦᠯᠤᠯᠭᠡ ᠶᠢᠨ ᠠᠵᠢᠯᠯᠠᠭ᠎ᠠ ᠤᠯᠠᠨᠲᠠ ᠡᠭᠦᠰᠴᠡᠢ᠃ ᠠᠦ᠋ᠰᠲ᠋ᠷᠠᠯᠢᠶ᠎ᠠ ᠶᠢᠨ ᠠᠵᠦ ᠠᠬᠤᠢ ᠪᠤᠯᠤᠨ ᠡᠩᠬᠡ ᠲᠠᠶᠢᠪᠤᠩ ᠤᠨ ᠰᠤᠳᠤᠯᠭᠠᠨ ᠤ ᠭᠠᠵᠠᠷ ᠤᠨ ᠲᠠᠶᠢᠯᠤᠨ ᠤ ᠲᠠᠭᠠᠮᠠᠬᠯᠠᠬᠤ ᠪᠡᠷ 2017 ᠤᠨ ᠳᠤ ᠡᠧᠦ᠋ᠷᠦᠫᠡ᠂ ᠠᠮᠧᠷᠢᠺᠠ ᠵᠡᠷᠭᠡ ᠬᠦᠭᠵᠢᠭᠰᠡᠨ ᠤᠯᠤᠰ ᠤᠳ ᠤᠨ ᠠᠯᠠᠨ ᠰᠦᠷᠳᠡᠭᠦᠯᠦᠯᠭᠡ ᠡᠴᠡ ᠪᠤᠯᠵᠦ ᠡᠨᠳᠡᠭᠰᠡᠨ ᠬᠦᠮᠦᠨ ᠤ ᠲᠤᠭ᠎ᠠ 16 ᠵᠢᠯ ᠤᠨ ᠲᠤᠷᠰᠢ ᠬᠠᠮᠤᠬ ᠤᠨ ᠦᠨᠳᠦᠷ ᠲᠤ ᠬᠦᠷᠴᠡᠢ ᠃

    ᠨᠠᠶ᠋ᠮᠠ᠂ ᠳᠡᠯᠡᠬᠡᠢ ᠶᠢᠨ ᠡᠳ᠋ ᠤᠨ ᠵᠠᠰᠠᠭ ᠤᠨ ᠵᠡᠷᠭᠡᠪᠡᠷ ᠰᠡᠷᠭᠦᠭᠦ ᠪᠠᠶᠢᠳᠠᠯ ᠳᠤᠪᠤᠶᠢᠮ᠎ᠠ

5 ᠰᠠᠷ᠎ᠠ ᠶᠢᠨ 28 ᠤ ᠡᠳᠦᠷ ᠳᠤᠮᠳᠠᠳᠤ ᠤᠯᠤᠰ ᠤᠨ ᠰᠢᠶᠠᠮᠧᠨ ᠳᠡᠬᠢ ᠬᠠᠢ ᠼᠠᠩ ᠤᠨ ᠰᠦᠩ ᠢᠥᠢ ᠭᠠᠷᠠᠮ ᠳᠤ ᠤᠯᠠᠨ ᠤᠯᠤᠰ ᠤᠨ ᠰᠢᠩᠭᠡᠯᠢᠭ᠍ᠲᠤ ᠪᠠᠷᠠᠭᠠᠨ ᠤ ᠨᠢᠬᠡᠨ ᠤᠩᠭ᠋ᠤᠴᠠ ᠪᠠᠷᠠᠭ᠎ᠠ ᠪᠡᠨ ᠪᠠᠭᠤᠯᠭᠠᠵᠤ ᠪᠠᠶᠢᠨ᠎ᠠ᠃ (ᠵᠢᠷᠤᠭ ᠢ ᠰᠢᠨᠬᠤᠧᠠ ᠬᠤᠷᠢᠶ᠎ᠠ ᠶᠢᠨ ᠰᠤᠷᠪᠤᠯᠵᠢᠯᠠᠬᠴᠢ ᠵᠢᠶᠠᠩ ᠺᠧ ᠾᠦᠩ)

    10 ᠰᠠᠷ᠎ᠠ ᠶᠢᠨ 10 ᠤ ᠡᠳᠦᠷ᠂ ᠤᠯᠠᠨ ᠤᠯᠤᠰ ᠤᠨ ᠮᠦᠩᠬᠦᠨ ᠤ ᠹᠤᠨᠳ᠋ ᠤᠨ ᠪᠠᠶᠢᠭᠤᠯᠤᠯᠭ᠎ᠠ 2017 ᠤᠨ ᠪᠠ 2018 ᠤᠨ ᠤ ᠳᠡᠯᠡᠬᠡᠢ ᠶᠢᠨ ᠡᠳ᠋ ᠤᠨ ᠵᠠᠰᠠᠭ ᠤᠨ ᠨᠡᠮᠡᠭᠳᠡᠴᠡ ᠶᠢᠨ ᠵᠢᠱᠢᠯᠲᠠ ᠶᠢ ᠲᠤᠰᠪᠤᠷᠢ 3.6 % ᠪᠤᠯᠤᠨ 3.7% ᠪᠤᠯᠭᠠᠨ ᠨᠡᠮᠡᠭᠳᠡᠭᠦᠯᠪᠡ᠂ ᠡᠨᠡ ᠨᠢ ᠦᠩᠭᠡᠷᠡᠭᠰᠡᠨ ᠵᠢᠯ ᠤᠨ 3.2% ᠡᠴᠡ ᠮᠡᠳᠡᠭᠳᠡᠮ᠎ᠠ ᠦᠨᠳᠦᠷ ᠪᠤᠯᠤᠭᠰᠠᠨ ᠪᠠᠶᠢᠨ᠎ᠠ᠃ ᠡᠬᠦᠨ ᠤ ᠵᠡᠷᠭᠡᠴᠡᠭᠡ᠂ 2017 ᠤᠨ ᠤ ᠳᠡᠯᠡᠬᠡᠢ ᠳᠠᠶᠠᠭᠠᠷ ᠤᠨ 75% ᠶ᠋ᠢᠨ ᠡᠳ᠋ ᠤᠨ ᠵᠠᠰᠠᠭ ᠤᠨ ᠴᠤᠬᠴᠠ ᠶᠢᠨ ᠨᠡᠮᠡᠭᠳᠡᠯ ᠲᠦᠷᠭᠡᠨ ᠪᠤᠯᠤᠭᠰᠠᠨ ᠬᠡᠵᠤ ᠪᠠᠷᠤᠬᠴᠠᠭᠠᠯᠠᠪᠠ᠃ ᠡᠨᠡ ᠨᠢ ᠳᠡᠯᠡᠬᠡᠢ ᠶᠢᠨ ᠡᠳ᠋ ᠤᠨ ᠵᠠᠰᠠᠭ  ᠤᠶᠢᠷ᠎ᠠ ᠶᠢᠨ 10 ᠵᠢᠯ ᠳ᠋ᠡᠬᠢ ᠬᠠᠮᠤᠭ ᠤᠨ ᠶᠡᠬᠡ ᠬᠡᠪᠴᠢᠶ᠎ᠠ ᠪᠡᠷ ᠨᠡᠮᠡᠭᠳᠡᠴᠡ ᠨᠢ ᠬᠤᠷᠳᠤᠰᠤᠬᠰᠠᠨ ᠶᠠᠪᠤᠳᠠᠯ ᠪᠤᠯᠬᠤ ᠪᠦᠬᠡᠳ ᠭᠤᠤᠯ ᠡᠳ᠋ ᠤᠨ ᠵᠠᠰᠠᠭ ᠤᠨ ᠴᠤᠬᠴᠠ ᠶᠢᠨ ᠰᠡᠷᠭᠦᠯᠲᠡ 《ᠵᠠᠳᠠᠷᠠᠯ》 ᠡᠴᠡ《ᠵᠡᠷᠭᠡᠴᠡᠯ》ᠪᠤᠯᠵᠤ ᠬᠤᠪᠢᠷᠠᠨ᠂ ᠰᠢᠨ᠎ᠠ ᠪᠡᠷ ᠬᠦᠭ᠍ᠵᠢᠬᠦ ᠡᠳ᠋ ᠤᠨ ᠵᠠᠰᠠᠭ ᠤᠨ ᠴᠤᠬᠴᠠ ᠶᠢᠨ ᠰᠡᠷᠭᠦᠯᠳᠡ ᠨᠡᠩ ᠳᠤᠪᠤᠶᠢᠮ᠎ᠠ ᠮᠦᠷᠲᠡᠬᠡᠨ ᠲᠡᠩᠴᠡᠪᠦᠷᠢᠲᠠᠢ ᠪᠣᠯᠵᠡᠢ᠃

    ᠶᠢᠰᠦ᠂ ᠲᠤᠮᠲᠠᠲᠤ ᠤᠯᠤᠰ ᠤᠨ ᠡᠪ ᠬᠠᠮᠲᠤ ᠨᠠᠮ ᠤᠨ ᠠᠷᠪᠠ ᠶᠢᠰᠦᠲᠦᠭᠡᠷ ᠤᠲᠠᠭᠠᠨ ᠤ ᠪᠦᠬᠦ ᠤᠯᠤᠰ ᠤᠨ ᠲᠦᠯᠦᠭᠡᠯᠡᠭᠴᠢᠳ ᠤᠨ ᠶᠡᠬᠡ ᠬᠤᠷᠠᠯ ᠳᠡᠯᠡᠬᠡᠢ ᠳᠤ ᠶᠡᠬᠡ ᠨᠥᠯᠦᠭᠡ ᠦᠵᠡᠭᠦᠯᠪᠡ

   

10 ᠰᠠᠷ᠎ᠠ ᠶᠢᠨ 18 ᠤ ᠡᠳᠦᠷ᠂ ᠲᠤᠮᠲᠠᠲᠤ ᠤᠯᠤᠰ ᠤᠨ ᠡᠪ ᠬᠠᠮᠲᠤ ᠨᠠᠮ ᠤᠨ ᠠᠷᠪᠠ ᠶᠢᠰᠦᠲᠦᠭᠡᠷ ᠤᠲᠠᠭᠠᠨ ᠤ ᠪᠦᠬᠦ ᠤᠯᠤᠰ ᠤᠨ ᠲᠦᠯᠦᠭᠡᠯᠡᠭᠴᠢᠳ ᠤᠨ ᠶᠡᠬᠡ ᠬᠤᠷᠠᠯ ᠪᠡᠭᠡᠵᠢᠩ ᠤᠨ ᠠᠷᠠᠳ ᠤᠨ ᠶᠡᠬᠡ ᠬᠤᠷᠠᠯ ᠤᠨ ᠲᠠᠩᠬᠢᠮ ᠳᠤ ᠨᠡᠬᠡᠬᠡᠯᠲᠠ ᠪᠡᠨ ᠬᠢᠪᠡ᠃ (ᠵᠢᠷᠤᠭ ᠢ ᠰᠢᠨᠬᠤᠧᠠ ᠬᠤᠷᠢᠶ᠎ᠠ ᠶᠢᠨ ᠰᠤᠷᠪᠤᠯᠵᠢᠯᠠᠬᠴᠢ ᠯᠢ ᠲᠤᠤ)

    10 ᠰᠠᠷ᠎ᠠ ᠶᠢᠨ 18  ᠤ ᠡᠳᠦᠷ ᠡᠴᠡ 24 ᠤ ᠡᠳᠦᠷ ᠪᠤᠯᠲᠠᠯ᠎ᠠ᠂ ᠲᠤᠮᠲᠠᠲᠤ ᠤᠯᠤᠰ ᠤᠨ ᠡᠪ ᠬᠠᠮᠲᠤ ᠨᠠᠮ ᠤᠨ ᠠᠷᠪᠠ ᠶᠢᠰᠦᠲᠦᠭᠡᠷ ᠤᠲᠠᠭᠠᠨ ᠤ ᠪᠦᠬᠦ ᠤᠯᠤᠰ ᠤᠨ ᠲᠦᠯᠦᠭᠡᠯᠡᠭᠴᠢᠳ ᠤᠨ ᠶᠡᠬᠡ ᠬᠤᠷᠠᠯ ᠠᠮᠵᠢᠯᠲᠠ ᠲᠠᠢ ᠬᠤᠷᠠᠯᠳᠤᠭᠠᠳ ᠰᠢ ᠵᠢᠨ ᠫᠢᠩ ᠤᠨ ᠰᠢᠨ᠎ᠡ ᠴᠠᠭ ᠦᠶ᠎ᠠ ᠳ᠋ᠡᠬᠢ ᠲᠤᠮᠲᠠᠲᠤ ᠤᠯᠤᠰ ᠤᠨ ᠤᠨᠴᠠᠯᠢᠭᠲᠤ ᠨᠡᠶᠢᠭᠡᠮ ᠵᠢᠷᠦᠮ ᠤᠨ ᠦᠵᠠᠯ ᠰᠠᠨᠠᠭ᠎ᠠ ᠶᠢ ᠪᠠᠶᠢᠭᠤᠯᠵᠤ᠂ ᠲᠤᠮᠲᠠᠲᠤ ᠤᠯᠤᠰ ᠤᠨ ᠤᠨᠴᠠᠯᠢᠭᠲᠤ ᠨᠡᠶᠢᠭᠡᠮ ᠵᠢᠷᠦᠮ ᠤᠨ ᠠᠵᠢᠯ ᠥᠢᠯᠡᠰ ᠤᠨ ᠰᠢᠨ᠎ᠠ ᠠᠶᠠᠨ ᠢ ᠡᠬᠢᠯᠡᠭᠦᠯᠦᠭᠰᠡᠨ ᠪᠠᠶᠢᠨ᠎ᠠ᠃ ᠳᠤᠮᠳᠠᠳᠤ ᠤᠯᠤᠰ ᠤᠨ ᠰᠢᠨ᠎ᠠ ᠴᠠᠭ ᠦᠶ᠎ᠠ ᠨᠢ ᠮᠦᠨ ᠴᠤ ᠳᠡᠯᠡᠬᠡᠢ ᠶᠢᠨ ᠰᠢᠨ᠎ᠠ ᠲᠤᠬᠢᠶᠠᠯ ᠶᠤᠮ ᠬᠡᠵᠤ ᠤᠯᠠᠨ ᠤᠯᠤᠰ ᠤᠨ ᠨᠡᠶᠢᠬᠡᠮ ᠡᠴᠡ ᠵᠢᠭᠠᠵᠤ ᠭᠠᠷᠭᠠᠬᠤ ᠶᠢᠨ ᠳᠠᠭᠠᠤ ᠳᠡᠭᠡᠲᠤ ᠬᠡᠮᠵᠢᠶ᠎ᠠ ᠪᠡᠷ ᠠᠩᠬᠠᠷᠴᠤ ᠡᠬᠢᠯᠡᠵᠡᠢ᠃ ᠨᠠᠮ ᠤᠨ ᠠᠷᠪᠠ ᠶᠢᠰᠦᠳᠦᠭᠡᠷ ᠶᠡᠬᠡ ᠬᠤᠷᠠᠯ ᠤᠨ ᠢᠯᠡᠳᠭᠡᠯ ᠳᠤ᠂ ᠳᠤᠮᠳᠠᠳᠤ ᠤᠯᠤᠰ ᠨᠠᠶᠢᠷᠠᠮᠳᠠᠯ᠂ ᠬᠦᠭ᠍ᠵᠢᠯᠲᠠ᠂ ᠬᠠᠮᠳᠤᠷᠠᠨ ᠠᠵᠢᠯᠯᠠᠬᠤ᠂ ᠬᠠᠮᠲᠤ ᠪᠡᠷ ᠳᠠᠪᠰᠢᠬᠤ ᠲᠤᠭ ᠢ ᠦᠨᠳᠤᠷ ᠮᠠᠨᠳᠤᠭᠤᠯᠵᠥ᠂ ᠰᠢᠨ᠎ᠠ ᠮᠠᠶ᠊ᠢᠭ ᠤᠨ ᠤᠯᠠᠨ ᠤᠯᠤᠰ ᠤᠨ ᠬᠠᠷᠢᠯᠴᠠᠭ᠎ᠠ ᠶᠢ ᠪᠠᠶᠢᠭᠤᠯᠬᠤ ᠪᠠ ᠬᠦᠮᠦᠨ ᠲᠦᠷᠦᠯᠬᠢᠲᠠᠨ ᠤ ᠬᠤᠪᠢ ᠲᠠᠪᠢᠯᠠᠩ ᠤᠨ ᠬᠠᠮᠲᠤ ᠶᠢᠨ ᠴᠤᠬᠴᠠ ᠶᠢ ᠪᠠᠶᠢᠭᠤᠯᠬᠤ ᠶᠢ ᠠᠬᠢᠭᠤᠯᠤᠨ᠎ᠠ ᠬᠡᠵᠤ ᠵᠢᠭᠠᠵᠤ ᠭᠠᠷᠭᠠᠬᠰᠠᠨ ᠪᠠᠶᠢᠨ᠎ᠠ᠃ ᠭᠠᠳᠠᠭᠠᠲᠤ ᠶᠢᠨ ᠰᠠᠨᠠᠭ᠎ᠠ ᠪᠤᠳᠤᠯ ᠳᠤ᠂ ᠨᠠᠮ ᠤᠨ ᠠᠷᠪᠠ ᠶᠢᠰᠦᠳᠦᠭᠡᠷ ᠶᠡᠬᠡ ᠬᠤᠷᠠᠯ ᠪᠤᠯ ᠨᠢᠬᠡ ᠤᠳᠠᠭᠠᠨ ᠤ 《ᠳᠡᠯᠡᠬᠡᠢ ᠶᠢᠨ ᠭᠠᠵᠠᠷ ᠤᠨ ᠵᠢᠷᠤᠭ ᠤᠨ ᠡᠮᠦᠨ᠎ᠠ ᠵᠤᠬᠰᠤᠵᠤ》ᠳᠡᠯᠡᠬᠡᠢ ᠶᠢᠨ ᠨᠠᠶᠢᠷᠠᠮᠳᠠᠯ ᠢ ᠬᠠᠮᠠᠭᠠᠯᠠᠬᠤ ᠪᠠ ᠬᠠᠮᠲᠤ ᠪᠡᠷ ᠬᠦᠭ᠍ᠵᠢᠬᠦ ᠶᠢ ᠠᠬᠢᠭᠤᠯᠬᠤ ᠶᠢ ᠲᠦᠰᠦᠪᠯᠡᠭᠰᠡᠨ《ᠳᠡᠯᠡᠬᠡᠢ ᠳᠠᠶᠠᠭᠠᠷ ᠤᠨ ᠴᠢᠨᠠᠷᠲᠠᠢ》ᠶᠡᠬᠡ ᠬᠤᠷᠠᠯ ᠪᠤᠯᠬᠤ ᠪᠦᠬᠡᠳ ᠳᠤᠮᠳᠠᠳᠤ ᠤᠯᠤᠰ ᠨᠢ  ᠮᠠᠰᠢ ᠤᠯᠠᠨ ᠦᠷᠢᠰᠦᠯᠳᠦᠬᠡᠨ ᠳᠤ ᠤᠴᠠᠷᠠᠵᠤ ᠪᠠᠶᠢᠭ᠎ᠠ ᠥᠨᠥ ᠶᠢᠨ ᠳᠡᠯᠡᠬᠡᠢ ᠳᠤ 《ᠨᠢᠬᠡ ᠲᠦᠯᠬᠢᠬᠦᠷ ᠬᠠᠩ᠋ᠭᠠᠬᠤ》 ᠶ᠋ᠢᠨ ᠬᠠᠮᠲᠤ 《ᠬᠦᠮᠦᠨ ᠲᠦᠷᠦᠯᠬᠢᠲᠠᠨ ᠤ ᠤᠳᠬᠤ ᠬᠠᠨᠳᠤᠰᠢ》 ᠳ᠋ᠤ ᠳᠤᠮᠳᠠᠳᠤ ᠶᠢᠨ ᠬᠠᠷᠢᠭᠤᠯᠲᠠ ᠦᠭ᠍ᠴᠤ᠂ ᠳᠡᠯᠡᠬᠡᠢ ᠳᠠᠶᠠᠭᠠᠷ ᠤᠨ ᠵᠠᠰᠠᠨ ᠴᠡᠭᠴᠡᠯᠡᠬᠦ ᠲᠤᠬᠲᠠᠯᠴᠠᠭ᠎ᠠ ᠶᠢ ᠲᠡᠭᠦᠯᠳᠡᠷᠵᠢᠭᠦᠯᠬᠦ ᠳᠤ ᠳᠤᠮᠳᠠᠳᠤ ᠶᠢᠨ ᠤᠶᠤᠨ ᠤᠬᠠᠭᠠᠨ ᠢᠶᠡᠨ ᠨᠡᠮᠡᠷᠢᠯᠡᠭᠰᠡᠨ ᠪᠠᠶᠢᠨ᠎ᠠ᠃

    ᠠᠷᠪᠠ᠂《ᠢᠰᠯᠠᠮ ᠤᠨ ᠤᠯᠤᠰ》 ᠤᠨ ᠳᠤᠮᠳᠠ ᠵᠡᠬᠦᠨ ᠬᠡᠰᠡᠭ ᠪᠤᠳᠠ ᠴᠤᠬᠢᠭᠳᠠᠪᠠ

  

11 ᠰᠠᠷ᠎ᠠ ᠶᠢᠨ 10 ᠤ ᠡᠳᠦᠷ᠂ ᠰᠢᠷᠢᠶ᠎ᠠ ᠶᠢᠨ ᠵᠠᠰᠠᠭ ᠤᠨ ᠭᠠᠵᠠᠷ ᠤᠨ ᠴᠡᠷᠢᠭ 《ᠢᠰᠯᠠᠮ ᠤᠨ ᠤᠯᠤᠰ》 ᠢ᠋ᠶᠡᠷ ᠬᠠᠷᠠᠯᠲᠠ ᠪᠤᠯᠭᠠᠵᠤ ᠴᠡᠷᠢᠭ ᠳᠠᠶᠢᠨ ᠤ ᠴᠣᠬᠢᠯᠲᠠ ᠥᠭ᠍ᠪᠡ (ᠵᠢᠷᠤᠭ ᠢ ᠠᠮᠠᠧᠷ)

    11 ᠰᠠᠷ᠎ᠠ ᠶᠢᠨ 19 ᠤ ᠡᠳᠦᠷ ᠪᠤᠯᠤᠨ 12 ᠰᠠᠷ᠎ᠠ ᠶᠢᠨ 9 ᠤ᠋ ᠡᠳᠦᠷ ᠰᠢᠷᠢᠶ᠎ᠠ ᠪᠤᠯᠤᠨ ᠢᠷᠠᠺ ᠤᠨ ᠵᠠᠰᠠᠭ ᠤᠨ ᠭᠠᠵᠠᠷ ᠤᠷᠢᠳ ᠬᠣᠵᠢᠳ ᠲᠠᠪᠠᠷᠠᠮᠠᠲᠠᠭᠠᠢ ᠪᠦᠯᠦᠭᠲᠡᠨ《ᠢᠰᠯᠠᠮ ᠤᠨ ᠤᠯᠤᠰ》 ᠤ᠋ᠨ ᠨᠡᠯᠢᠶᠡᠳ ᠶᠡᠬᠡ ᠡᠷᠭᠡᠰᠢᠶᠠᠯ ᠤᠨ ᠬᠡᠰᠡᠭ ᠢ ᠤᠰᠠᠳᠬᠠᠭᠰᠠᠨ ᠢᠶᠡᠨ ᠵᠠᠷᠯᠠᠪᠠ᠃ ᠭᠡᠪᠡᠴᠤ 《ᠢᠰᠯᠠᠮ ᠤᠨ ᠤᠯᠤᠰ》 ᠤ᠋ᠨ ᠰᠦᠷ ᠬᠦᠴᠦᠨ ᠪᠦᠷᠢᠮᠦᠰᠦᠨ ᠤᠰᠤᠳᠤᠭᠠᠳᠤᠢ᠂ ᠤᠯᠠᠨ ᠤᠯᠤᠰ ᠤᠨ ᠵᠠᠨᠳᠡᠯᠴᠢᠳ ᠢ ᠡᠰᠡᠷᠭᠦᠴᠡᠬᠦ ᠡᠭᠦᠷᠬᠡ ᠮᠦᠨ ᠴᠤ ᠬᠦᠨᠳᠤ ᠪᠡᠷᠭᠡ ᠪᠠᠶᠢᠬᠰᠠᠭᠠᠷ ᠶᠤᠮ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122202801