蒙古文网站Logo
ᠰᠢᠨᠬᠤᠸᠠ ᠮᠤᠩᠭ᠋ᠤᠯ ᠨᠧᠲ

ᠯᠢ ᠵᠢᠢ ᠾᠧᠩ ᠨᠢᠦ ᠢᠤᠢ ᠷᠦ᠋ ᠨᠦᠬᠦᠷ ᠤᠨ ᠭᠡᠷ ᠪᠦᠯᠢ ᠶᠢᠨ ᠬᠢᠨ ᠢ ᠪᠤᠯᠭᠤᠭᠠᠨ ᠦᠵᠡᠪᠡ

2016-09-16 10:53

    9 ᠰᠠᠷ᠎ᠠ ᠶᠢᠨ 15 ᠤ ᠡᠳᠦᠷ᠂ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠱᠦᠵᠢ ᠯᠢ ᠵᠢᠢ ᠾᠧᠩ《ᠰᠢᠨ᠎ᠠ ᠴᠠᠭ ᠦᠶ᠎ᠠ ᠶᠢᠨ ᠦᠷᠭᠡᠨ ᠤᠯᠠᠨ ᠨᠠᠮ ᠤᠨ ᠭᠡᠰᠢᠬᠦᠨ ᠺᠠᠳ᠋ᠷ ᠤᠨ ᠳᠠᠭᠤᠷᠢᠶᠠᠯ》 ᠪᠤᠯᠬᠤ ᠨᠢᠦ ᠢᠤᠢ ᠷᠦ᠋ ᠨᠦᠬᠦᠷ ᠤᠨ ᠭᠡᠷ ᠲᠤ ᠲᠤᠰᠬᠠᠢᠢᠯᠠᠨ ᠬᠦᠷᠴᠦ᠂ ᠨᠢᠦ ᠢᠤᠢ ᠷᠦ᠋ ᠨᠦᠬᠦᠷ ᠤᠨ ᠭᠡᠷ ᠪᠦᠯᠢ ᠶᠢᠨ ᠬᠢᠨ ᠢ ᠳᠤᠳᠤᠨᠤᠰᠤᠭ ᠢᠶᠠᠷ ᠪᠤᠯᠭᠤᠭᠠᠨ ᠦᠵᠡᠪᠡ᠃

    ᠨᠢᠦ ᠢᠤᠢ ᠷᠦ᠋ ᠶᠢᠨ ᠭᠡᠷᠭᠡᠢ ᠰᠢᠶᠧ ᠯᠢ᠂ ᠭᠦᠦ ᠨᠢᠦ ᠶᠤᠸᠠᠨ ᠹᠦ᠋ ᠲᠠᠢ ᠪᠡᠨ ᠭᠡᠷ ᠤᠨ ᠢᠶᠡᠨ ᠡᠬᠦᠳᠡᠨ ᠳᠤ ᠡᠷᠳᠡᠯᠡᠨ ᠬᠦᠯᠢᠶᠡᠵᠤ ᠯᠢ ᠵᠢᠢ ᠡᠾᠧᠩ ᠨᠠᠷ ᠢ ᠤᠭᠳᠤᠵᠠᠢ᠃ ᠯᠢ ᠵᠢᠢ ᠾᠧᠩ ᠰᠢᠶᠧ ᠯᠢ ᠲᠠᠢ ᠳᠤᠳᠤᠨᠤᠰᠤᠭ ᠢᠶᠡᠷ ᠵᠤᠭᠤᠭᠳᠠᠨ ᠭᠡᠷ ᠲᠤᠨᠢ ᠤᠷᠤᠯ᠎ᠠ᠃ ᠬᠦᠷᠢᠶᠡᠨ ᠳᠤ ᠵᠠᠶᠢᠯᠠᠭᠰᠠᠨ ᠠᠭᠠᠯᠢᠭ ᠠᠯᠢᠮ᠎ᠠ ᠶᠢᠨ ᠰᠠᠯᠠᠭ᠎ᠠ ᠮᠦᠴᠢᠷ ᠢᠭᠴᠤ ᠰᠠᠬᠤᠯᠠᠭ ᠤᠷᠭᠤᠵᠠᠢ᠃ ᠰᠢᠶᠧ ᠯᠢ᠂ ᠬᠦᠷᠢᠶᠡᠨ ᠳᠠᠬᠢ ᠮᠤᠳᠤᠳ ᠢ ᠴᠦᠮ ᠨᠢᠦ ᠢᠤᠢ ᠷᠦ᠋ ᠦᠪᠡᠷ ᠤᠨ ᠭᠠᠷ ᠢᠶᠠᠷ ᠢᠶᠠᠨ ᠵᠠᠶᠢᠯᠠᠭᠰᠠᠨ ᠶᠤᠮ ᠭᠡᠵᠦ ᠲᠠᠨᠢᠯᠴᠠᠭᠤᠯᠪᠠ᠃ 《ᠮᠤᠳᠤ ᠶᠢ ᠨᠢ ᠦᠵᠡᠪᠡᠯ ᠬᠦᠮᠦᠨ ᠲᠠᠢ ᠨᠢ ᠤᠴᠠᠷᠠᠭᠰᠠᠨ ᠲᠠᠢ ᠠᠳᠠᠯᠢ ᠪᠠᠶᠢᠨ᠎ᠠ》ᠬᠡᠳ ᠯᠢ ᠵᠢᠢ ᠾᠧᠩ᠄ 《ᠨᠢᠦ ᠢᠤᠢ ᠷᠦ᠋ ᠪᠤᠯ ᠬᠦᠨᠳᠦᠳᠭᠡᠯ ᠲᠠᠢ ᠬᠦᠮᠦᠨ᠂ ᠪᠢ ᠲᠠᠨᠠᠷ ᠢ ᠮᠠᠰᠢ ᠶᠡᠭᠡ ᠰᠠᠨᠠᠭᠠᠯᠵᠠᠵᠦ ᠪᠠᠶᠢᠳᠠᠭ》 ᠭᠡᠵᠦ ᠬᠦᠨ ᠰᠡᠳᠬᠢᠯᠭᠡ ᠲᠠᠢ ᠶᠠᠷᠢᠯ᠎ᠠ᠃

    《ᠡᠨᠡ ᠡᠲᠦᠷ ᠪᠤᠯ ᠨᠠᠶ᠋ᠮᠠᠠ ᠰᠠᠷ᠎ᠠ ᠶᠢᠨ ᠠᠷᠪᠠᠠ ᠲᠠᠪᠤᠨ ᠤ ᠲᠡᠷᠭᠡᠯ ᠪᠠᠶᠠᠷ ᠪᠤᠯᠤᠨ᠎ᠠ᠂ ᠪᠢ ᠦᠪᠡᠷᠲᠡᠭᠡᠡ ᠵᠠᠰᠠᠬᠤ ᠤᠷᠤᠨ ᠤ ᠨᠠᠮ ᠤᠨ ᠬᠤᠷᠢᠶ᠎ᠠ᠂ ᠵᠠᠰᠠᠭ ᠤᠨ ᠤᠷᠲᠤᠨ ᠤ ᠨᠡᠷ᠎ᠡ ᠶᠢᠨ ᠡᠮᠦᠨ᠎ᠡ ᠡᠴᠡ ᠲᠠᠨᠠᠷ ᠢ ᠡᠷᠬᠢᠨ ᠦᠵᠡᠬᠦ ᠪᠠᠷ ᠢᠷᠡᠯ᠎ᠡ᠂ ᠲᠠᠨᠠᠷ ᠪᠠᠶᠠᠷ ᠤᠨ ᠡᠲᠦᠷ ᠢᠶᠠᠨ ᠪᠠᠶᠠᠷ ᠵᠢᠷᠭᠠᠯ ᠲᠠᠢ ᠦᠩᠭᠡᠷᠡᠭᠡᠵᠦ᠂ ᠪᠡᠶ᠎ᠠ ᠮᠠᠬᠠᠪᠤᠳ ᠴᠢᠨᠢ ᠡᠷᠡᠭᠦᠯ ᠴᠢᠬᠢᠷᠠᠭ᠂ ᠠᠯᠢᠪᠠ ᠪᠦᠬᠦᠨ ᠴᠢᠨᠢ ᠦᠭᠡᠳᠡ ᠡᠰᠡᠷᠡᠭ ᠪᠠᠶᠢᠬᠤ ᠶᠢ ᠪᠡᠯᠭᠡᠲᠡᠵᠦ ᠪᠠᠶᠢᠨ᠎ᠠ》 ᠭᠡᠵᠦ ᠯᠢ ᠵᠢᠢ ᠡᠾᠧᠩ ᠰᠡᠳᠭᠢᠯ ᠲᠤᠯᠠᠭᠠᠴᠠᠭᠤᠯᠤᠮ᠎ᠠ ᠮᠡᠡᠲᠦᠴᠢᠯᠡᠯ ᠢᠶᠠᠨ ᠲᠡᠪᠰᠢᠭᠦᠯᠪᠠ᠃ ᠶᠠᠷᠢᠯᠴᠠᠬᠤ ᠲᠤᠮᠲᠠ ᠯᠢ ᠵᠢᠢ ᠡᡁᠧᠩ᠂ ᠨᠢᠤ ᠢᠤᠢ ᠷᠦ᠋ ᠲᠠᠢ ᠲᠠᠨᠢᠯᠴᠠᠵᠦ ᠲᠠᠰᠤᠯᠴᠠᠵᠦ᠂ ᠰᠡᠳᠭᠢᠯ ᠢᠶᠠᠨ ᠮᠡᠲᠡᠯᠴᠡᠵᠤ ᠶᠠᠪᠤᠭᠰᠠᠠ ᠦᠩᠭᠡᠷᠡᠯᠲᠡ ᠪᠠᠨ ᠲᠠᠨᠢᠯᠴᠠᠭᠤᠯᠤᠭᠰᠠᠠ ᠪᠦᠭᠡᠳ ᠨᠠᠮ ᠤᠨ ᠡᠨᠡᠬᠦ ᠰᠢᠯᠢᠲᠡᠭ ᠺᠠᠳ᠋ᠷ ᠤᠨ ᠲᠤᠬᠠᠢ ᠰᠠᠭᠤᠭᠲᠠᠯ ᠲᠦᠷᠦᠭᠲᠡᠯ ᠢᠶᠠᠨ ᠬᠦᠨ ᠰᠡᠳᠭᠢᠯᠭᠡ ᠲᠠᠢ ᠶᠠᠷᠢᠵᠦ᠂ 《ᠲᠡᠭᠦᠠ ᠤ ᠨᠠᠮ ᠪᠠ ᠠᠷᠠᠳ ᠲᠦᠮᠡᠡ ᠳᠤ ᠦᠨᠡᠡᠴᠢ ᠰᠢᠲᠤᠷᠭᠤ᠂ ᠠᠵᠢᠯ ᠳᠠᠭᠠᠨ ᠤᠷᠬᠢᠯᠤᠮ᠎ᠠ ᠬᠠᠯᠠᠭᠤᠨ ᠰᠡᠳᠭᠢᠯᠭᠡ ᠲᠠᠢ᠂ ᠲᠦᠷᠦᠯ ᠰᠠᠲᠤᠨ ᠢᠶᠠᠨ ᠴᠢᠩᠭ᠎ᠠ ᠱᠠᠭᠠᠷᠲᠠᠵᠦ᠂ ᠦᠨᠲᠦᠰᠦᠨ ᠱᠠᠲᠤᠨ ᠤ ᠤᠯᠠᠠ ᠲᠦᠮᠡᠡ ᠳᠤ ᠬᠦᠯᠢᠴᠡᠩᠭᠦᠢ ᠬᠠᠯᠠᠭᠤᠨ ᠰᠡᠳᠭᠢᠯ ᠲᠠᠢ ᠬᠠᠨᠲᠤᠲᠠᠭ ᠤᠪᠤᠷ ᠨᠢ ᠮᠠᠠ ᠤ ᠰᠤᠷᠤᠯᠴᠠᠬᠤ ᠦᠯᠢᠭᠡᠷ ᠲᠠᠭᠤᠷᠢᠶᠠᠯ ᠪᠤᠯᠤᠨ᠎ᠠ》 ᠭᠡᠪᠡ᠃

    ᠯᠢ ᠵᠢᠢ ᠡᡁᠧᠩ᠂ ᠨᠢᠤ ᠢᠤᠢ ᠷᠦ᠋ ᠨᠦᠬᠦᠷ ᠪᠤᠯ ᠮᠢᠨᠦ ᠨᠢᠭᠡ ᠨᠠᠰᠤᠨ ᠤ ᠰᠠᠶᠢᠨ ᠨᠠᠶᠢᠵᠢ᠂ ᠰᠡᠳᠭᠢᠯ ᠤᠨ ᠦᠨᠢᠲᠡ ᠶᠢᠨ ᠬᠦᠰᠢᠶ᠎ᠠ ᠮᠦᠨ᠂ ᠪᠢᠲᠠ ᠵᠠᠪᠠᠯ ᠲᠡᠭᠦᠨ ᠤ ᠶᠠᠪᠤᠭᠰᠠᠠ ᠵᠠᠮ ᠢᠶᠠᠷ᠂ ᠤᠭ ᠰᠠᠨᠠᠭ᠎ᠠ ᠪᠠᠨ ᠦᠯᠦ ᠮᠠᠷᠲᠠᠠ᠂ ᠦᠷᠬᠦᠯᠵᠢᠯᠡᠡ ᠤᠷᠤᠭᠰᠢᠯᠠᠵᠦ᠂ ᠲᠡᠭᠦᠨ ᠤ ᠬᠢᠵᠦ ᠲᠠᠭᠤᠰᠬᠠᠭᠰᠠᠠ ᠦᠭᠡᠢ ᠦᠢᠯᠡᠰ ᠢ ᠲᠤᠰᠤᠨ ᠠᠪᠴᠤ᠂ ᠵᠠᠯᠭᠠᠮᠵᠢᠯᠠᠠ ᠬᠢᠨ᠎ᠠ ᠭᠡᠪᠡ᠃ ᠯᠢ ᠵᠢᠢ ᠡᡁᠧᠩ ᠪᠠᠰᠠ᠂ ᠨᠢᠦ ᠢᠤᠢ ᠷᠦ᠋ ᠨᠦᠬᠦᠷ ᠪᠤᠯ ᠰᠢᠨ᠎ᠠ ᠴᠠᠬ ᠦᠶ᠎ᠠ ᠶᠢᠨ ᠦᠷᠬᠡᠨ ᠤᠯᠠᠨ ᠺᠠᠳ᠋ᠷ ᠨᠠᠷ ᠤᠨ ᠦᠯᠢᠬᠡᠷ ᠳᠠᠭᠤᠷᠢᠶᠡᠯ ᠮᠦᠨ᠃ ᠵᠢᠱᠢᠶᠡᠴᠢ ᠶᠢᠨ ᠬᠦᠴᠦᠨ ᠪᠤᠯ ᠯᠤᠳᠤ ᠶᠡᠭᠡ ᠪᠠᠶᠢᠳᠠᠬ᠂ ᠪᠢᠳᠡ ᠳᠡᠷᠬᠡᠳᠡᠬᠢ ᠳᠡᠷᠢᠬᠦᠨ ᠤ ᠵᠢᠱᠢᠶᠡᠴᠢ ᠨᠠᠷ ᠢᠶᠠᠨ ᠮᠠᠷᠳᠠᠵᠦ ᠪᠤᠯᠬᠤ ᠦᠬᠡᠢ᠃ ᠤᠳᠤᠬᠠᠨ ᠳᠤ᠂ ᠦᠪᠦᠷ ᠮᠤᠩᠭᠤᠯ ᠳᠤ ᠬᠦᠭᠵᠢᠯᠳᠡ ᠶᠢᠨ ᠠᠵᠠ ᠳᠤᠬᠢᠶᠠᠵᠤ ᠪᠤᠢ᠂ ᠦᠷᠬᠡᠨ ᠤᠯᠠᠨ ᠨᠠᠮ ᠤᠨ ᠬᠡᠰᠢᠬᠦᠨ ᠺᠠᠳ᠋ᠷᠴᠤᠳ ᠡᠷᠬᠡᠪᠰᠢ ᠶᠡᠷᠦᠩᠬᠡᠢ ᠱᠦᠵᠢ ᠰᠢ ᠶᠢᠨ ᠫᠢᠩ ᠤᠨ ᠵᠢᠭᠠᠪᠤᠷᠢ ᠱᠠᠭᠠᠷᠳᠠᠯᠭ᠎ᠠ ᠶᠢ ᠨᠠᠷᠢᠨ ᠬᠢᠨᠠᠮᠠᠭᠠᠢ ᠰᠤᠷᠤᠯᠴᠠᠨ ᠳᠤᠤᠱᠯᠠᠭᠤᠯᠵᠦ᠂ ᠨᠢᠦ ᠢᠤᠢ ᠷᠦ᠋ ᠨᠦᠬᠦᠷ ᠠᠴᠠ ᠲᠠᠭᠠᠨ ᠰᠤᠷᠤᠯᠴᠠᠵᠦ᠂ ᠨᠢᠦ ᠢᠤᠢ ᠷᠦ᠋ ᠨᠦᠬᠦᠷ ᠲᠠᠢ ᠠᠳᠠᠯᠢ ᠪᠠᠷ ᠬᠦᠮᠦᠨ ᠪᠤᠯᠵᠦ᠂ ᠳᠠᠷᠤᠭ᠎ᠠ ᠪᠤᠯᠵᠦ᠂ ᠶᠠᠪᠤᠳᠠᠯ ᠬᠢᠵᠦ᠂ ᠨᠠᠶᠢᠵᠢ ᠳᠠᠭᠠᠨ ᠬᠠᠨᠳᠤᠵᠦ᠂ ᠬᠡᠷ ᠪᠦᠯᠢ ᠳᠡᠭᠡᠨ ᠬᠠᠨᠳᠤᠵᠦ᠂ ᠨᠠᠮ ᠤᠨ ᠳᠦᠯᠦᠬᠡ ᠦᠨᠡᠨᠴᠢ ᠰᠢᠳᠤᠷᠭᠤ ᠵᠢᠳᠬᠦᠵᠦ᠂ ᠠᠷᠠᠳ ᠤᠨ ᠳᠦᠯᠦᠬᠡ ᠴᠢᠩ ᠰᠡᠳᠬᠢᠯ ᠠᠴᠠ ᠪᠠᠨ ᠦᠢᠯᠡᠴᠢᠯᠡᠵᠦ᠂ ᠡᠬᠡᠯ ᠵᠢᠷ ᠤᠨ ᠪᠦᠬᠡᠳ ᠠᠭᠤᠳᠠᠮ ᠪᠠᠭᠳᠠᠭᠠᠮᠵᠢᠳᠡᠢ᠂ ᠰᠢᠷᠭᠠᠭᠤ ᠬᠢᠴᠢᠶᠠᠩᠬᠦᠢ ᠠᠵᠢᠯᠯᠠᠵᠦ᠂ ᠨᠠᠮ ᠤᠨ ᠦᠢᠯᠡᠰ ᠲᠤ ᠬᠠᠶᠢᠷ᠎ᠠ ᠰᠡᠳᠬᠢᠯᠬᠡ ᠪᠠᠨ ᠪᠢᠯᠬᠠᠭᠤᠯᠵᠦ᠂ ᠦᠨᠳᠦᠰᠦᠳᠡᠨ ᠨᠦᠭᠦᠳ ᠤᠨ ᠠᠷᠠᠳ ᠳᠦᠮᠡᠨ ᠢ ᠴᠢᠩ ᠰᠡᠳᠬᠢᠯ ᠠᠴᠠ ᠪᠠᠨ ᠬᠠᠶᠢᠷᠠᠯᠠᠵᠦ᠂ ᠪᠤᠢ ᠪᠦᠬᠦᠢ ᠤᠶᠤᠨ ᠤᠬᠠᠭᠠᠨ ᠪᠤᠯᠤᠨ ᠬᠦᠴᠦᠨ ᠴᠢᠳᠠᠯ ᠢᠶᠠᠨ ᠡᠬᠡ ᠤᠯᠤᠰ ᠤᠨ ᠤᠮᠠᠷᠠᠳᠤ ᠶᠢᠨ ᠦᠵᠡᠰᠬᠦᠯᠡᠩᠳᠦ ᠰᠠᠶᠢᠬᠠᠨ ᠦᠵᠡᠮᠵᠢ ᠶᠢᠨ ᠤᠷᠤᠨ ᠢ ᠪᠠᠶᠢᠭᠤᠯᠬᠤ ᠠᠭᠤᠤ ᠶᠡᠭᠡ ᠦᠢᠯᠡᠳᠦᠯᠬᠡ ᠳᠤ ᠬᠠᠷᠠᠮ ᠦᠬᠡᠢ ᠵᠠᠷᠤᠴᠠᠭᠤᠯᠵᠦ᠂ ᠨᠠᠮ ᠳᠠᠭᠠᠨ ᠰᠡᠳᠬᠢᠯ ᠠᠮᠤᠷ᠂ ᠠᠷᠠᠳ ᠳᠦᠮᠡᠨ ᠳᠡᠭᠡᠨ ᠬᠠᠨᠤᠮᠵᠢᠳᠡᠢ ᠰᠠᠶᠢᠨ ᠨᠠᠮ ᠤᠨ ᠬᠡᠰᠢᠬᠦᠨ ᠺᠠᠳ᠋ᠷ ᠪᠤᠯᠬᠤ ᠪᠠᠷ ᠴᠢᠷᠮᠠᠶᠢᠬᠤ ᠬᠡᠷᠡᠭᠳᠡᠢ ᠬᠡᠪᠡ᠃

    ᠯᠢ ᠵᠢᠢ ᠾᠧᠩ ᠰᠢᠶᠧ ᠯᠢ ᠪᠤᠯᠤᠨ ᠭᠡᠷ ᠪᠦᠯᠢ ᠶᠢᠨ ᠬᠢᠨ ᠤ ᠪᠠᠶᠢᠳᠠᠯ ᠢ ᠳᠤᠳᠤᠨᠤᠰᠤᠭ ᠢᠶᠠᠷ ᠬᠠᠯᠠᠮᠵᠢᠯᠠᠨ ᠠᠰᠠᠭᠤᠪᠠ᠃ ᠨᠢᠦ ᠶᠤᠸᠠᠨ ᠹᠦ᠋ ᠨᠢᠭᠡᠨᠳᠠ ᠠᠵᠢᠯᠯᠠᠵᠦ ᠡᠬᠢᠯᠡᠭᠰᠡᠨ ᠢ ᠰᠤᠨᠤᠰᠤᠭᠠᠳ᠄ 《ᠡᠵᠢ ᠪᠠᠨ ᠰᠠᠶᠢᠨ ᠠᠰᠠᠷᠠᠵᠦ᠂ ᠦᠪᠡᠷ ᠤᠨ ᠠᠵᠢᠯ ᠢᠶᠠᠨ ᠰᠠᠶᠢᠨ ᠬᠢᠭᠡᠷᠡᠢ᠂ ᠡᠨᠡ ᠪᠤᠯ ᠠᠪᠤ ᠪᠠᠨ ᠰᠠᠨᠠᠭᠠᠯᠵᠠᠬᠤ ᠬᠠᠮᠤᠭ ᠰᠠᠶᠢᠨ ᠶᠠᠪᠤᠳᠠᠯ ᠪᠤᠯᠬᠤ ᠶᠤᠮ》 ᠭᠡᠵᠦ ᠵᠤᠷᠢᠭᠵᠢᠭᠤᠯᠬᠤ ᠶᠢᠨ ᠵᠡᠷᠭᠡᠪᠡᠷ ᠬᠠᠮᠳᠦ ᠶᠠᠪᠤᠭᠰᠠᠨ ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠪᠠᠶᠢᠩᠭᠤ ᠶᠢᠨ ᠭᠡᠰᠢᠬᠦᠨ ᠪᠤᠯᠤᠨ ᠬᠦᠬᠡᠬᠤᠳᠠ ᠶᠢᠨ ᠬᠠᠮᠢᠶ᠎ᠠ ᠪᠦᠬᠦᠢ ᠬᠠᠷᠢᠭᠤᠴᠠᠯᠭᠠᠳᠠᠨ ᠨᠦᠬᠦᠳ ᠲᠤ᠂ ᠨᠢᠦ ᠢᠤᠢ ᠷᠦ᠋ ᠶᠢᠨ ᠭᠡᠷ ᠪᠦᠯᠢ ᠶᠢᠨ ᠬᠢᠨ ᠤ ᠠᠮᠢᠳᠤᠷᠠᠯ ᠢ ᠬᠠᠷᠠᠭᠠᠯᠵᠠᠵᠦ᠂ ᠳᠡᠳᠡᠨ ᠤ ᠪᠤᠳᠠᠳᠠᠢ ᠬᠦᠴᠢᠷᠳᠡᠯ ᠢ ᠦᠨᠡᠨᠬᠦ ᠰᠢᠢᠳᠪᠤᠷᠢᠯᠡᠵᠦ ᠦᠭᠬᠦᠭᠡᠷᠡᠢ ᠭᠡᠵᠦ ᠰᠠᠨᠠᠭᠤᠯᠪᠠ᠃

    ᠦᠪᠦᠷ ᠮᠤᠩᠭ᠋ᠤᠯ ᠤᠨ ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠪᠠᠶᠢᠩᠭᠤ ᠶᠢᠨ ᠭᠡᠰᠢᠬᠦᠨ᠂ ᠬᠦᠬᠡᠬᠤᠳᠠ ᠶᠢᠨ ᠨᠠᠮ ᠤᠨ ᠬᠤᠷᠢᠶ᠎ᠠ ᠶᠢᠨ ᠱᠦᠵᠢ ᠨᠠᠰᠤᠨᠮᠦ᠋ᠩᠭᠡ᠂ ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠪᠠᠶᠢᠩᠭᠤ ᠶᠢᠨ ᠭᠡᠰᠢᠬᠦᠨ᠂ ᠨᠠᠷᠢᠨ ᠪᠢᠴᠢᠭ᠌ ᠤᠨ ᠳᠠᠷᠤᠭ᠎ᠠ ᠵᠠᠩ ᠶᠤᠸᠠᠨ ᠵᠦᠩ ᠨᠠᠷ ᠪᠠᠷ᠎ᠠ ᠪᠤᠯᠤᠯᠴᠠᠨ ᠪᠤᠯᠭᠤᠭᠠᠨ ᠦᠵᠡᠪᠡ᠃

ᠢᠷᠡᠯᠳᠡ᠄ ᠦᠪᠦᠷ ᠮᠤᠩᠭ᠋᠋ᠤᠯ ᠤᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120701119570918