ᠨᠠᠮ ᠤᠨ ᠲᠦᠪ ᠬᠤᠷᠢᠶ᠎ᠠ ᠲᠦᠷᠦ ᠶᠢᠨ ᠶᠠᠪᠤᠳᠠᠯ ᠤᠨ ᠬᠤᠷᠢᠶ᠎ᠠ ᠤᠯᠤᠰ ᠤᠨ ᠰᠢᠨᠵᠢᠯᠡᠬᠦ ᠤᠬᠠᠭᠠᠨ ᠲᠧᠭᠨᠤᠯᠤᠬᠢ ᠶᠢᠨ ᠬᠦᠬᠢᠬᠦᠯᠥᠨ ᠱᠠᠩᠨᠠᠬᠤ ᠶᠡᠭᠡ ᠬᠤᠷᠡᠯ ᠢ ᠬᠤᠷᠠᠯᠳᠤᠭᠤᠯᠵᠤ ᠰᠢ ᠵᠢᠨ ᠫᠢᠩ ᠱᠠᠩᠨᠠᠯ ᠭᠠᠷᠳᠠᠭᠤᠯᠪᠠ 2018-01-09 16:00

    ᠰᠢᠨᠬᠤᠸᠠ ᠬᠤᠷᠢᠶ᠎ᠠ   ᠪᠡᠭᠡᠵᠢᠩ ᠤᠨ 1 ᠰᠠᠷ᠎ᠠ ᠶᠢᠨ 8 ᠤ ᠴᠠᠬᠢᠯᠭᠠᠨ ᠮᠡᠳᠡᠭᠡ(ᠰᠤᠷᠪᠤᠯᠵᠢᠯᠠᠭᠴᠢ ᠴᠧᠨ ᠹᠠᠩ᠂ ᠡᠦ ᠵᠢᠩ) ᠨᠠᠮ ᠤᠨ ᠲᠦᠪ ᠬᠤᠷᠢᠶ᠎ᠠ᠂ ᠲᠦᠷᠦ ᠶᠢᠨ ᠶᠠᠪᠤᠳᠠᠯ ᠤᠨ ᠬᠤᠷᠢᠶ᠎ᠠ 8 ᠤ ᠦᠳᠡ ᠶᠢᠨ ᠡᠮᠤᠨ᠎ᠡ ᠤᠯᠤᠰ ᠤᠨ ᠰᠢᠨᠵᠢᠯᠡᠬᠦ ᠤᠬᠠᠭᠠᠨ ᠲᠧᠭᠨᠤᠯᠤᠬᠢ ᠶᠢᠨ ᠬᠦᠬᠢᠬᠦᠯᠥᠨ ᠱᠠᠩᠨᠠᠬᠤ ᠶᠡᠭᠡ ᠬᠤᠷᠡᠯ ᠢ ᠪᠡᠭᠡᠵᠢᠩ ᠳᠤ ᠦᠪᠡᠳᠡᠭᠰᠢ ᠶᠡᠬᠡᠪᠡᠷ ᠬᠢᠪᠠ᠃ ᠨᠠᠮ ᠪᠤᠯᠤᠨ ᠲᠦᠷᠦ ᠶᠢᠨ ᠤᠳᠤᠷᠢᠳᠬᠤ ᠬᠦᠮᠥᠨ ᠰᠢ ᠶᠢᠨ ᠫᠢᠩ᠂ ᠯᠢ ᠺᠧ ᠴᠢᠶᠠᠩ᠂ ᠵᠠᠩ ᠭᠤᠤ ᠯᠢ᠂ ᠸᠠᠩ ᠬᠤ ᠨᠢᠩ ᠶᠡᠭᠡ ᠬᠤᠷᠡᠯ ᠳᠤ ᠤᠷᠤᠯᠴᠠᠭᠰᠠᠠ ᠪᠦᠭᠡᠳ ᠱᠠᠩᠨᠠᠯ ᠬᠦᠷᠳᠡᠭᠴᠢ ᠶᠢᠨ ᠲᠦᠯᠥᠭᠡᠯᠡᠭᠴᠢ ᠳᠤ ᠱᠠᠩᠨᠠᠯ ᠭᠠᠷᠳᠠᠭᠤᠯᠪᠠ᠃ ᠯᠢ ᠺᠧ ᠴᠢᠶᠠᠩ ᠨᠠᠮ ᠤᠨ ᠲᠦᠪ ᠬᠤᠷᠢᠶ᠎ᠠ᠂ ᠲᠦᠷᠦ ᠶᠢᠨ ᠶᠠᠪᠤᠳᠠᠯ ᠤᠨ ᠬᠤᠷᠢᠶᠠᠨ ᠤ ᠨᠡᠷ᠎ᠡ ᠶᠢᠨ ᠡᠮᠤᠨ᠎ᠡ ᠠᠴᠠ ᠶᠡᠭᠡ ᠬᠤᠷᠡᠯ ᠲᠡᠭᠡᠷ᠎ᠡ ᠶᠠᠷᠢᠶ᠎ᠠ ᠲᠠᠯᠪᠢᠪᠠ᠃ ᠵᠠᠩ ᠭᠤᠤ ᠯᠢ ᠶᠡᠭᠡ ᠬᠤᠷᠡᠯ ᠢ ᠡᠷᠬᠢᠯᠡᠵᠡᠢ᠃

    ᠦᠳᠡ ᠶᠢᠨ ᠡᠮᠤᠨᠡᠬᠢ 10᠄00 ᠴᠠᠭ ᠲᠤ᠂ ᠶᠡᠭᠡ ᠬᠤᠷᠡᠯ ᠨᠢ ᠰᠦᠷ ᠵᠢᠪᠬᠤᠯᠠᠩᠳᠤ ᠤᠯᠤᠰ ᠤᠨ ᠰᠦᠯᠳᠡ ᠲᠠᠭᠤᠤ ᠶᠢᠨ ᠠᠶᠠᠰ ᠲᠤᠮᠳᠠ ᠡᠬᠢᠯᠡᠪᠡ᠃ ᠬᠠᠯᠠᠭᠤᠨ ᠠᠯᠠᠭ᠎ᠠ ᠲᠠᠰᠢᠯᠳᠡ ᠶᠢᠨ ᠲᠤᠮᠳᠠ᠂ ᠨᠠᠮ ᠤᠨ ᠲᠦᠪ ᠬᠤᠷᠢᠶᠠᠨ ᠤ ᠶᠡᠷᠤᠩᠬᠡᠢ ᠱᠦᠵᠢ᠂ ᠤᠯᠤᠰ ᠤᠨ ᠲᠡᠷᠢᠬᠦᠯᠡᠭᠴᠢ᠂ ᠲᠦᠪ ᠤᠨ ᠴᠡᠷᠢᠭ ᠤᠨ ᠶᠠᠪᠤᠳᠠᠯ ᠤᠨ ᠬᠤᠷᠢᠶᠠᠨ ᠤ ᠲᠡᠷᠢᠬᠦᠯᠡᠭᠴᠢ ᠰᠢ ᠶᠢᠨ ᠫᠢᠩ ᠡᠩ ᠲᠡᠷᠢᠬᠦᠨ ᠳᠤ 2017 ᠤᠨ ᠤ ᠤᠯᠤᠰ ᠤᠨ ᠬᠠᠮᠤᠭ ᠲᠡᠬᠡᠳᠤ ᠰᠢᠨᠵᠢᠯᠡᠬᠦ ᠤᠬᠠᠭᠠᠨ ᠲᠧᠭᠨᠤᠯᠤᠬᠢ ᠶᠢᠨ ᠱᠠᠩᠨᠠᠯ ᠬᠦ᠋ᠷᠳᠡᠭᠴᠢ ᠨᠠᠨᠵᠢᠩ ᠤᠨ ᠪᠠᠶᠢᠭᠠᠯᠢ ᠲᠧᠭᠨᠢᠭ ᠤᠨ ᠶᠡᠭᠡ ᠰᠤᠷᠭᠠᠭᠤᠯᠢ ᠶᠢᠨ ᠸᠠᠩ ᠽᠧ ᠱᠠᠨ ᠠᠺᠠᠳᠧᠮᠢᠴᠢ ᠪᠤᠯᠤᠨ ᠤᠯᠤᠰ ᠤᠨ ᠡᠪᠡᠳᠴᠢᠨ ᠡᠮᠬᠡᠭ ᠢ ᠰᠡᠷᠬᠡᠶᠢᠯᠡᠨ ᠡᠵᠡᠮᠳᠡᠬᠦ ᠲᠦᠪ ᠤᠨ ᠸᠢᠷᠦ᠋ᠰ ᠢ ᠰᠡᠷᠬᠡᠶᠢᠯᠡᠨ ᠡᠵᠡᠮᠳᠡᠬᠦ ᠭᠠᠵᠠᠷ ᠤᠨ ᠡᡁᠸᠥ ᠶᠦᠨ ᠳ᠋ᠧ ᠠᠺᠠᠳᠧᠮᠢᠴᠢ ᠳᠤ ᠱᠠᠩᠨᠠᠯ ᠤᠨ ᠦᠨᠡᠮᠯᠡᠯ ᠭᠠᠷᠳᠠᠭᠤᠯᠤᠭᠰᠠᠠ ᠪᠦᠭᠡᠳ ᠲᠡᠳᠡᠨ ᠲᠠᠢ ᠲᠤᠲᠤᠨᠤᠰᠤᠭ ᠢᠶᠠᠷ ᠭᠠᠷ ᠠᠳᠬᠤᠵᠥ᠂ ᠪᠠᠶᠠᠷ ᠬᠦᠷᠬᠡᠵᠥ ᠪᠠᠶᠢᠬᠤ ᠪᠠᠨ ᠢᠯᠡᠳᠬᠡᠪᠡ᠃ ᠲᠠᠷᠠᠭ᠎ᠠ ᠨᠢ᠂ ᠰᠢ ᠶᠢᠨ ᠫᠢᠩ ᠵᠡᠷᠬᠡ ᠨᠠᠮ ᠪᠤᠯᠤᠨ ᠲᠦᠷᠦ ᠶᠢᠨ ᠤᠳᠤᠷᠢᠳᠬᠤ ᠬᠦᠮᠥᠨ ᠤᠯᠤᠰ ᠤᠨ ᠪᠠᠶᠢᠭᠠᠯᠢ ᠶᠢᠨ ᠰᠢᠨᠵᠢᠯᠡᠬᠦ ᠤᠬᠠᠭᠠᠨ ᠤ ᠱᠠᠩᠨᠠᠯ᠂ ᠤᠯᠤᠰ ᠤᠨ ᠲᠧᠭᠨᠤᠯᠤᠬᠢ ᠶᠢᠨ ᠡᠬᠦᠳᠦᠯᠳᠡ ᠶᠢᠨ ᠱᠠᠩᠨᠠᠯ᠂ ᠤᠯᠤᠰ ᠤᠨ ᠰᠢᠨᠵᠢᠯᠡᠬᠦ ᠤᠬᠠᠭᠠᠨ ᠲᠧᠭᠨᠤᠯᠤᠬᠢ ᠶᠢᠨ ᠲᠠᠪᠰᠢᠯᠳᠠ ᠶᠢᠨ ᠱᠠᠩᠨᠠᠯ ᠪᠤᠯᠤᠨ ᠪᠦᠬᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠤᠯᠠᠨ ᠤᠯᠤᠰ ᠤᠨ ᠰᠢᠨᠵᠢᠯᠡᠬᠦ ᠤᠬᠠᠭᠠᠨ ᠲᠧᠭᠨᠤᠯᠤᠬᠢ ᠶᠢᠨ ᠬᠠᠮᠳᠤ ᠶᠢᠨ ᠠᠵᠢᠯᠯᠠᠭᠠᠨ ᠤ ᠱᠠᠩᠨᠠᠯ ᠬᠦᠷᠳᠡᠭᠴᠢ ᠶᠢᠨ ᠲᠦᠯᠥᠬᠡᠯᠡᠭᠴᠢᠳ ᠲᠤ ᠱᠠᠩᠨᠠᠯ ᠭᠠᠷᠳᠠᠭᠤᠯᠪᠠ᠃

    ᠨᠠᠮ ᠤᠨ ᠲᠦᠪ ᠬᠤᠷᠢᠶᠠᠨ ᠤ ᠤᠯᠤᠰ ᠲᠦᠷᠦ ᠶᠢᠨ ᠲᠤᠪᠴᠢᠶᠠᠨ ᠤ ᠪᠠᠶᠢᠩᠭᠤ ᠶᠢᠨ ᠬᠡᠰᠢᠬᠦᠨ᠂ ᠲᠦᠷᠦ ᠶᠢᠨ ᠶᠠᠪᠤᠳᠠᠯ ᠤᠨ ᠬᠤᠷᠢᠶᠠᠨ ᠤ ᠶᠡᠷᠤᠩᠬᠡᠢ ᠰᠠᠶᠢᠳ ᠯᠢ ᠺᠧ ᠴᠢᠶᠠᠩ ᠶᠠᠷᠢᠶᠠᠨ ᠳᠠᠭᠠᠨ᠂ ᠨᠠᠮ ᠤᠨ ᠲᠦᠪ ᠬᠤᠷᠢᠶ᠎ᠠ᠂ ᠲᠦᠷᠦ ᠶᠢᠨ ᠶᠠᠪᠤᠳᠠᠯ ᠤᠨ ᠬᠤᠷᠢᠶᠠᠨ ᠤ ᠨᠡᠷ᠎ᠡ ᠶᠢᠨ ᠡᠮᠤᠨ᠎ᠡ ᠠᠴᠠ ᠱᠠᠩᠨᠠᠯ ᠬᠦᠷᠳᠡᠭᠰᠡᠡ ᠪᠦᠬᠦ ᠬᠦᠮᠥᠰ ᠲᠤ ᠬᠠᠯᠠᠭᠤᠨ ᠪᠠᠶᠠᠷ ᠬᠦᠷᠬᠡᠵᠥ᠂ ᠤᠯᠤᠰ ᠲᠠᠶᠠᠭᠠᠷ ᠤᠨ ᠦᠷᠬᠡᠨ ᠤᠯᠠᠨ ᠰᠢᠨᠵᠢᠯᠡᠬᠦ ᠤᠬᠠᠭᠠᠨ ᠲᠧᠭᠨᠤᠯᠤᠬᠢ ᠶᠢᠨ ᠠᠵᠢᠯᠳᠠᠳ ᠲᠤ ᠡᠷᠬᠢᠮ ᠲᠡᠬᠡᠳᠤ ᠬᠦᠨᠳᠦᠳᠬᠡᠯ ᠪᠤᠯᠤᠨ ᠴᠢᠩ ᠰᠡᠳᠬᠢᠯ ᠤᠨ ᠮᠡᠨᠳᠤᠴᠢᠯᠠᠯ ᠲᠡᠪᠰᠢᠬᠦᠯᠵᠥ᠂ ᠲᠤᠮᠳᠠᠳᠤ ᠤᠯᠤᠰ ᠤᠨ ᠰᠢᠨᠵᠢᠯᠡᠬᠦ ᠤᠬᠠᠭᠠᠨ ᠲᠧᠭᠨᠤᠯᠤᠬᠢ ᠶᠢᠨ ᠦᠢᠯᠡᠰ ᠲᠤ ᠤᠷᠤᠯᠴᠠᠭᠰᠠᠠ ᠪᠠ ᠲᠡᠮᠵᠢᠭᠰᠡᠡ ᠭᠠᠳᠠᠭᠠᠳᠤ ᠶᠢᠨ ᠲᠤᠰᠬᠠᠢ ᠮᠡᠷᠬᠡᠵᠢᠯᠳᠡᠳ ᠲᠤ ᠴᠢᠩ ᠰᠡᠳᠬᠢᠯ ᠤᠨ ᠪᠠᠶᠠᠷ ᠲᠠᠯᠠᠷᠬᠠᠯ ᠢᠶᠠᠨ ᠲᠡᠪᠰᠢᠬᠦᠯᠪᠡ᠃

    ᠯᠢ ᠺᠧ ᠴᠢᠶᠠᠩ᠂ ᠨᠠᠮ ᠤᠨ ᠠᠷᠪᠠ ᠶᠢᠰᠦᠳᠦᠭᠡᠷ ᠶᠡᠭᠡ ᠬᠤᠷᠡᠯ ᠠᠴᠠ ᠨᠠᠰᠢ᠂ ᠰᠢ ᠶᠢᠨ ᠫᠢᠩ ᠨᠦᠬᠦᠷ ᠢᠶᠠᠷ ᠭᠤᠤᠯ ᠪᠤᠯᠭᠠᠭᠰᠠᠠ ᠨᠠᠮ ᠤᠨ ᠲᠦᠪ ᠬᠤᠷᠢᠶᠠᠨ ᠤ ᠪᠠᠳᠤ ᠴᠢᠩᠭ᠎ᠠ ᠤᠳᠤᠷᠢᠳᠤᠯᠭ᠎ᠠ ᠲᠤᠤᠷ᠎ᠠ᠂ ᠮᠠᠨ ᠤ ᠤᠯᠤᠰ ᠤᠨ ᠰᠢᠨᠵᠢᠯᠡᠬᠦ ᠤᠬᠠᠭᠠᠨ ᠲᠧᠭᠨᠤᠯᠤᠬᠢ ᠶᠢᠨ ᠦᠢᠯᠡᠰ ᠶᠡᠬᠡᠪᠡᠷ ᠬᠦᠭᠵᠢᠵᠥ᠂ ᠡᠳ᠋ ᠤᠨ ᠵᠠᠰᠠᠭ ᠨᠡᠶᠢᠬᠡᠮ ᠤᠨ ᠬᠦᠭᠵᠢᠯᠳᠡ ᠳᠤ ᠲᠡᠤᠬᠡᠳᠤ ᠴᠢᠨᠠᠷᠳᠠᠢ ᠠᠮᠵᠢᠯᠳᠠ ᠤᠯᠬᠤ᠂ ᠲᠡᠤᠬᠡᠳᠤ ᠴᠢᠨᠠᠷᠳᠠᠢ ᠬᠤᠪᠢᠰᠤᠯᠳᠡ ᠭᠠᠷᠬᠤ ᠳᠤ ᠴᠢᠬᠤᠯᠠ ᠬᠤᠪᠢ ᠨᠡᠮᠡᠷᠢ ᠦᠵᠡᠬᠦᠯᠪᠡ᠃ ᠤᠳᠤᠬᠠᠨ ᠳᠤ᠂ ᠮᠠᠨ ᠤ ᠤᠯᠤᠰ ᠤᠨ ᠬᠦᠭᠵᠢᠯᠳᠡ ᠲᠡᠤᠬᠡ ᠶᠢᠨ ᠰᠢᠨ᠎ᠠ ᠭᠠᠷᠤᠭ᠎ᠠ ᠳᠡᠭᠡᠷ᠎ᠠ ᠵᠤᠭᠰᠤᠵᠤ᠂ ᠡᠳ᠋ ᠤᠨ ᠵᠠᠰᠠᠭ ᠤᠨ ᠦᠨᠳᠦᠷ ᠶᠠᠰᠦ ᠴᠢᠨᠠᠷᠲᠠᠢ ᠪᠠᠷ ᠬᠦᠭᠵᠢᠬᠦ ᠶᠢ ᠠᠬᠢᠭᠤᠯᠬᠤ᠂ ᠠᠷᠠᠳ ᠲᠦᠮᠡᠨ ᠤ ᠡᠳᠦᠷ ᠢᠷᠡᠬᠦᠶ᠎ᠠ ᠨᠡᠮᠡᠭᠳᠡᠵᠤ ᠪᠠᠶᠢᠭ᠎ᠠ ᠰᠠᠶᠢᠨ ᠰᠠᠶᠢᠬᠠᠨ ᠠᠮᠢᠳᠤᠷᠠᠯ ᠤᠨ ᠬᠡᠷᠡᠭᠴᠡᠭᠡ ᠶᠢ ᠬᠠᠩᠭᠠᠬᠤ ᠳᠤ ᠡᠷᠬᠡᠪᠰᠢ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠤᠨ ᠪᠠᠶᠢᠷᠢᠯᠠᠭᠤᠯᠤᠯᠳᠠ ᠶᠤᠰᠤᠭᠠᠷ ᠰᠢ ᠶᠢᠨ ᠫᠢᠩ ᠤᠨ ᠰᠢᠨ᠎ᠠ ᠴᠠᠭ ᠦᠶ᠎ᠠ ᠶᠢᠨ ᠳᠤᠮᠳᠠᠳᠤ ᠤᠯᠤᠰ ᠤᠨ ᠤᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠵᠢᠯᠤᠭᠤᠳᠤᠯᠭ᠎ᠠ ᠪᠤᠯᠭᠠᠵᠤ᠂ ᠰᠢᠨ᠎ᠠ ᠶᠢ ᠡᠭᠦᠳᠬᠦ ᠪᠠᠷ ᠬᠦᠳᠡᠯᠭᠡᠭᠦᠷ ᠪᠤᠯᠭᠠᠬᠤ ᠬᠦᠭᠵᠢᠯᠳᠡ ᠶᠢᠨ ᠪᠠᠶᠢᠯᠳᠤᠬᠤ ᠪᠤᠳᠤᠯᠭ᠎ᠠ ᠶᠢ ᠭᠦᠨᠵᠡᠭᠡᠢ ᠬᠡᠷᠡᠭᠵᠢᠭᠦᠯᠵᠤ᠂ ᠨᠡᠩ ᠬᠦᠴᠦᠷᠬᠡᠭ ᠶᠡᠭᠡ᠂ ᠨᠡᠩ ᠤᠳᠠᠭᠠᠨ ᠳᠠᠭᠠᠭᠠᠮᠠᠭᠠᠢ ᠰᠢᠨᠵᠢᠯᠡᠬᠦ ᠤᠬᠠᠭᠠᠨ ᠲᠧᠭᠨᠤᠯᠤᠬᠢ ᠶᠢᠨ ᠰᠢᠨ᠎ᠠ ᠶᠢ ᠡᠭᠦᠳᠬᠦ ᠬᠦᠴᠦᠨ ᠢ ᠨᠢᠭᠳᠠᠷᠠᠭᠤᠯᠬᠤ ᠬᠡᠷᠡᠭᠲᠠᠢ ᠭᠡᠵᠤ ᠵᠢᠭᠠᠵᠤ ᠭᠠᠷᠭᠠᠪᠠ᠃

    ᠯᠢ ᠺᠧ ᠴᠢᠶᠠᠩ᠂ ᠰᠢᠨᠵᠢᠯᠡᠬᠦ ᠤᠬᠠᠭᠠᠨ ᠲᠧᠭᠨᠤᠯᠤᠬᠢ ᠶᠢᠨ ᠬᠦᠴᠦᠷᠬᠡᠭ ᠤᠯᠤᠰ ᠤᠨ ᠪᠦᠲᠦᠭᠡᠨ ᠪᠠᠶᠢᠭᠤᠯᠤᠯᠳᠠ ᠳᠤ ᠬᠠᠨᠳᠤᠵᠤ᠂ ᠰᠠᠭᠤᠷᠢ ᠰᠢᠨᠵᠢᠯᠡᠬᠦ ᠤᠬᠠᠭᠠᠨ ᠤ ᠰᠤᠳᠤᠯᠭᠠᠨ ᠢ ᠴᠢᠩᠭᠠᠳᠬᠠᠵᠤ᠂ ᠤᠯᠠᠨ ᠡᠰᠢᠵᠢᠭᠰᠡᠨ ᠬᠦᠷᠦᠩᠬᠡ ᠤᠷᠤᠭᠤᠯᠤᠯᠳᠠ ᠶᠢᠨ ᠲᠤᠭᠳᠠᠴᠠ ᠶᠢ ᠲᠡᠭᠦᠯᠳᠡᠷᠵᠢᠭᠦᠯᠵᠤ᠂ ᠰᠠᠭᠤᠷᠢ ᠰᠢᠨᠵᠢᠯᠡᠬᠦ ᠤᠬᠠᠭᠠᠨ ᠪᠤᠯᠤᠨ ᠬᠡᠷᠡᠭᠯᠡᠭᠡᠨ ᠤ ᠰᠢᠨᠵᠢᠯᠡᠬᠦ ᠤᠬᠠᠭᠠᠨ ᠤ ᠠᠭᠤᠰᠤᠯᠴᠠᠯ ᠢ ᠠᠬᠢᠭᠤᠯᠵᠤ᠂ ᠤᠤᠭᠠᠯ ᠰᠢᠨ᠎ᠠ ᠶᠢ ᠡᠭᠦᠳᠬᠦ ᠴᠢᠳᠠᠪᠤᠷᠢ ᠶᠢ ᠳᠡᠭᠡᠭᠰᠢᠯᠡᠭᠦᠯᠬᠦ ᠬᠡᠷᠡᠭᠲᠠᠢ᠃ ᠡᠳ᠋ ᠤᠨ ᠵᠠᠰᠠᠭ ᠤᠨ ᠬᠦᠭᠵᠢᠯᠳᠡ ᠶᠢᠨ ᠶᠠᠰᠤ ᠴᠢᠨᠠᠷ ᠦᠷ᠎ᠠ ᠠᠰᠢᠭ ᠢ ᠳᠡᠭᠡᠭᠰᠢᠯᠡᠭᠦᠯᠬᠦ ᠳᠤ ᠬᠠᠨᠳᠤᠵᠤ᠂ ᠵᠠᠩᠭᠢᠯᠠᠭ᠎ᠠ ᠶᠢᠨ ᠨᠡᠶᠢᠳᠡᠯᠢᠭ ᠴᠢᠨᠠᠷᠲᠠᠢ ᠲᠧᠭᠨᠤᠯᠤᠬᠢ ᠶᠢᠨ ᠰᠢᠪᠳᠤᠯᠤᠯᠳᠠ ᠶᠢ ᠲᠦᠷᠭᠡᠳᠭᠡᠵᠤ᠂ ᠠᠵᠤ ᠦᠢᠯᠡᠰ ᠤᠨ ᠬᠦᠭᠵᠢᠯᠳᠡ ᠳᠤ 《ᠪᠤᠭᠤᠮᠢ》 ᠪᠤᠯᠵᠤ ᠪᠠᠶᠢᠭ᠎ᠠ ᠠᠰᠠᠭᠤᠳᠠᠯ ᠢ ᠰᠠᠶᠢᠳᠤᠷ ᠰᠢᠢᠳᠪᠦᠷᠢᠯᠡᠬᠦ ᠬᠡᠷᠡᠭᠲᠠᠢ᠃ ᠠᠷᠠᠳ ᠤᠨ ᠠᠮᠢᠳᠤᠷᠠᠯ ᠤᠨ ᠪᠤᠶᠠᠨ ᠵᠢᠷᠭᠠᠯ ᠢ ᠨᠡᠮᠡᠭᠳᠡᠭᠦᠯᠬᠦ ᠳᠤ ᠬᠠᠨᠳᠤᠵᠤ᠂ ᠬᠦᠨᠳᠦ ᠶᠡᠭᠡ ᠡᠪᠡᠳᠴᠢᠨ ᠢ ᠰᠡᠷᠭᠡᠶᠢᠯᠡᠨ ᠵᠠᠰᠠᠬᠤ᠂ ᠢᠳᠡᠭᠡᠨ ᠤ ᠠᠶᠤᠯᠬᠦᠢ᠂ ᠪᠤᠬᠢᠷᠳᠤᠯ ᠤᠨ ᠵᠠᠰᠠᠯᠳᠠ ᠵᠡᠷᠭᠡ ᠬᠦᠷᠢᠶᠡᠨ ᠤ ᠪᠤᠭᠤᠮᠳᠠ ᠰᠢᠪᠳᠤᠯᠬᠤ ᠳᠠᠶᠢᠯᠠᠯᠳᠤᠭᠠᠨ ᠢ ᠦᠷᠨᠢᠭᠦᠯᠵᠤ᠂ ᠠᠷᠠᠳ ᠲᠦᠮᠡᠨ ᠤ ᠠᠮᠢᠳᠤᠷᠠᠯ ᠢ ᠨᠡᠩ ᠰᠠᠶᠢᠨ ᠰᠠᠶᠢᠬᠠᠨ ᠪᠤᠯᠭᠠᠬᠤ ᠬᠡᠷᠡᠭᠲᠠᠢ᠃ ᠰᠢᠨᠵᠢᠯᠡᠬᠦ ᠤᠬᠠᠭᠠᠨ ᠲᠧᠭᠨᠤᠯᠤᠬᠢ ᠶᠢᠨ ᠰᠢᠨ᠎ᠠ ᠡᠭᠦᠳᠦᠯᠳᠡ ᠪᠤᠯᠤᠨ ᠡᠳ᠋ ᠤᠨ ᠵᠠᠰᠠᠭ ᠤᠨ ᠭᠦᠨ ᠠᠭᠤᠰᠤᠯᠴᠠᠯ ᠢ ᠠᠬᠢᠭᠤᠯᠵᠤ᠂ ᠰᠢᠨ᠎ᠠ ᠲᠧᠭᠨᠤᠯᠤᠬᠢ ᠰᠢᠨ᠎ᠠ ᠠᠵᠤ ᠦᠢᠯᠡᠰ ᠰᠢᠨ᠎ᠠ ᠡᠵᠡᠩᠨᠡᠯᠳᠡ ᠶᠢᠨ ᠬᠡᠯᠪᠡᠷᠢ ᠶᠢᠨ ᠲᠦᠷᠭᠡᠨ ᠪᠤᠶᠢᠵᠢᠯᠳᠠ ᠶᠢ ᠠᠬᠢᠭᠤᠯᠬᠤ ᠬᠡᠷᠡᠭᠲᠠᠢ ᠭᠡᠵᠠᠢ᠃

    ᠯᠢ ᠺᠧ ᠴᠢᠶᠠᠩ᠂ ᠠᠵᠤ ᠠᠬᠤᠢᠢᠯᠠᠯ ᠨᠢ ᠲᠧᠭᠨᠤᠯᠤᠬᠢ ᠶᠢᠨ ᠰᠢᠨ᠎ᠠ ᠶᠢ ᠡᠭᠦᠳᠬᠦ ᠭᠤᠤᠯ ᠴᠤᠭᠴᠠ ᠪᠤᠯᠪᠠᠯ ᠵᠤᠬᠢᠨ᠎ᠠ᠂ ᠠᠵᠤ ᠠᠬᠤᠢᠢᠯᠠᠯ ᠤᠨ ᠰᠢᠨ᠎ᠠ ᠶᠢ ᠡᠭᠦᠳᠬᠦ ᠲᠤᠬᠠᠢ ᠤᠷᠤᠭᠤᠯᠤᠯᠳᠠ ᠶᠢ ᠳᠡᠮᠵᠢᠬᠦ ᠲᠦᠷᠦ ᠶᠢᠨ ᠪᠤᠳᠤᠯᠭ᠎ᠠ ᠠᠷᠭ᠎ᠠ ᠬᠡᠮᠵᠢᠶ᠎ᠠ ᠶᠢ ᠨᠠᠶᠢᠳᠠᠪᠤᠷᠢᠵᠢᠭᠤᠯᠬᠤ ᠪᠠ ᠲᠡᠭᠦᠯᠳᠡᠷᠵᠢᠭᠦᠯᠵᠤ᠂ ᠡᠯ᠎ᠠ ᠲᠦᠷᠦᠯ ᠤᠨ ᠲᠧᠭᠨᠤᠯᠤᠬᠢ ᠶᠢᠨ ᠰᠢᠨ᠎ᠠ ᠡᠭᠦᠳᠦᠯᠳᠡ ᠶᠢᠨ ᠡᠯᠧᠮᠧᠨ᠋ᠲ ᠠᠵᠤ ᠠᠬᠤᠢᠢᠯᠠᠯ ᠳᠤ ᠲᠦᠪᠯᠡᠷᠡᠬᠦ ᠶᠢ ᠬᠦᠳᠦᠯᠦᠨ ᠵᠢᠯᠤᠭᠤᠳᠬᠤ ᠬᠡᠷᠡᠭᠲᠠᠢ᠃ ᠰᠢᠨᠵᠢᠯᠡᠬᠦ ᠤᠬᠠᠭᠠᠨ ᠲᠧᠭᠨᠤᠯᠤᠬᠢ ᠶᠢᠨ ᠰᠢᠨ᠎ᠠ ᠶᠢ ᠡᠭᠦᠳᠬᠦ ᠳᠤ ᠬᠠᠮᠤᠭ ᠤᠨ ᠴᠢᠬᠤᠯᠠ ᠡᠯᠧᠮᠧᠨ᠋ᠲ ᠪᠤᠯ ᠬᠦᠮᠦᠨ ᠪᠤᠯᠤᠨ᠎ᠠ᠂ ᠡᠷᠬᠡᠪᠰᠢ ᠰᠢᠨᠵᠢᠯᠡᠬᠦ ᠤᠬᠠᠭᠠᠨ ᠲᠧᠭᠨᠤᠯᠤᠬᠢ ᠶᠢᠨ ᠪᠠᠶᠢᠭᠤᠯᠤᠮᠵᠢ ᠲᠤᠭᠳᠠᠴᠠ ᠶᠢᠨ ᠦᠬᠡᠷᠡᠴᠢᠯᠡᠯᠳᠡ ᠶᠢ ᠭᠦᠨᠵᠡᠭᠡᠶᠢᠷᠡᠭᠦᠯᠵᠤ᠂ ᠰᠢᠨ᠎ᠠ ᠶᠢ ᠡᠭᠦᠳᠬᠦ ᠶᠢ ᠵᠤᠷᠢᠭᠵᠢᠭᠤᠯᠬᠤ ᠲᠤᠭᠳᠠᠴᠠ ᠶᠢ ᠪᠦᠷᠢᠨᠰᠢᠭᠦᠯᠵᠤ᠂ ᠰᠢᠨ᠎ᠠ ᠶᠢ ᠡᠭᠦᠳᠬᠦ ᠪᠠᠭ ᠪᠤᠯᠤᠨ ᠳᠠᠭᠠᠭᠤᠯᠤᠭᠴᠢ ᠬᠦᠮᠦᠰ ᠲᠤ ᠬᠦᠮᠦᠨ ᠤ ᠬᠦᠴᠦᠨ ᠡᠳ᠋ ᠤᠨ ᠬᠦᠴᠦᠨ ᠪᠤᠳᠠᠰ ᠤᠨ ᠬᠦᠴᠦᠨ ᠢ ᠵᠠᠬᠢᠷᠤᠨ ᠲᠤᠬᠢᠷᠠᠭᠤᠯᠬᠤ᠂ ᠲᠧᠭᠨᠤᠯᠤᠬᠢ ᠶᠢᠨ ᠵᠠᠮ ᠱᠤᠭᠤᠮ ᠤᠨ ᠲᠤᠬᠠᠢ ᠰᠢᠢᠳᠪᠦᠷᠢ ᠭᠠᠷᠭᠠᠬᠤ ᠨᠡᠩ ᠶᠡᠭᠡ ᠡᠷᠬᠡ ᠤᠯᠭᠤᠵᠥ᠂ ᠬᠤᠪᠢ ᠨᠡᠮᠡᠷᠢ ᠦᠵᠡᠭᠦᠯᠦᠭᠰᠡᠨ ᠰᠢᠨᠵᠢᠯᠡᠬᠦ ᠤᠬᠠᠭᠠᠨ ᠲᠧᠭᠨᠤᠯᠤᠬᠢ ᠶᠢᠨ ᠠᠵᠢᠯᠳᠠᠳ ᠲᠤ ᠨᠡᠷ᠎ᠠ ᠬᠦᠨᠳᠤ ᠪᠠ ᠠᠰᠢᠭ ᠤᠯᠭᠤᠵᠤ᠂ ᠳᠡᠯᠡᠬᠡᠢ ᠶᠢᠨ ᠲᠡᠷᠢᠭᠦᠨ ᠤ ᠰᠢᠨ᠎ᠠ ᠡᠭᠦᠳᠦᠯᠳᠡ ᠶᠢᠨ ᠦᠷ᠎ᠠ ᠪᠦᠲᠦᠭᠡᠯ ᠢ ᠨᠡᠩ ᠤᠯᠠᠨ ᠭᠠᠷᠭᠠᠬᠤ ᠪᠤᠯᠭᠠᠬᠤ ᠬᠡᠷᠡᠭᠲᠠᠢ ᠭᠡᠵᠤ ᠵᠢᠭᠠᠵᠤ ᠭᠠᠷᠭᠠᠵᠠᠢ᠃

    ᠯᠢ ᠺᠧ ᠴᠢᠶᠠᠩ᠂ ᠰᠢᠨ᠎ᠠ ᠶᠢ ᠡᠭᠦᠳᠴᠤ ᠡᠭᠦᠳᠦᠨ ᠪᠦᠲᠦᠭᠡᠬᠦ ᠵᠤᠷᠢᠭ ᠰᠠᠨᠠᠭ᠎ᠠ ᠶᠢ ᠪᠠᠳᠠᠷᠠᠭᠤᠯᠵᠤ᠂ ᠰᠢᠨ᠎ᠠ ᠶᠢ ᠡᠭᠦᠳᠬᠦ ᠶᠢᠨ ᠬᠠᠩᠭᠠᠯᠠᠭ᠎ᠠ ᠶᠢᠨ ᠴᠢᠳᠠᠪᠤᠷᠢ ᠪᠤᠯᠤᠨ ᠦᠷ᠎ᠠ ᠪᠦᠲᠦᠮᠵᠢ ᠶᠢ ᠳᠡᠭᠡᠭᠰᠢᠯᠡᠭᠦᠯᠵᠤ᠂ ᠤᠯᠠᠨ ᠢᠶᠠᠷ ᠢᠶᠠᠨ ᠦᠢᠯᠡᠰ ᠪᠤᠰᠬᠠᠵᠤ ᠨᠡᠶᠢᠳᠡ ᠪᠠᠷ ᠢᠶᠠᠨ ᠰᠢᠨ᠎ᠠ ᠶᠢ ᠡᠭᠦᠳᠬᠦ ᠶᠢ ᠨᠡᠩ ᠦᠨᠳᠦᠷ ᠲᠦᠪᠰᠢᠨ ᠳᠤ ᠬᠦᠷᠭᠡᠬᠦ ᠬᠡᠷᠡᠭᠲᠠᠢ᠃ ᠤᠯᠤᠰ ᠤᠨ ᠴᠢᠬᠤᠯᠠ ᠶᠡᠭᠡ ᠡᠷᠳᠡᠮ ᠰᠢᠨᠵᠢᠯᠡᠭᠡᠨ ᠤ ᠳᠡᠳ᠋ ᠪᠦᠳᠦᠴᠡ᠂ ᠰᠢᠨᠵᠢᠯᠡᠬᠦ ᠤᠬᠠᠭᠠᠨ ᠤ ᠲᠤᠭ᠎ᠠ ᠪᠠᠷᠢᠮᠳᠠ ᠪᠤᠯᠤᠨ ᠪᠠᠭᠠᠵᠢ ᠲᠦᠬᠦᠭᠡᠷᠤᠮᠵᠢ ᠶᠢ ᠨᠡᠶᠢᠭᠡᠮ ᠳᠤ ᠬᠠᠨᠳᠤᠭᠤᠯᠵᠤ ᠨᠡᠬᠡᠬᠡᠯᠳᠡ ᠬᠢᠬᠦ ᠬᠡᠷᠡᠭᠲᠠᠢ᠃ ᠮᠡᠳᠡᠯᠭᠡ ᠶᠢᠨ ᠦᠮᠴᠢᠯᠡᠬᠦ ᠡᠷᠬᠡ ᠶᠢᠨ ᠬᠠᠮᠠᠭᠠᠯᠠᠯᠳᠠ ᠶᠢ ᠴᠢᠩᠭᠠᠳᠬᠠᠬᠤ ᠬᠡᠷᠡᠭᠲᠠᠢ᠃ ᠤᠯᠠᠨ ᠤᠯᠤᠰ ᠤᠨ ᠬᠠᠮᠳᠤ ᠶᠢᠨ ᠠᠵᠢᠯᠯᠠᠭ᠎ᠠ ᠶᠢ ᠡᠷᠴᠢᠮᠵᠢᠬᠦᠯᠵᠤ᠂ ᠳᠡᠯᠡᠬᠡᠢ ᠶᠢᠨ ᠰᠢᠨ᠎ᠠ ᠡᠭᠦᠳᠦᠯᠳᠡ ᠶᠢᠨ ᠲᠤᠤᠷ ᠲᠤ ᠰᠠᠨᠠᠭᠠᠴᠢᠯᠠᠭ᠎ᠠ ᠠᠴᠠ ᠪᠠᠨ ᠠᠭᠤᠰᠤᠯᠴᠠᠵᠤ᠂ ᠳᠡᠯᠡᠬᠡᠢ ᠶᠢᠨ ᠰᠢᠨ᠎ᠠ ᠶᠢ ᠡᠭᠦᠳᠬᠦ ᠦᠨᠳᠦᠷᠯᠢᠭ ᠭᠠᠵᠠᠷ ᠢ ᠴᠤᠭᠴᠠᠯᠠᠬᠤ ᠬᠡᠷᠡᠭᠲᠠᠢ ᠭᠡᠵᠠᠢ᠃

    ᠲᠦᠷᠤ ᠶᠢᠨ ᠶᠠᠪᠤᠳᠠᠯ ᠤᠨ ᠬᠤᠷᠢᠶᠠᠨ ᠤ ᠲᠡᠳ᠋ ᠶᠠᠷᠤᠩᠬᠡᠢ ᠰᠠᠶᠢᠳ ᠵᠠᠩ ᠭᠤᠤ ᠯᠢ ᠶᠡᠭᠡ ᠬᠤᠷᠠᠯ ᠢ ᠡᠷᠬᠢᠯᠡᠬᠦ ᠳᠡᠭᠡᠨ᠂ ᠦᠷᠬᠡᠨ ᠤᠯᠠᠨ ᠰᠢᠨᠵᠢᠯᠡᠬᠦ ᠤᠬᠠᠭᠠᠨ ᠲᠧᠭᠨᠤᠯᠤᠬᠢ ᠶᠢᠨ ᠠᠵᠢᠯᠳᠠᠨ ᠱᠠᠩᠨᠠᠯ ᠬᠦᠷᠳᠡᠭᠴᠢᠳ ᠢᠶᠠᠷ ᠲᠠᠭᠤᠷᠢᠶᠠᠯ ᠪᠤᠯᠭᠠᠵᠤ᠂ ᠬᠡᠬᠦᠳᠡᠭ ᠴᠡᠬᠡᠵᠢᠨ ᠳᠡᠭᠡᠨ ᠡᠬᠡ ᠤᠯᠤᠰ ᠢᠶᠠᠨ ᠪᠤᠳᠤᠵᠤ᠂ ᠰᠡᠳᠬᠢᠯ ᠵᠢᠷᠤᠬᠡᠨ ᠳᠡᠭᠡᠨ ᠠᠷᠠᠳ ᠲᠦᠮᠡᠨ ᠢᠶᠠᠨ ᠪᠤᠳᠤᠵᠥ᠂ ᠵᠤᠷᠢᠬᠳᠠᠢ ᠪᠠᠷ ᠡᠬᠦᠷᠬᠡᠯᠡᠯ ᠡᠬᠦᠷᠬᠡᠯᠠᠵᠤ᠂ ᠵᠤᠷᠢᠬᠳᠠᠢ ᠪᠠᠷ ᠲᠠᠪᠠᠯᠳᠠ ᠭᠠᠷᠭᠠᠵᠥ᠂ ᠰᠢᠨᠵᠢᠯᠡᠬᠦ ᠤᠬᠠᠭᠠᠨ ᠲᠧᠭᠨᠤᠯᠤᠬᠢ ᠶᠢᠨ ᠬᠦᠴᠦᠷᠭᠡᠭ ᠤᠯᠤᠰ ᠢ ᠪᠦᠳᠤᠬᠡᠨ ᠪᠠᠶᠢᠭᠤᠯᠬᠤ ᠴᠠᠬ ᠦᠶ᠎ᠠ ᠶᠢᠨ ᠬᠦᠨᠳᠤ ᠡᠬᠦᠷᠬᠡ ᠶᠢ ᠵᠤᠷᠢᠬᠳᠠᠢ ᠡᠬᠦᠷᠬᠡᠯᠠᠬᠦ ᠭᠡᠷᠡᠭᠳᠠᠢ᠃ ᠪᠢᠳᠠ ᠰᠢ ᠰᠢ ᠶᠢᠨ ᠫᠢᠩ ᠨᠦᠬᠦᠷ ᠢᠶᠠᠷ ᠭᠤᠤᠯ ᠪᠤᠯᠭᠠᠭᠰᠠᠠ ᠨᠠᠮ ᠤᠨ ᠲᠦᠪ ᠬᠤᠷᠢᠶᠠᠨ ᠤ ᠲᠤᠭᠤᠷᠢᠨ ᠳᠤ ᠨᠢᠬᠳᠠᠷᠠᠨ ᠪᠦᠯᠬᠦᠮᠳᠡᠵᠡᠬᠡᠵᠤ᠂ ᠰᠢ ᠶᠢᠨ ᠫᠢᠩ ᠤᠨ ᠰᠢᠨ᠎ᠠ ᠴᠠᠬ ᠦᠶ᠎ᠠ ᠶᠢᠨ ᠳᠤᠮᠳᠠᠳᠤ ᠤᠯᠤᠰ ᠤᠨ ᠤᠨᠴᠠᠯᠢᠬ ᠲᠠᠢ ᠨᠡᠶᠢᠬᠡᠮ ᠵᠢᠷᠤᠮ ᠤᠨ ᠦᠵᠡᠯ ᠰᠠᠨᠠᠭ᠎ᠠ ᠪᠠᠷ ᠵᠢᠯᠤᠭᠤᠳᠤᠯᠭ᠎ᠠ ᠪᠤᠯᠭᠠᠬᠤ ᠶᠢ ᠪᠠᠷᠢᠮᠳᠠᠯᠠᠵᠤ᠂ ᠳᠤᠮᠳᠠᠳᠤ ᠤᠯᠤᠰ ᠤᠨ ᠤᠨᠴᠠᠯᠢᠬ ᠲᠠᠢ ᠪᠠᠶ᠎ᠠ ᠪᠠᠨ ᠲᠠᠭᠠᠭᠠᠵᠤ ᠰᠢᠨ᠎ᠠ ᠶᠢ ᠡᠬᠦᠳᠬᠦ ᠵᠠᠮ ᠢᠶᠠᠷ ᠭᠤᠶᠢᠪᠢᠰᠢ ᠦᠬᠡᠢ ᠵᠠᠮᠨᠠᠵᠤ᠂ ᠤᠬ ᠰᠠᠨᠠᠭ᠎ᠠ ᠪᠠᠨ ᠦᠯᠤ ᠮᠠᠷᠳᠠᠵᠤ᠂ ᠡᠬᠦᠷᠬᠡ ᠬᠠᠷᠢᠭᠤᠴᠠᠯᠭ᠎ᠠ ᠪᠠᠨ ᠪᠠᠳᠤ ᠴᠡᠬᠡᠵᠢᠯᠠᠵᠤ᠂ ᠴᠢᠨᠡᠬᠡᠯᠢᠭ ᠨᠡᠶᠢᠬᠡᠮ ᠢ ᠪᠦᠬᠦ ᠲᠠᠯ᠎ᠠ ᠪᠠᠷ ᠪᠡᠶᠡᠯᠡᠬᠦᠯᠬᠦ ᠰᠢᠢᠳᠪᠤᠷᠢᠳᠤ ᠢᠯᠠᠯᠳᠠ ᠶᠢ ᠤᠯᠬᠤ᠂ ᠰᠢᠨ᠎ᠠ ᠴᠠᠬ ᠦᠶ᠎ᠠ ᠶᠢᠨ ᠳᠤᠮᠳᠠᠳᠤ ᠤᠯᠤᠰ ᠤᠨ ᠤᠨᠴᠠᠯᠢᠬ ᠲᠠᠢ ᠨᠡᠶᠢᠬᠡᠮ ᠵᠢᠷᠤᠮ ᠤᠨ ᠠᠭᠤᠤ ᠶᠡᠭᠡ ᠢᠯᠠᠯᠳᠠ ᠶᠢ ᠲᠡᠮᠡᠴᠡᠨ ᠤᠯᠬᠤ᠂ ᠳᠤᠮᠳᠠᠳᠤ ᠶᠢᠨ ᠦᠨᠳᠤᠰᠤᠳᠠᠨ ᠤ ᠠᠭᠤᠤ ᠶᠡᠭᠡ ᠰᠡᠷᠬᠦᠨ ᠮᠠᠨᠳᠤᠯᠳᠠ ᠶᠢᠨ ᠳᠤᠮᠳᠠᠳᠤ ᠶᠢᠨ ᠮᠦᠷᠦᠬᠡᠳᠦᠯ ᠢ ᠪᠡᠶᠡᠯᠡᠬᠦᠯᠬᠦ ᠳᠤ ᠰᠢᠨ᠎ᠠ ᠨᠡᠩ ᠶᠡᠭᠡ ᠬᠤᠪᠢ ᠨᠡᠮᠡᠷᠢ ᠦᠵᠡᠬᠦᠯᠬᠦ ᠭᠡᠷᠡᠭᠳᠠᠢ ᠬᠡᠪᠡ᠃

    ᠲᠦᠷᠤ ᠶᠢᠨ ᠶᠠᠪᠤᠳᠠᠯ ᠤᠨ ᠬᠤᠷᠢᠶᠠᠨ ᠤ ᠲᠡᠳ᠋ ᠶᠠᠷᠤᠩᠬᠡᠢ ᠰᠠᠶᠢᠳ ᠯᠢᠦ ᠶᠠᠨ ᠳ᠋ᠦᠩ ᠬᠤᠷᠠᠯ ᠲᠡᠭᠡᠷ᠎ᠠ 《2017 ᠤᠨ ᠤ ᠤᠯᠤᠰ ᠤᠨ ᠰᠢᠨᠵᠢᠯᠡᠬᠦ ᠤᠬᠠᠭᠠᠨ ᠲᠧᠭᠨᠤᠯᠤᠬᠢ ᠶᠢᠨ ᠱᠠᠩᠨᠠᠯ ᠤᠨ ᠬᠦᠬᠢᠭᠦᠯᠦᠨ ᠱᠠᠩᠨᠠᠬᠤ ᠲᠤᠬᠠᠢ ᠲᠦᠷᠤ ᠶᠢᠨ ᠶᠠᠪᠤᠳᠠᠯ ᠤᠨ ᠬᠤᠷᠢᠶᠠᠨ ᠤ ᠲᠤᠭᠳᠠᠭᠠᠯ》 ᠢ᠋ ᠤᠩᠰᠢᠨ ᠨᠡᠶᠢᠲᠡᠯᠡᠪᠡ᠃ ᠸᠠᠩ ᠽᠧ ᠱᠠᠨ ᠪᠦᠬᠦ ᠱᠠᠩᠨᠠᠯ ᠬᠦᠷᠳᠡᠭᠴᠢ ᠶᠢ ᠲᠦᠯᠤᠬᠡᠯᠠᠵᠤ ᠦᠬᠡ ᠶᠠᠷᠢᠪᠠ᠃

    ᠬᠦᠬᠢᠬᠦᠯᠤᠨ ᠱᠠᠩᠨᠠᠬᠤ ᠶᠡᠭᠡ ᠬᠤᠷᠠᠯ ᠡᠬᠢᠯᠡᠬᠦ ᠠᠴᠠ ᠡᠮᠤᠨ᠎ᠠ᠂ ᠰᠢ ᠶᠢᠨ ᠫᠢᠩ ᠵᠡᠷᠬᠡ ᠨᠠᠮ ᠪᠤᠯᠤᠨ ᠲᠦᠷᠤ ᠶᠢᠨ ᠤᠳᠤᠷᠢᠳᠬᠤ ᠨᠦᠬᠦᠳ ᠤᠯᠤᠰ ᠤᠨ ᠰᠢᠨᠵᠢᠯᠡᠬᠦ ᠤᠬᠠᠭᠠᠨ ᠲᠧᠭᠨᠤᠯᠤᠬᠢ ᠶᠢᠨ ᠱᠠᠩᠨᠠᠯ ᠬᠦᠷᠳᠡᠭᠴᠢ ᠶᠢᠨ ᠲᠦᠯᠤᠬᠡᠯᠡᠭᠴᠢᠳ ᠲᠠᠢ ᠠᠭᠤᠯᠵᠠᠵᠤ᠂ ᠤᠯᠠᠨ ᠲᠠᠢ ᠬᠡᠷᠡᠯ ᠵᠢᠷᠤᠬ ᠲᠠᠳᠠᠭᠤᠯᠵᠤ ᠲᠤᠷᠠᠰᠬᠠᠯ ᠦᠯᠡᠳᠡᠬᠡᠪᠡ᠃ ᠶᠡᠭᠡ ᠬᠤᠷᠠᠯ ᠳᠤ ᠤᠷᠤᠯᠴᠠᠬᠰᠠᠨ ᠤᠳᠤᠷᠢᠳᠬᠤ ᠨᠦᠬᠦᠳ ᠲᠤ ᠪᠠᠰᠠ᠄ ᠳ᠋ᠢᠩ ᠰᠢᠤᠸᠠᠢ ᠰᠢᠶᠠᠩ᠂ ᠰᠢᠤᠢ ᠴᠢ ᠯᠢᠶᠠᠩ᠂ ᠴᠧᠨ ᠰᠢ᠂ ᠬᠤᠸᠠᠩ ᠺᠦᠨ ᠮᠢᠩ᠂ ᠱᠧᠨ ᠶᠤᠸᠠᠢ ᠶᠤᠸᠠᠢ᠂ ᠶᠠᠩ ᠵᠢᠩ᠂ ᠸᠨᠨ ᠭᠠᠩ ᠨᠠᠷ ᠪᠤᠢ᠃ ᠲᠦᠪ ᠤᠨ ᠪᠠ ᠲᠦᠷᠤ ᠶᠢᠨ ᠪᠠᠶᠢᠭᠤᠯᠤᠯᠭ᠎ᠠ ᠵᠢᠴᠢ ᠴᠡᠷᠢᠭ ᠠᠩᠬᠢ ᠶᠢᠨ ᠬᠤᠯᠪᠤᠬᠳᠠᠯ ᠪᠦᠬᠦᠢ ᠬᠠᠷᠢᠭᠤᠴᠠᠯᠭᠠᠳᠠᠨ᠂ ᠤᠯᠤᠰ ᠤᠨ ᠰᠢᠨᠵᠢᠯᠡᠬᠦ ᠤᠬᠠᠭᠠᠨ ᠲᠧᠭᠨᠤᠯᠤᠬᠢ ᠰᠤᠷᠭᠠᠨ ᠬᠦᠮᠤᠵᠢᠯ ᠤᠨ ᠤᠳᠤᠷᠢᠳᠬᠤ ᠪᠠᠭ ᠤᠨ ᠪᠦᠷᠢᠯᠳᠤᠬᠦᠨ᠂ ᠤᠯᠤᠰ ᠤᠨ ᠰᠢᠨᠵᠢᠯᠡᠬᠦ ᠤᠬᠠᠭᠠᠨ ᠲᠧᠭᠨᠤᠯᠤᠬᠢ ᠶᠢᠨ ᠱᠠᠩᠨᠠᠯ ᠤᠨ ᠵᠦᠪᠯᠡᠯ ᠤᠨ ᠪᠦᠷᠢᠯᠳᠤᠬᠦᠨ ᠪᠤᠯᠤᠨ ᠨᠡᠶᠢᠰᠯᠠᠯ ᠤᠨ ᠰᠢᠨᠵᠢᠯᠡᠬᠦ ᠤᠬᠠᠭᠠᠨ ᠲᠧᠭᠨᠤᠯᠤᠬᠢ ᠶᠢᠨ ᠡᠳᠡᠬᠡᠳ ᠤᠨ ᠲᠦᠯᠤᠬᠡᠯᠡᠭᠴᠢ ᠨᠡᠶᠢᠳᠡ 3300 ᠬᠦᠮᠤᠨ ᠶᠡᠭᠡ ᠬᠤᠷᠠᠯ ᠳᠤ ᠤᠷᠤᠯᠴᠠᠪᠠ᠃

    2017 ᠤᠨ ᠤ ᠤᠯᠤᠰ ᠤᠨ ᠰᠢᠨᠵᠢᠯᠡᠬᠦ ᠤᠬᠠᠭᠠᠨ ᠲᠧᠭᠨᠤᠯᠤᠬᠢ ᠶᠢᠨ ᠱᠠᠩᠨᠠᠯ ᠳᠤ ᠨᠡᠶᠢᠳᠠ 217 ᠲᠦᠷᠤᠯ ᠵᠦᠢᠯ ᠪᠤᠯᠤᠨ 9 ᠰᠢᠨᠵᠢᠯᠡᠬᠦ ᠤᠬᠠᠭᠠᠨ ᠲᠧᠭᠨᠤᠯᠤᠬᠢ ᠶᠢᠨ ᠲᠤᠰᠬᠠᠢ ᠮᠡᠷᠬᠡᠵᠢᠯᠳᠠᠨ ᠢ ᠰᠢᠯᠭᠠᠷᠠᠭᠤᠯᠤᠨ ᠭᠠᠷᠭᠠᠪᠠ᠃ ᠡᠬᠦᠨ ᠳᠤ᠂ 2 ᠬᠦᠮᠤᠨ ᠤᠯᠤᠰ ᠤᠨ ᠬᠠᠮᠤᠬ ᠲᠡᠭᠡᠳᠤ ᠰᠢᠨᠵᠢᠯᠡᠬᠦ ᠤᠬᠠᠭᠠᠨ ᠮᠡᠷᠬᠡᠵᠢᠯ ᠤᠨ ᠱᠠᠩᠨᠠᠯ ᠬᠦᠷᠳᠡᠪᠠ; ᠤᠯᠤᠰ ᠤᠨ ᠪᠠᠶᠢᠭᠠᠯᠢ ᠶᠢᠨ ᠰᠢᠨᠵᠢᠯᠡᠬᠦ ᠤᠬᠠᠭᠠᠨ ᠤ ᠱᠠᠩᠨᠠᠯ ᠳᠤ 35 ᠲᠦᠷᠤᠯ ᠵᠦᠢᠯ ᠪᠤᠢ᠂ ᠡᠬᠦᠨ ᠳᠤ ᠨᠢᠬᠡᠳᠤᠭᠡᠷ ᠲᠡᠰ ᠤᠨ ᠱᠠᠩᠨᠠᠯ ᠳᠤ 2 ᠲᠦᠷᠦᠯ ᠵᠦᠢᠯ᠂ ᠬᠤᠶᠠᠳᠤᠭᠠᠷ ᠲᠡᠰ ᠤᠨ ᠱᠠᠩᠨᠠᠯ ᠳᠤ 33 ᠲᠦᠷᠦᠯ ᠵᠦᠢᠯ ᠪᠤᠢ; ᠤᠯᠤᠰ ᠤᠨ ᠲᠧᠭᠨᠤᠯᠤᠬᠢ ᠶᠢᠨ ᠡᠬᠦᠳᠦᠯᠳᠡ ᠶᠢᠨ ᠱᠠᠩᠨᠠᠯ ᠳᠤ 66 ᠲᠦᠷᠦᠯ ᠵᠦᠢᠯ ᠪᠤᠢ᠂ ᠡᠭᠦᠨ ᠳᠤ᠂ ᠨᠢᠭᠡᠳᠦᠭᠡᠷ ᠲᠡᠰ ᠤᠨ ᠱᠠᠩᠨᠠᠯ ᠳᠤ 4 ᠲᠦᠷᠦᠯ ᠵᠦᠢᠯ᠂ ᠬᠤᠶᠠᠳᠤᠭᠠᠷ ᠲᠡᠰ ᠤᠨ ᠱᠠᠩᠨᠠᠯ ᠳᠤ 62 ᠲᠦᠷᠦᠯ ᠵᠦᠢᠯ ᠪᠤᠢ; ᠤᠯᠤᠰ ᠤᠨ ᠰᠢᠨᠵᠢᠯᠡᠬᠦ ᠤᠬᠠᠭᠠᠨ ᠮᠡᠷᠬᠡᠵᠢᠯ ᠤᠨ ᠲᠠᠪᠰᠢᠯᠳᠠ ᠶᠢᠨ ᠱᠠᠩᠨᠠᠯ ᠳᠤ 170 ᠲᠦᠷᠦᠯ ᠵᠦᠢᠯ ᠪᠤᠢ᠂ ᠡᠭᠦᠨ ᠳᠤ᠂ ᠤᠨᠴᠠ ᠲᠡᠰ ᠤᠨ ᠱᠠᠩᠨᠠᠯ ᠳᠤ 3 ᠲᠦᠷᠦᠯ ᠵᠦᠢᠯ᠂ ᠨᠢᠭᠡᠳᠦᠭᠡᠷ ᠲᠡᠰ ᠤᠨ ᠱᠠᠩᠨᠠᠯ ᠳᠤ 21 ᠲᠦᠷᠦᠯ ᠵᠦᠢᠯ(ᠰᠢᠨ᠎ᠠ ᠶᠢ ᠡᠭᠦᠳᠬᠦ ᠪᠦᠯᠬᠦᠮ ᠠᠩᠬᠢ ᠶᠢᠨ 3 ᠵᠦᠢᠯ ᠤᠨ ᠱᠠᠩᠨᠠᠯ ᠪᠠᠭᠳᠠᠨ᠎ᠠ)᠂ ᠬᠤᠶᠠᠳᠤᠭᠠᠷ ᠲᠡᠰ ᠤᠨ ᠱᠠᠩᠨᠠᠯ ᠳᠤ 146 ᠲᠦᠷᠦᠯ ᠵᠦᠢᠯ ᠪᠤᠢ; 7 ᠭᠠᠳᠠᠭᠠᠳᠤ ᠶᠢᠨ ᠰᠢᠨᠵᠢᠯᠡᠬᠦ ᠤᠬᠠᠭᠠᠨ ᠲᠧᠭᠨᠤᠯᠤᠬᠢ ᠶᠢᠨ ᠲᠤᠰᠬᠠᠢ ᠮᠡᠷᠬᠡᠵᠢᠯᠳᠠᠨ ᠳᠤ ᠪᠦᠬᠦᠳᠠ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠤᠯᠠᠨ ᠤᠯᠤᠰ ᠤᠨ ᠰᠢᠨᠵᠢᠯᠡᠬᠦ ᠤᠬᠠᠭᠠᠨ ᠮᠡᠷᠬᠡᠵᠢᠯ ᠤᠨ ᠬᠠᠮᠳᠤ ᠶᠢᠨ ᠠᠵᠢᠯᠯᠠᠭᠠᠨ ᠤ ᠱᠠᠩᠨᠠᠯ ᠤᠯᠭᠤᠪᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠨᠠᠷᠢᠯᠢᠬ ᠭᠤᠶᠤᠮᠰᠤᠭ ᠮᠦᠰᠦᠨ ᠱᠤᠭᠤᠮᠠᠯ 
  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
010070230030000000000000011120701122232411