ᠰᠢ ᠵᠢᠨ ᠫᠢᠩ ᠤᠮᠠᠷᠠᠳᠤ ᠡᠧᠦ᠋ᠷᠦᠫᠠ ᠪᠤᠯᠤᠨ ᠪᠠᠯᠲ ᠲᠠᠩᠬᠢᠰ ᠤᠨ ᠤᠯᠤᠰ ᠤᠳ ᠤᠨ ᠵᠦᠪᠯᠡᠯᠬᠡᠨ ᠤ ᠬᠤᠷᠡᠯ ᠤᠨ ᠲᠠᠷᠤᠭ᠎ᠠ ᠨᠠᠷ ᠲᠠᠢ ᠬᠠᠮᠳᠤ ᠳ᠋ᠤᠨᠢ ᠠᠭᠤᠯᠵᠠᠪᠠ 2018-01-11 10:23

    ᠰᠢᠨᠬᠤᠧᠠ ᠬᠤᠷᠢᠶ᠎ᠠ   ᠪᠡᠭᠡᠵᠢᠩ ᠤᠨ 1 ᠰᠠᠷ᠎ᠠ ᠢᠢᠨ 10 ᠤ ᠡᠳᠦᠷ ᠤᠨ ᠴᠠᠬᠢᠯᠭᠠᠨ ᠮᠡᠳᠡᠬᠡ (ᠰᠤᠷᠪᠤᠯᠵᠢᠯᠠᠭᠴᠢ ᠡᡁᠧᠥ ᠯᠢ ᠵᠢᠶᠦ᠋ᠨ) ᠤᠯᠤᠰ ᠤᠨ ᠲᠡᠷᠢᠬᠦᠯᠡᠭᠴᠢ ᠰᠢ ᠵᠢᠨ ᠫᠢᠩ 10 ᠤ ᠡᠳᠤᠷ ᠠᠷᠠᠤᠨ ᠤᠨ ᠶᠡᠬᠡ ᠬᠤᠷᠡᠯ ᠤᠨ ᠲᠠᠩᠬᠢᠮ ᠳ᠋ᠤ ᠤᠮᠠᠷᠠᠳᠤ ᠡᠧᠦ᠋ᠷᠦᠫᠠ ᠪᠤᠯᠤᠨ ᠪᠠᠯᠲ᠋ ᠲᠠᠩᠬᠢᠰ ᠤᠨ ᠤᠯᠤᠰ ᠤᠳ ᠤᠨ ᠵᠦᠪᠯᠡᠯᠬᠡᠨ ᠤ ᠬᠤᠷᠡᠯ ᠤᠨ ᠤᠳᠤᠷᠢᠳᠬᠤ ᠬᠦᠮᠥᠰ ᠲᠠᠢ ᠬᠠᠮᠳᠤ ᠳ᠋ᠤᠨᠢ ᠠᠭᠤᠯᠵᠠᠪᠠ᠃ ᠹᠢᠨᠯᠠᠨᠳ᠋ ᠤᠨ ᠵᠦᠪᠯᠡᠯᠬᠡᠨ ᠤ ᠬᠤᠷᠠᠯ ᠤᠨ ᠲᠠᠷᠤᠭ᠎ᠠ ᠯᠤᠾᠧᠯᠠ᠂ ᠨᠤᠷᠸᠠᠢ ᠶᠢᠨ ᠵᠦᠪᠯᠡᠯᠬᠡᠨ ᠤ ᠬᠤᠷᠠᠯ ᠤᠨ ᠲᠠᠷᠤᠭ᠎ᠠ ᠲᠤᠮᠧᠰᠧᠨ᠂ ᠠᠶᠢᠰᠯᠠᠨᠳ᠋ ᠤᠨ ᠵᠦᠪᠯᠡᠯᠬᠡᠨ ᠤ ᠬᠤᠷᠠᠯ ᠤᠨ ᠲᠠᠷᠤᠭ᠎ᠠ ᠰᠢᠭ᠍ᠹᠦ᠋ᠰᠧᠨ᠂ ᠧᠰᠲ᠋ᠤᠨᠢᠶ᠎ᠠ ᠶᠢᠨ ᠵᠦᠪᠯᠡᠯᠬᠡᠨ ᠤ ᠬᠤᠷᠠᠯ ᠤᠨ ᠲᠠᠷᠤᠭ᠎ᠠ ᠨᠧᠶᠢᠰᠲ᠋ᠧᠷ᠂ ᠯᠠᠲ᠋ᠧᠶ᠋ᠶ᠎ᠠ ᠶᠢᠨ ᠵᠦᠪᠯᠡᠯᠬᠡᠨ ᠤ ᠬᠤᠷᠠᠯ ᠤᠨ ᠲᠠᠷᠤᠭ᠎ᠠ ᠮᠦ᠋ᠷᠨᠢᠰ᠂ ᠯᠢᠲ᠋ᠤ᠎ᠠ ᠶᠢᠨ ᠵᠦᠪᠯᠡᠯᠬᠡᠨ ᠤ ᠬᠤᠷᠠᠯ ᠤᠨ ᠲᠠᠷᠤᠭ᠎ᠠ ᠫᠷᠠᠩᠰᠺᠢᠲ᠋ᠢᠰ᠂ ᠰᠧᠧᠳᠧᠨ ᠤ ᠵᠦᠪᠯᠡᠯᠬᠡᠨ ᠤ ᠬᠤᠷᠠᠯ ᠤᠨ ᠨᠢᠬᠡᠳᠤᠭᠡᠷ ᠲᠡᠳ᠋ ᠲᠠᠷᠤᠭ᠎ᠠ ᠹᠠᠶᠢᠨᠧ ᠨᠠᠷ ᠠᠭᠤᠯᠵᠠᠯᠳᠠ ᠳᠤ ᠤᠷᠤᠯᠴᠠᠪᠠ᠃ ᠰᠢ ᠵᠢᠨ ᠫᠢᠩ᠂ ᠡᠨᠡ ᠤᠳᠠᠭ᠎ᠠ ᠡᠯ᠎ᠠ ᠤᠯᠤᠰ ᠤᠨ ᠵᠦᠪᠯᠡᠯᠬᠡᠨ ᠤ ᠬᠤᠷᠡᠯ ᠤᠨ ᠤᠳᠤᠷᠢᠳᠬᠤ ᠬᠦᠮᠥᠰ ᠬᠠᠮᠳᠤᠷᠠᠨ ᠲᠤᠮᠳᠠᠳᠤ ᠤᠯᠤᠰ ᠲᠥ ᠠᠢᠢᠯᠴᠢᠯᠠᠭᠰ᠋ᠠᠠ ᠶᠠᠪᠤᠳᠠᠯ ᠪᠤᠯ ᠤᠮᠠᠷᠠᠳᠤ ᠡᠧᠦ᠋ᠷᠦᠫᠠ ᠪᠤᠯᠤᠨ ᠪᠠᠯᠲ᠋ ᠲᠠᠩᠬᠢᠰ ᠤᠨ ᠤᠯᠤᠰ ᠤᠳ ᠬᠠᠮᠳᠤᠪᠡᠷ ᠲᠤᠮᠳᠠᠳᠤ ᠤᠯᠤᠰ ᠯᠤᠭ᠎ᠠ ᠲᠡᠬᠡᠳᠤ ᠳᠦᠪᠰᠢᠨ ᠤ ᠬᠠᠷᠢᠯᠴᠠᠭ᠎ᠠ ᠦᠷᠨᠢᠬᠦᠯᠬᠦ ᠨᠢᠬᠡ ᠵᠦᠢᠯ ᠤᠨ ᠰᠢᠨ᠎ᠠ ᠬᠡᠯᠪᠡᠷᠢ ᠪᠤᠯᠤᠨ᠎ᠠ᠂ ᠡᠨᠡ ᠨᠢ ᠬᠤᠶ᠍ᠠᠷ ᠲᠠᠯ᠎ᠠ ᠢᠢᠨ ᠤᠯᠤᠰ ᠲᠦᠷᠦ ᠢᠢᠨ ᠢᠳᠡᠭᠡᠯᠴᠡᠯ ᠪᠤᠯᠤᠨ ᠪᠦᠬᠦ ᠰᠠᠯᠪᠤᠷᠢ ᠶᠢᠨ ᠬᠠᠷᠢᠯᠴᠠᠭ᠎ᠠ ᠬᠠᠮᠳᠤ ᠶᠢᠨ ᠬᠠᠷᠢᠯᠴᠠᠭ᠎ᠠ ᠲᠦᠷᠬᠡᠨ ᠬᠦᠭᠵᠢᠬᠦ ᠰᠢᠨ᠎ᠠ ᠴᠠᠭ ᠦᠶ᠎ᠠ ᠳ᠋ᠤ ᠤᠷᠤᠭᠰ᠋ᠠᠠ ᠢ ᠬᠠᠷᠠᠭᠤᠯᠵᠥ ᠪᠠᠢᠢᠨ᠎ᠠ᠂ ᠪᠢ ᠡᠬᠦᠨ ᠢ ᠤᠭᠲᠤᠵᠤ ᠪᠠᠢᠢᠨ᠎ᠠ ᠬᠡᠪᠡ᠃

    ᠰᠢ ᠵᠢᠨ ᠫᠢᠩ᠂ ᠤᠳᠤᠠᠬᠨ ᠳ᠋ᠤ ᠳᠤᠮᠳᠠᠳᠤ ᠤᠯᠤᠰ ᠤᠮᠠᠷᠠᠳᠤ ᠡᠧᠦ᠋ᠷᠦᠫᠠ ᠪᠤᠯᠤᠨ ᠪᠠᠯᠲ᠋ ᠲᠠᠩᠬᠢᠰ ᠤᠨ ᠤᠯᠤᠰ ᠤᠳ ᠯᠤᠭ᠎ᠠ ᠢᠢᠨ ᠬᠠᠷᠢᠯᠴᠠᠭ᠎ᠠ ᠰᠠᠢᠢᠨ ᠰᠠᠢᠢᠬᠠᠨ ᠬᠦᠭᠵᠢᠯᠳᠡ ᠢᠢᠨ ᠪᠠᠢᠢᠳᠠᠯ ᠢᠶᠡᠨ ᠪᠠᠳᠤᠯᠠᠵᠥ᠂ ᠬᠤᠶ᠍ᠠᠷ ᠲᠠᠯ᠎᠎ᠠ ᠢᠢᠨ ᠤᠯᠤᠰ ᠲᠦᠷᠦ ᠢᠢᠨ ᠢᠳᠡᠬᠡᠯᠴᠡᠯ ᠲᠤᠭᠳᠠᠭᠤᠨ ᠢᠶᠡᠷ ᠲᠡᠭᠡᠭᠰ᠋ᠢᠯᠡᠵᠥ᠂ ᠪᠤᠳᠠᠳᠠᠢ ᠢᠢ ᠡᠷᠬᠢᠮᠯᠡᠭᠰ᠋ᠡᠡ ᠬᠠᠮᠳᠤ ᠶᠢᠨ ᠠᠵᠢᠯᠯᠠᠭ᠎ᠠ ᠪᠠᠶᠠᠯᠢᠭ ᠦᠷ᠎ᠠ ᠪᠦᠳᠦᠭᠡᠯ ᠤᠯᠵᠥ᠂ ᠰᠤᠶᠤᠯ ᠢᠷᠬᠡᠨᠰ᠋ᠢᠯ ᠤᠨ ᠬᠠᠷᠢᠯᠴᠠᠭ᠎ᠠ ᠡᠳᠤᠷ ᠢᠷᠡᠬᠦᠶ᠎ᠠ ᠬᠦᠨᠵᠡᠬᠡᠢᠢᠷᠡᠵᠥ᠂ ᠠᠷᠠᠳ ᠤᠨ ᠰᠠᠨᠠᠭᠠᠨ ᠤ ᠰᠠᠭᠤᠷᠢ ᠤᠯᠠᠮ ᠪᠡᠬᠢᠵᠢᠵᠥ ᠪᠠᠢᠢᠨ᠎ᠠ᠃ ᠲᠤᠮᠳᠠᠳᠤ ᠤᠯᠤᠰ ᠤᠮᠠᠷᠠᠳᠤ ᠡᠧᠦ᠋ᠷᠦᠫᠠ ᠪᠤᠯᠤᠨ ᠪᠠᠯᠲ᠋ ᠲᠠᠩᠬᠢᠰ ᠤᠨ ᠤᠯᠤᠰ ᠤᠳ ᠯᠤᠭ᠎ᠠ ᠡᠷᠡᠬᠦᠯ᠂ ᠲᠤᠭᠳᠠᠭᠤᠨ᠂ ᠦᠷᠬᠦᠯᠵᠢᠯᠡᠬᠦ ᠬᠠᠷᠢᠯᠴᠠᠭ᠎ᠠ ᠪᠡᠨ ᠬᠦᠭᠵᠢᠬᠦᠯᠵᠥ᠂ ᠬᠠᠷᠢᠯᠴᠠᠨ ᠠᠰ᠋ᠢᠬᠳᠠᠢ ᠬᠠᠮᠳᠤᠪᠡᠷ ᠠᠰ᠋ᠢᠬ ᠬᠦᠷᠳᠡᠭᠰ᠋ᠡᠡ ᠬᠤᠶᠠᠷ ᠲᠠᠯ᠎ᠠ ᠢᠢᠨ ᠪᠠ ᠤᠷᠤᠨ ᠪᠦᠰ᠋ᠡ ᠢᠢᠨ ᠬᠠᠮᠳᠤ ᠶᠢᠨ ᠠᠵᠢᠯᠯᠠᠭ᠎ᠠ ᠶᠢ ᠠᠬᠢᠭᠤᠯᠬᠤ ᠨᠢ ᠮᠠᠨ ᠤ ᠲᠤᠰ ᠲᠤᠰ ᠤᠨ ᠤᠯᠤᠰ ᠤᠨ ᠠᠰ᠋ᠢᠭ ᠲᠤᠰ᠋ᠠ ᠲᠠᠢ ᠨᠡᠢᠢᠴᠡᠬᠦ ᠪᠦᠭᠡᠳ ᠲᠤᠮᠳᠠᠳᠤ ᠡᠧᠦ᠋ᠷᠦᠫᠠ ᠢᠢᠨ ᠪᠦᠬᠦ ᠲᠠᠯ᠎ᠠ ᠢᠢᠨ ᠰᠲ᠋ᠷᠠᠲ᠋ᠢᠺᠢ ᠶᠢᠨ ᠬᠠᠮᠳᠤ ᠶᠢᠨ ᠠᠵᠢᠯᠯᠠᠭᠠᠨ ᠤ ᠳᠦᠩᠰᠢᠯᠡᠯ ᠤᠨ ᠬᠠᠷᠢᠯᠴᠠᠭᠠᠨ ᠤ ᠬᠦᠭᠵᠢᠯᠳᠡ ᠳ᠋ᠤ ᠠᠰ᠋ᠢᠬᠳᠠᠢ ᠪᠠᠢᠢᠵᠥ᠂ ᠡᠩᠬᠡ ᠲᠠᠢᠢᠪᠤᠩ᠂ ᠬᠦᠭᠵᠢᠯᠳᠡ᠂ ᠬᠠᠮᠳᠤᠷᠠᠯᠴᠠᠭ᠎ᠠ᠂ ᠬᠠᠮᠳᠤᠪᠡᠷ ᠠᠰ᠋ᠢᠬ ᠬᠦᠷᠳᠡᠬᠦ ᠴᠠᠭ ᠦᠶ᠎ᠠ ᠢᠢᠨ ᠤᠷᠤᠰ᠋ᠬᠠᠯ ᠲᠠᠢ ᠵᠤᠬᠢᠴᠠᠬᠤ ᠶᠤᠮ᠃ ᠬᠤᠶ᠍ᠠᠷ ᠲᠠᠯ᠎ᠠ ᠪᠡᠷ ᠢᠶᠡᠨ ᠢᠮᠠᠬᠳᠠ ᠬᠠᠷᠢᠯᠴᠠᠨ ᠬᠦᠨᠳᠦᠳᠬᠡᠬᠦ᠂ ᠡᠷᠬᠡ ᠲᠡᠭᠰ᠋ᠢ ᠪᠡᠷ ᠬᠠᠨᠳᠤᠯᠴᠠᠬᠤ᠂ ᠪᠠᠭᠳᠠᠭᠠᠮᠵᠢᠳᠠᠢ ᠪᠡᠷ ᠬᠠᠷᠢᠯᠴᠠᠨ ᠲᠤᠯᠢ ᠪᠤᠯᠭᠠᠬᠤ ᠵᠠᠷᠴᠢᠮ ᠢᠶᠡᠷ᠂ ᠲᠤᠰ ᠲᠤᠰ ᠤᠨ ᠭᠤᠤᠯᠯᠠᠭᠴᠢ ᠠᠰ᠋ᠢᠭ ᠲᠤᠰ᠋ᠠ ᠪᠤᠯᠤᠨ ᠠᠩᠬᠠᠷᠴᠦ ᠪᠠᠢᠢᠭ᠎ᠠ ᠴᠢᠬᠤᠯᠠ ᠶᠡᠬᠡ ᠠᠰ᠋ᠠᠭᠤᠳᠠᠯ ᠢ ᠬᠦᠨᠳᠦᠳᠬᠡᠵᠥ᠂ ᠰᠲ᠋ᠷᠠᠲ᠋ᠢᠺᠢ ᠶᠢᠨ ᠦᠨᠳᠦᠷᠴᠡ ᠪᠤᠯᠤᠨ ᠠᠯᠤᠰ ᠬᠡᠳᠤ ᠢᠢᠨ ᠲᠠᠯ᠎ᠠ ᠡᠴᠡ ᠬᠤᠶ᠍ᠠᠷ ᠲᠠᠯ᠎ᠠ ᠢᠢᠨ ᠬᠠᠷᠢᠯᠴᠠᠭ᠎ᠠ ᠢᠢᠨ ᠵᠦᠪ ᠬᠦᠭᠵᠢᠯᠳᠡ ᠢᠢᠨ ᠴᠢᠭᠯᠡᠯ ᠢ ᠪᠠᠳᠤ ᠡᠵᠡᠮᠰ᠋ᠢᠬᠦ ᠬᠡᠷᠡᠭᠳᠡᠢ᠃ ᠲᠡᠬᠡᠳᠤ ᠳᠦᠪᠰᠢᠨ ᠤ ᠬᠠᠷᠢᠯᠴᠠᠭ᠎ᠠ ᠪᠡᠨ ᠦᠷᠬᠦᠯᠵᠢᠯᠡᠨ ᠪᠠᠳᠤᠯᠠᠵᠥ᠂ ᠰᠤᠯᠢᠯᠴᠠᠭ᠎ᠠ ᠪᠡᠨ ᠴᠢᠩᠭᠠᠳᠬᠠᠵᠥ᠂ ᠤᠢᠢᠯᠠᠭᠠᠯᠴᠠᠭ᠎ᠠ ᠪᠡᠨ ᠨᠡᠮᠡᠭᠳᠡᠬᠦᠯᠵᠥ᠂ ᠠᠳᠠᠯᠢ ᠲᠠᠯ᠎ᠠ ᠪᠡᠨ ᠨᠢᠬᠡᠳᠬᠡᠨ ᠵᠦᠷᠢᠶ᠎ᠠ ᠪᠡᠨ ᠦᠬᠡᠢᠢᠰ᠋ᠬᠡᠵᠥ᠂ ᠬᠠᠮᠳᠤ ᠢᠢᠨ ᠲᠠᠨᠢᠯᠳᠡ ᠪᠡᠨ ᠦᠷᠬᠡᠳᠭᠡᠬᠦ ᠬᠡᠷᠡᠭᠳᠡᠢ᠃ ᠲᠤᠰ ᠲᠤᠰ ᠤᠨ ᠬᠦᠭᠵᠢᠯᠳᠡ ᠢᠢᠨ ᠰᠲ᠋ᠷᠠᠲ᠋ᠢᠺᠢ ᠪᠡᠨ ᠵᠤᠯᠭᠠᠭᠤᠯᠵᠥ᠂ ᠪᠤᠳᠠᠳᠠᠢ ᠢᠢ ᠡᠷᠬᠢᠮᠯᠡᠭᠰ᠋ᠡᠡ ᠬᠠᠮᠳᠤ ᠶᠢᠨ ᠠᠵᠢᠯᠯᠠᠭᠠᠨ ᠤ ᠰᠠᠯᠪᠤᠷᠢ ᠪᠤᠯᠤᠨ ᠵᠠᠮ ᠢ ᠳᠡᠯᠡᠵᠤ᠂ ᠤᠨᠴᠠᠭᠠᠢᠢᠯᠠᠨ 《ᠨᠢᠬᠡ ᠪᠦᠰ᠋ᠡ ᠨᠢᠬᠡ ᠵᠠᠮ》 ᠤ᠋ᠨ ᠰᠠᠨᠠᠭᠠᠴᠢᠯᠠᠭ᠎ᠠ ᠢᠢᠨ ᠪᠤᠷᠤ ᠲᠦᠰ᠋ᠦᠪ ᠤᠨ ᠲᠤᠤᠷᠡᠬᠢ ᠬᠠᠮᠳᠤᠷᠠᠯᠴᠠᠭ᠎ᠠ ᠪᠡᠨ ᠴᠢᠩᠭᠠᠳᠬᠠᠵᠥ᠂ ᠠᠽᠢᠶ᠎ᠠ ᠡᠧᠦ᠋ᠷᠦᠫᠠ ᠢᠢᠨ ᠡᠬᠡ ᠬᠠᠭᠤᠷᠠᠢ ᠵᠢᠨ ᠬᠤᠯᠪᠤᠭᠠᠯᠠᠯ ᠨᠡᠪᠳᠡᠷᠡᠯ ᠡᠴᠡ ᠠᠪᠴᠢᠷᠠᠭᠰ᠋ᠠᠠ ᠬᠦᠭᠵᠢᠯᠳᠡ ᠢᠢᠨ ᠠᠰ᠋ᠢᠬ ᠢ ᠬᠠᠮᠳᠤᠪᠡᠷ ᠡᠳ᠋ᠯᠡᠬᠦ ᠬᠡᠷᠡᠭᠳᠡᠢ ᠬᠡᠵᠥ ᠵᠢᠭᠠᠵᠥ ᠭᠠᠷᠭᠠᠪᠠ᠃

    ᠰᠢ ᠵᠢᠨ ᠫᠢᠩ ᠳᠤᠮᠳᠠᠳᠤ ᠤᠯᠤᠰ ᠤᠨ ᠡᠳ᠋ ᠤᠨ ᠵᠠᠰᠠᠭ ᠨᠡᠢᠢᠭᠡᠮ ᠤᠨ ᠬᠦᠭᠵᠢᠯᠲᠡ ᠵᠢᠨ ᠪᠠᠢᠢᠳᠠᠯ ᠪᠠ ᠡᠩᠬᠡ ᠲᠠᠢᠢᠪᠤᠩ ᠭᠠᠳᠠᠭᠠᠳᠤ ᠬᠠᠷᠢᠯᠴᠠᠭ᠎ᠠ ᠵᠢᠨ ᠲᠦᠷᠦ ᠵᠢᠨ ᠪᠤᠳᠤᠯᠭ᠎ᠠ ᠵᠢ ᠲᠠᠨᠢᠯᠴᠠᠭᠤᠯᠪᠠ᠃ ᠲᠡᠷᠡ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠠᠷᠪᠠ ᠶᠢᠰ᠋ᠦᠳᠦᠭᠡᠷ ᠶᠡᠬᠡ ᠬᠤᠷᠠᠯ ᠡᠴᠡ ᠳᠤᠮᠳᠠᠳᠤ ᠤᠯᠤᠰ ᠰᠢᠨ᠎ᠠ ᠮᠠᠶ᠊ᠢᠬ ᠤᠨ ᠤᠯᠠᠨ ᠤᠯᠤᠰ ᠤᠨ ᠬᠠᠷᠢᠯᠴᠠᠭ᠎ᠠ ᠵᠢ ᠪᠠᠢᠢᠭᠤᠯᠬᠤ ᠵᠢ ᠠᠬᠢᠭᠤᠯᠵᠤ᠂ ᠬᠦᠮᠦᠨ ᠲᠦᠷᠦᠯᠬᠢᠲᠡᠨ ᠤ ᠬᠤᠪᠢ ᠵᠠᠶᠠᠭᠠᠨ ᠤ ᠬᠠᠮᠲᠤ ᠵᠢᠨ ᠴᠤᠬᠴᠠ ᠵᠢ ᠪᠠᠢᠢᠭᠤᠯᠬᠤ ᠵᠢ ᠠᠬᠢᠭᠤᠯᠤᠨ᠎ᠠ ᠬᠡᠵᠥ ᠲᠤᠷᠠᠳᠪᠠ᠃ ᠡᠨᠡ ᠪᠤᠯ ᠳᠤᠮᠳᠠᠳᠤ ᠤᠯᠤᠰ ᠤᠨ ᠤᠨᠴᠠᠯᠢᠬ ᠲᠡᠢ ᠨᠡᠢᠢᠭᠡᠮ ᠵᠢᠷᠤᠮ ᠤᠨ ᠤᠢᠢᠯᠠᠭᠠᠬᠳᠠᠬᠤᠨ ᠤ ᠪᠠᠢᠢᠪᠠᠰ᠋ᠤ ᠵᠤᠬᠢᠬᠤ ᠠᠭᠤᠯᠭ᠎ᠠ ᠮᠦᠨ᠂ ᠰᠢᠨ᠎ᠠ ᠴᠠᠬ ᠦᠶ᠎ᠠ ᠵᠢᠨ ᠳᠤᠮᠳᠠᠳᠤ ᠤᠯᠤᠰ ᠤᠨ ᠭᠠᠳᠠᠭᠠᠳᠤ ᠬᠠᠷᠢᠯᠴᠠᠭ᠎ᠠ ᠵᠢᠨ ᠬᠦᠭᠡᠭᠡᠴᠡᠯᠳᠤᠬᠦ ᠬᠠᠷᠠᠯᠲᠠ ᠮᠦᠨ᠂ ᠪᠠᠰ᠋ᠠ ᠴᠦ ᠳᠡᠯᠡᠬᠡᠢ ᠵᠢᠨ ᠡᠯ᠎ᠠ ᠤᠯᠤᠰ ᠤᠨ ᠬᠠᠮᠲᠤᠪᠡᠷ ᠴᠢᠷᠮᠠᠢᠢᠬᠤ ᠴᠢᠭᠯᠡᠯ ᠪᠤᠯᠤᠨ᠎ᠠ᠃ ᠳᠤᠮᠳᠠᠳᠤ ᠤᠯᠤᠰ ᠦᠷᠬᠦᠯᠵᠢᠯᠡᠨ ᠬᠠᠷᠢᠭᠤᠴᠠᠯᠭ᠎ᠠ ᠡᠭᠦᠷᠭᠡᠯᠡᠬᠦ ᠲᠤᠮᠤ ᠤᠯᠤᠰ ᠤᠨ ᠦᠢᠯᠡᠳᠦᠯ ᠢᠶᠡᠨ ᠪᠠᠳᠠᠷᠠᠭᠤᠯᠵᠤ᠂ ᠪᠦᠬᠦ ᠪᠦᠮᠪᠦᠷᠴᠡᠭ ᠤᠨ ᠵᠠᠰ᠋ᠠᠯᠲᠠ ᠵᠢᠨ ᠰᠢᠰ᠋ᠲ᠋ᠧᠮ ᠤᠨ ᠦᠭᠡᠷᠡᠴᠢᠯᠡᠯᠲᠡ ᠪᠡ ᠪᠠᠢᠢᠭᠤᠯᠤᠯᠲᠠ ᠳ᠋ᠤ ᠢᠳᠡᠪᠬᠢᠲᠡᠢ ᠤᠷᠤᠯᠴᠠᠵᠤ᠂ ᠪᠦᠬᠦ ᠪᠦᠮᠪᠦᠷᠴᠡᠭ ᠤᠨ ᠵᠠᠰ᠋ᠠᠯᠲᠠ ᠵᠢᠨ ᠰᠢᠰ᠋ᠲ᠋ᠧᠮ ᠤᠨ ᠨᠡᠩ ᠡᠷᠬᠡ ᠲᠡᠭᠰ᠋ᠢ ᠵᠦᠢ ᠵᠤᠬᠢᠰ᠋ᠲᠠᠢ ᠴᠢᠭᠯᠡᠯ ᠢᠶᠡᠷ ᠬᠦᠭᠵᠢᠬᠦ ᠵᠢ ᠠᠬᠢᠭᠤᠯᠵᠤ᠂ ᠳᠤᠮᠳᠠᠳᠤ ᠤᠯᠤᠰ ᠤᠨ ᠤᠶ᠍ᠤᠨ ᠤᠬᠠᠭᠠᠨ ᠪᠠ ᠬᠦᠴᠦᠨ ᠴᠢᠳᠠᠯ ᠢᠶᠡᠨ ᠲᠠᠰ᠋ᠤᠷᠠᠯᠲᠠ ᠦᠭᠡᠢ ᠡᠷᠭᠦᠨ᠎ᠠ ᠭᠡᠵᠥ ᠬᠡᠯᠡᠪᠡ᠃

    ᠡᠯ᠎ᠠ ᠤᠯᠤᠰ ᠤᠨ ᠵᠦᠪᠯᠡᠯᠭᠡᠨ ᠤ ᠬᠤᠷᠠᠯ ᠤᠨ ᠤᠳᠤᠷᠢᠳᠬᠤ ᠬᠦᠮᠦᠰ ᠳᠤᠮᠳᠠᠳᠤ ᠤᠯᠤᠰ ᠤᠨ ᠡᠪ ᠬᠠᠮᠲᠤ ᠨᠠᠮ ᠤᠨ ᠠᠷᠪᠠ ᠶᠢᠰ᠋ᠦᠳᠦᠭᠡᠷ ᠶᠡᠬᠡ ᠬᠤᠷᠠᠯ ᠤᠨ ᠠᠮᠵᠢᠯᠲᠠ ᠲᠠᠢ ᠪᠡᠷ ᠶᠠᠪᠤᠬᠳᠠᠬᠰ᠋ᠠᠨ ᠳ᠋ᠤ ᠪᠠᠶ᠍ᠠᠷ ᠬᠦᠷᠭᠡᠵᠦ᠂ ᠨᠠᠮ ᠤᠨ ᠠᠷᠪᠠ ᠶᠢᠰ᠋ᠦᠳᠦᠭᠡᠷ ᠶᠡᠬᠡ ᠬᠤᠷᠠᠯ ᠳ᠋ᠤ ᠳᠤᠷᠠᠳᠤᠬᠰ᠋ᠠᠨ ᠠᠷᠠᠳ ᠲᠦᠮᠡᠨ ᠢᠶᠡᠷ ᠭᠤᠤᠯ ᠪᠤᠯᠭᠠᠬᠤ ᠡᠯ᠎ᠠ ᠵᠦᠢᠯ ᠤᠨ ᠬᠠᠷᠠᠯᠲᠠ ᠵᠢ ᠪᠠᠬᠠᠷᠬᠠᠨ ᠪᠢᠰ᠋ᠢᠷᠡᠵᠦ ᠪᠠᠢᠢᠬᠤ ᠪᠡᠨ ᠢᠯᠡᠳᠬᠡᠵᠦ᠂ ᠡᠳᠡᠭᠡᠷ ᠬᠠᠷᠠᠯᠲᠠ ᠵᠢᠨ ᠤᠷᠤᠬᠰ᠋ᠢᠬᠲᠠᠢ ᠪᠡᠷ ᠪᠡᠶ᠍ᠡᠯᠡᠭᠳᠡᠬᠦ ᠵᠢ ᠬᠦᠰ᠋ᠡᠨ ᠵᠦᠩᠨᠡᠪᠡ᠃ ᠲᠡᠳᠡ᠂ ᠳᠤᠮᠳᠠᠳᠤ ᠤᠯᠤᠰ ᠤᠨ ᠡᠳ᠋ ᠤᠨ ᠵᠠᠰᠠᠭ ᠢ ᠬᠦᠭᠵᠢᠭᠦᠯᠬᠦ᠂ ᠠᠷᠠᠳ ᠤᠨ ᠠᠮᠢᠳᠤᠷᠠᠯ ᠢ ᠰᠠᠢᠢᠵᠢᠷᠠᠭᠤᠯᠬᠤ᠂ ᠶᠠᠳᠠᠭᠤ ᠬᠦᠴᠢᠷᠲᠡᠯᠲᠡᠢ ᠬᠦᠮᠦᠨ ᠠᠮᠠ ᠵᠢ ᠪᠠᠭᠠᠰ᠋ᠬᠠᠬᠤ ᠶᠠᠳᠠᠭᠤ ᠡᠴᠡ ᠠᠩᠬᠢᠵᠢᠷᠠᠭᠤᠯᠬᠤ᠂ ᠤᠷᠴᠢᠨ ᠲᠤᠭᠤᠷᠢᠨ ᠢ ᠬᠠᠮᠠᠭᠠᠯᠠᠬᠤ ᠵᠡᠷᠭᠡ ᠲᠠᠯ᠎ᠠ ᠳ᠋ᠤ ᠤᠯᠤᠬᠰ᠋ᠠᠨ ᠠᠮᠵᠢᠯᠲᠠ ᠪᠤᠯ ᠲᠡᠤᠬᠡᠲᠤ ᠴᠢᠨᠠᠷ ᠲᠠᠢ ᠶᠤᠮ᠃ ᠤᠮᠠᠷᠠᠲᠤ ᠡᠧᠦ᠋ᠷᠤᠫᠠ ᠪᠤᠯᠤᠨ ᠪᠠᠯᠲ᠋ ᠲᠠᠩᠬᠢᠰ ᠤᠨ ᠤᠯᠤᠰ ᠤᠳ ᠳᠤᠮᠳᠠᠳᠤ ᠤᠯᠤᠰ ᠯᠤᠭ᠎ᠠ ᠵᠢᠨ ᠨᠦᠬᠦᠷᠯᠡᠯ ᠢᠶᠡᠨ ᠨᠠᠨᠳᠢᠩᠨᠠᠨ ᠦᠵᠡᠵᠦ᠂ ᠳᠤᠷᠠᠲᠠᠶ᠎ᠠ ᠳᠤᠮᠳᠠᠳᠤ ᠤᠯᠤᠰ ᠯᠤᠭ᠎ᠠ ᠵᠢᠨ ᠨᠦᠬᠦᠷᠰ᠋ᠡᠭ ᠬᠠᠮᠲᠤᠷᠠᠯᠴᠠᠭᠠᠨ ᠤ ᠬᠠᠷᠢᠯᠴᠠᠭ᠎ᠠ ᠪᠡᠨ ᠤᠯᠠᠮ ᠴᠢᠨᠠᠬᠰ᠋ᠢᠲᠠ ᠬᠦᠭᠵᠢᠭᠦᠯᠦᠨ᠎ᠠ ᠭᠡᠵᠦ ᠢᠯᠡᠳᠬᠡᠪᠡ᠃

    ᠨᠠᠮ ᠤᠨ ᠲᠦᠪ ᠬᠤᠷᠢᠶᠠᠨ ᠤ ᠤᠯᠤᠰ ᠲᠦᠷᠦ ᠵᠢᠨ ᠲᠤᠪᠴᠢᠶᠠᠨ ᠤ ᠭᠡᠰ᠋ᠢᠭᠦᠨ᠂ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠬᠡ ᠬᠤᠷᠠᠯ ᠤᠨ ᠪᠠᠢᠢᠩᠭᠤ ᠵᠢᠨ ᠬᠤᠷᠢᠶᠠᠨ ᠤ ᠳᠡᠳ᠋ ᠬᠤᠷᠢᠶᠠᠨ ᠳᠠᠷᠤᠭ᠎ᠠ ᠪᠦᠭᠡᠳ ᠨᠠᠷᠢᠨ ᠪᠢᠴᠢᠭ᠌ ᠤᠨ ᠳᠠᠷᠤᠭ᠎ᠠ ᠸᠠᠩ ᠴᠧᠨ ᠠᠭᠤᠯᠵᠠᠯᠲᠠ ᠳ᠋ᠤ ᠤᠷᠤᠯᠴᠠᠪᠠ᠃  

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠤᠯᠤᠰ ᠤᠨ ᠬᠡᠪᠯᠡᠯ ᠮᠡᠳᠡᠭᠡᠯᠡᠯ ᠷᠠᠳᠢᠣ᠋ ᠲᠧᠯᠸᠶ᠋ᠰ ᠤᠨ ᠶᠡᠷᠦᠩᠬᠡᠢ ᠲᠤᠪᠴᠢᠶ᠎ᠠ᠄ ᠵᠤᠭᠰᠤᠭᠠᠭᠰᠠᠨ ᠨᠡᠪᠲᠡᠷᠡᠭᠦᠯᠬᠡ ᠶᠢ ᠨᠧᠲ ᠲᠤ ᠰᠢᠯᠵᠢᠬᠦᠯᠦᠨ ᠨᠡᠪᠲᠡᠷᠡᠬᠦᠯᠵᠦ ᠪᠤᠯᠬᠤ ᠦᠬᠡᠢ
  • ᠨᠠᠷᠢᠯᠢᠬ ᠭᠤᠶᠤᠮᠰᠤᠭ ᠮᠦᠰᠦᠨ ᠱᠤᠭᠤᠮᠠᠯ 
  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
010070230030000000000000011120701122243339