蒙古文网站Logo
ᠰᠢᠨᠬᠤᠸᠠ ᠮᠤᠩᠭ᠋ᠤᠯ ᠨᠧᠲ

ᠲᠦᠪ ᠤᠨ ᠴᠡᠷᠢᠭ ᠤᠨ ᠶᠠᠪᠤᠲᠠᠯ ᠤᠨ ᠬᠤᠷᠢᠶ᠎ᠠ ᠡᠴᠡ 《ᠴᠡᠷᠢᠭ ᠠᠩᠬᠢ ᠶᠢᠨ ᠢᠨᠲ᠋ᠧᠷᠨᠧᠲ ᠰᠢᠨ᠎ᠡ ᠬᠡᠪᠯᠡᠯ ᠮᠡᠲᠡᠭᠡᠯᠡᠯ ᠤᠨ ᠬᠠᠮᠢᠶᠠᠷᠤᠯᠲᠠ ᠶᠢᠨ ᠲᠤᠭᠲᠠᠭᠠᠯ》 ᠢ ᠲᠠᠷᠤᠮᠠᠯᠯᠠᠨ ᠲᠠᠷᠬᠠᠭᠠᠪᠠ

2018-01-07 13:55

    ᠰᠢᠨᠬᠤᠧᠠ ᠬᠤᠷᠢᠶ᠎ᠠ   ᠪᠡᠭᠡᠵᠢᠩ ᠤᠨ 1 ᠰᠠᠷ᠎ᠠ ᠶᠢᠨ 6 ᠤ ᠡᠲᠦᠷ ᠤᠨ ᠴᠠᠬᠢᠯᠭᠠᠨ ᠮᠡᠲᠡᠭᠡ   ᠰᠡᠬᠦᠯ ᠤᠨ ᠦᠶ᠎ᠠ ᠳ᠋ᠤ ᠲᠦᠪ ᠤᠨ ᠴᠡᠷᠢᠭ ᠤᠨ ᠶᠠᠪᠤᠲᠠᠯ ᠤᠨ ᠬᠤᠷᠢᠶ᠎ᠠ ᠡᠴᠡ 《ᠴᠡᠷᠢᠭ ᠠᠩᠬᠢ ᠶᠢᠨ ᠢᠨᠲ᠋ᠧᠷᠨᠧᠲ ᠰᠢᠨ᠎ᠡ ᠬᠡᠪᠯᠡᠯ ᠮᠡᠲᠡᠭᠡᠯᠡᠯ ᠤᠨ ᠬᠠᠮᠢᠶᠠᠷᠤᠯᠲᠠ ᠶᠢᠨ ᠲᠤᠭᠲᠠᠭᠠᠯ》 ᠢ ᠲᠠᠷᠤᠮᠠᠯᠯᠠᠨ ᠲᠠᠷᠬᠠᠭᠠᠪᠠ᠂ ᠡᠨᠡᠬᠦ 《ᠲᠤᠭᠲᠠᠭᠠᠯ》 ᠢ 2018 ᠤᠨ ᠤ 2 ᠰᠠᠷ᠎ᠠ ᠶᠢᠨ 1 ᠤ ᠡᠲᠦᠷ ᠡᠴᠡ ᠡᠬᠢᠯᠡᠨ ᠬᠡᠷᠡᠭᠵᠢᠬᠦᠯᠬᠦ ᠪᠤᠯᠤᠨ᠎ᠠ᠃

    《ᠲᠤᠭᠲᠠᠭᠠᠯ》   ᠨᠢ ᠨᠠᠮ ᠤᠨ ᠠᠷᠪᠠ ᠶᠢᠰᠦᠲᠦᠭᠡᠷ ᠶᠡᠬᠡ ᠬᠤᠷᠠᠯ ᠤᠨ ᠵᠤᠷᠢᠭ ᠰᠠᠨᠠᠭ᠎ᠠ ᠶᠢ ᠬᠦᠨᠵᠡᠭᠡᠢ ᠲᠤᠤᠱᠯᠠᠭᠤᠯᠵᠤ ᠴᠡᠷᠢᠭ ᠠᠩᠬᠢ ᠶᠢᠨ ᠢᠨᠲ᠋ᠧᠷᠨᠧᠲ ᠰᠢᠨ᠎ᠡ ᠬᠡᠪᠯᠡᠯ ᠮᠡᠲᠡᠭᠡᠯᠡᠯ ᠤᠨ ᠬᠠᠮᠢᠶᠠᠷᠤᠯᠲᠠ ᠶᠢᠨ ᠦᠨᠳᠦᠰᠦᠨ ᠵᠠᠷᠴᠢᠮ ᠬᠢᠭᠡᠳ ᠶᠡᠷᠦᠩᠬᠡᠢ ᠱᠠᠭᠠᠷᠲᠠᠯᠭ᠎ᠠ ᠶᠢ ᠲᠤᠲᠤᠷᠬᠠᠶᠢᠯᠠᠵᠤ᠂ ᠴᠡᠷᠢᠭ ᠠᠩᠬᠢ ᠳ᠋ᠤ ᠢᠨᠲ᠋ᠧᠷᠨᠧᠲ ᠰᠢᠨ᠎ᠡ ᠬᠡᠪᠯᠡᠯ ᠮᠡᠲᠡᠭᠡᠯᠡᠯ ᠤᠨ ᠡᠬᠢ ᠪᠠᠶᠠᠯᠢᠭ ᠢ ᠤᠷᠤᠭᠤᠯᠬᠤ᠂ ᠬᠢᠨᠠᠨ ᠵᠦᠪᠰᠢᠶᠡᠷᠡᠬᠦ᠂ ᠲᠠᠩᠰᠠᠯᠠᠭᠤᠯᠬᠤ᠂ ᠲᠠᠮᠵᠢᠭᠤᠯᠭ᠎ᠠ᠂ ᠪᠦᠲᠦᠭᠡᠨ ᠪᠠᠶᠢᠭᠤᠯᠤᠯᠲᠠ ᠵᠡᠷᠭᠡ ᠲᠠᠯ᠎ᠠ ᠶᠢᠨ ᠠᠭᠤᠯᠭ᠎ᠠ ᠶᠢ ᠬᠠᠮᠤᠷᠤᠨ᠂ ᠢᠨᠲ᠋ᠧᠷᠨᠧᠲ ᠰᠢᠨ᠎ᠡ ᠬᠡᠪᠯᠡᠯ ᠮᠡᠲᠡᠭᠡᠯᠡᠯ ᠠᠵᠢᠯᠯᠠᠭᠤᠯᠬᠤ ᠬᠦᠷᠢᠶ᠎ᠡ ᠬᠡᠪᠴᠢᠶ᠎ᠠ᠂ ᠬᠢᠷᠢ ᠬᠡᠮ᠂ ᠬᠢᠨᠠᠨ ᠵᠦᠪᠰᠢᠶᠡᠷᠡᠬᠦᠯᠬᠦ ᠠᠯᠬᠤᠮ ᠲᠠᠷᠠᠭ᠎ᠠ᠂ ᠮᠡᠲᠡᠭᠡᠯᠡᠯ ᠨᠡᠶᠢᠲᠡᠯᠡᠬᠦ᠂ ᠨᠢᠭᠤᠴᠠ ᠶᠢ ᠬᠠᠮᠠᠭᠠᠯᠠᠬᠤ ᠱᠠᠭᠠᠷᠲᠠᠯᠭ᠎ᠠ᠂ ᠭᠤᠤᠯ ᠬᠠᠷᠢᠭᠤᠴᠠᠯᠭᠠᠲᠠᠨ ᠤ ᠡᠭᠦᠷᠭᠡ ᠵᠡᠷᠭᠡ ᠲᠠᠯ᠎ᠠ ᠳ᠋ᠤ ᠨᠢᠭᠡᠲᠦᠯᠲᠡᠢ ᠲᠦᠷᠢᠮᠵᠢᠬᠦᠯᠵᠦ᠂ ᠲᠠᠪᠴᠠᠩ ᠤᠨ ᠪᠠᠶᠢᠭᠤᠯᠤᠯᠲᠠ᠂ ᠮᠡᠷᠭᠡᠵᠢᠯ ᠤᠨ ᠬᠢᠨᠠᠨ ᠬᠠᠮᠢᠶᠠᠷᠤᠯᠲᠠ᠂ ᠴᠢᠲᠠᠪᠤᠷᠢᠲᠠᠨ ᠬᠦᠮᠦᠵᠢᠬᠦᠯᠬᠦ ᠵᠡᠷᠭᠡ ᠠᠵᠢᠯ ᠢ ᠲᠤᠲᠤᠷᠬᠠᠶᠢᠯᠠᠬᠤ ᠶᠢᠨ ᠬᠠᠮᠲᠤ ᠴᠡᠷᠢᠭ ᠠᠩᠬᠢ ᠶᠢᠨ ᠢᠨᠲ᠋ᠧᠷᠨᠧᠲ ᠰᠢᠨ᠎ᠡ ᠬᠡᠪᠯᠡᠯ ᠮᠡᠲᠡᠭᠡᠯᠡᠯ ᠤᠯᠤᠰ ᠤᠨ ᠪᠠ ᠴᠡᠷᠢᠭ ᠠᠩᠬᠢ ᠶᠢᠨ ᠬᠠᠮᠢᠶᠠᠲᠠᠢ ᠬᠠᠦᠯᠢ ᠲᠤᠭᠲᠠᠭᠠᠮᠵᠢ ᠶᠢ ᠵᠦᠷᠢᠴᠡᠭᠰᠡᠨ ᠡᠯ᠎ᠡ ᠵᠦᠢᠯ ᠤᠨ ᠠᠵᠢᠯᠯᠠᠭ᠎ᠠ ᠳ᠋ᠤ ᠬᠠᠦᠯᠢ ᠶᠢᠨ ᠬᠠᠷᠢᠭᠤᠴᠠᠯᠭ᠎ᠠ ᠨᠡᠬᠡᠮᠵᠢᠯᠡᠬᠦ ᠲᠤᠬᠠᠢ ᠲᠤᠭᠲᠠᠭᠠᠪᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠨᠠᠷᠢᠯᠢᠬ ᠭᠤᠶᠤᠮᠰᠤᠭ ᠮᠦᠰᠦᠨ ᠱᠤᠭᠤᠮᠠᠯ 
  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
关闭
010070230030000000000000011120791122222176