蒙古文网站Logo
ᠰᠢᠨᠬᠤᠸᠠ ᠮᠤᠩᠭ᠋ᠤᠯ ᠨᠧᠲ

ᠯᠢ ᠵᠢᠢ ᠡᡁᠧᠩ ᠶᠢᠰᠦᠨ ᠰᠠᠷ᠎ᠠ ᠶᠢᠨ ᠶᠢᠰᠤᠨ ᠤ ᠪᠠᠶᠠᠷ ᠠᠴᠠ ᠡᠮᠦᠨᠡᠬᠡᠨ ᠨᠠᠰᠤᠲᠠᠶᠢᠴᠣᠳ ᠢ ᠡᠷᠬᠢᠨ ᠦᠵᠡᠵᠤ ᠲᠤᠬᠤᠨᠢᠭᠤᠯᠪᠠ

2016-10-08 13:35

ᠦᠪᠦᠷ ᠮᠤᠩᠭ᠋ᠤᠯ ᠤᠨ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠱᠦᠵᠢ ᠯᠢ ᠵᠢᠢ ᠡᡁᠧᠩ ᠤᠯᠠᠭᠠᠨᠬᠠᠳᠠ ᠬᠤᠳᠠ ᠶᠢᠨ ᠬᠤᠩᠱᠠᠨ ᠲᠤᠭᠤᠷᠢᠭ ᠤᠨ ᠴᠢᠯᠥᠬᠡᠯᠡᠯᠳᠡ ᠪᠠᠷᠠᠭᠤᠨ ᠵᠠᠮ ᠳᠤ ᠪᠠᠶᠢᠷᠢᠯᠠᠭ᠎ᠠ ᠶᠢᠨ ᠡᡁᠧ ᠮᠸᠢ ᠳ᠋ᠢ ᠲᠤᠭᠤᠷᠢᠭ ᠲᠤ ᠬᠦᠷᠴᠤ᠂ ᠰᠢᠨᠵᠢᠯᠡᠬᠦᠤ ᠨᠠᠰᠤᠲᠠᠨ ᠢ ᠲᠤᠲᠤᠨᠤᠰᠤᠭ ᠢᠶᠠᠷ ᠡᠷᠬᠢᠨ ᠦᠵᠡᠵᠤ ᠲᠤᠬᠤᠨᠢᠭᠤᠯᠪᠠ (ᠰᠤᠷᠪᠤᠯᠵᠢᠯᠠᠭᠴᠢ ᠶᠤᠸᠠᠨ ᠶᠦᠩ ᠬᠤᠩ ᠰᠡᠭᠦᠳᠡᠷᠯᠡᠪᠡ)

    ᠤᠢᠢᠷ᠎ᠠ ᠶᠢᠨ ᠡᠳᠤᠷ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠱᠦᠵᠢ ᠯᠢ ᠵᠢᠢ ᠡᡁᠧᠩ ᠤᠯᠠᠭᠠᠨᠬᠠᠳᠠ ᠬᠤᠳᠠ ᠳᠤ ᠪᠠᠶᠢᠴᠠᠭᠠᠨ ᠰᠤᠳᠤᠯᠤᠯᠳᠡ ᠬᠢᠵᠦ ᠪᠠᠶᠢᠬᠤ ᠳᠠᠭᠠᠨ ᠰᠢᠨᠵᠢᠯᠡᠬᠦᠤ᠂ ᠴᠧᠨ ᠰᠢᠦ ᠯᠢᠨ ᠬᠤᠶᠠᠷ ᠨᠠᠰᠤᠳᠠᠨ ᠢ ᠡᠷᠬᠢᠨ ᠦᠵᠡᠵᠥ ᠲᠤᠬᠤᠨᠢᠭᠤᠯᠤᠨ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠤ ᠡᠮᠤᠨ᠎ᠡ ᠠᠴᠠ ᠪᠦᠬᠦ ᠤᠷᠤᠨ ᠤ 410 ᠲᠦᠮᠡᠨ ᠨᠠᠰᠤᠳᠠᠶᠢᠴᠤᠳ ᠲᠤ ᠪᠠᠶᠠᠷ ᠤᠨ ᠡᠳᠤᠷ ᠤᠨ ᠮᠡᠨᠳᠤᠴᠢᠯᠡᠯ ᠲᠡᠪᠰᠢᠬᠦᠯᠵᠥ᠂ ᠦᠨᠳᠦᠰᠦᠳᠡᠨ ᠨᠦᠭᠦᠳ ᠤᠨ ᠨᠠᠰᠤᠳᠠᠶᠢᠴᠤᠳ ᠤᠨ ᠪᠡᠶ᠎ᠡ ᠮᠠᠬᠠᠪᠤᠳ ᠡᠷᠡᠬᠦᠯ ᠴᠢᠬᠢᠷᠠᠭ᠂ ᠭᠡᠷ ᠬᠤᠳᠠᠯᠠᠭᠠᠷ ᠢᠶᠠᠨ ᠵᠤᠯ ᠵᠢᠷᠭᠠᠯᠳᠠᠢ᠂ ᠰᠠᠨᠠᠭᠰᠠᠠ ᠶᠠᠪᠤᠳᠠᠯ ᠨᠢ ᠰᠠᠨᠠᠭᠠᠴᠢᠯᠠᠨ ᠪᠦᠳᠦᠬᠦ ᠶᠢ ᠪᠡᠯᠬᠡᠳᠡᠵᠠᠢ᠃

    ᠬᠤᠩᠱᠠᠨ ᠲᠤᠭᠤᠷᠢᠭ ᠤᠨ ᠴᠢᠯᠥᠬᠡᠯᠡᠯᠳᠡ ᠪᠠᠷᠠᠭᠤᠨ ᠵᠠᠮ ᠳᠤ ᠪᠠᠶᠢᠷᠢᠯᠠᠭ᠎ᠠ ᠶᠢᠨ ᠡᡁᠧ ᠮᠸᠢ ᠳ᠋ᠢ ᠲᠤᠭᠤᠷᠢᠭ ᠭᠤᠶᠤ ᠰᠠᠶᠢᠬᠠᠨ ᠪᠦᠭᠡᠳ ᠨᠠᠮ ᠵᠢᠮᠬᠡᠨ ᠪᠠᠶᠢᠯ᠎ᠠ᠃ 86 ᠨᠠᠰᠤᠳᠠᠢ ᠮᠤᠩᠭᠤᠯ ᠨᠠᠰᠤᠳᠠᠨ ᠰᠢᠨᠵᠢᠯᠡᠬᠦᠤ ᠶᠢᠨ ᠬᠢᠨ ᠠᠳᠡ ᠰᠠᠭᠤᠵᠥ ᠪᠠᠶᠢᠳᠠᠭ᠃ ᠨᠠᠰᠤᠳᠠᠨ ᠤ ᠭᠡᠷ ᠲᠤᠨᠢ ᠤᠷᠤᠮᠠᠭᠴᠠ᠂ ᠯᠢ ᠵᠢᠢ ᠡᡁᠧᠩ᠄《ᠶᠢᠰᠦᠨ ᠰᠠᠷ᠎ᠠ ᠶᠢᠨ ᠶᠢᠰᠦᠨ ᠤ ᠪᠠᠶᠠᠷ ᠤᠳᠠᠯ ᠦᠭᠡᠢ ᠬᠦᠷᠴᠦ ᠢᠷᠡᠬᠦ ᠪᠤᠯᠤᠯ᠎ᠠ᠂ ᠲᠠᠨ ᠳᠤ ᠪᠠᠶᠠᠷ ᠤᠨ ᠡᠳᠤᠷ ᠤᠨ ᠮᠡᠨᠳᠤᠴᠢᠯᠠᠯ ᠬᠦᠷᠬᠡᠶ᠎ᠡ》ᠬᠡᠪᠡ᠃ ᠨᠠᠰᠤᠳᠠᠨ ᠤ ᠨᠠᠰᠤᠨ ᠰᠡᠬᠦᠳᠡᠷ ᠦᠨᠳᠤᠷ ᠪᠤᠯᠤᠭᠰᠠᠠ ᠴᠦ ᠨᠡᠶᠢᠭᠡᠮ ᠲᠤᠭᠤᠷᠢᠭ ᠤᠨ ᠠᠵᠢᠯ ᠳᠤ ᠢᠳᠡᠪᠬᠢᠳᠡᠢ ᠤᠷᠤᠯᠴᠠᠳᠠᠭ ᠢ ᠰᠤᠨᠤᠰᠤᠭᠠᠳ᠂ ᠯᠢ ᠵᠢᠢ ᠡᡁᠧᠩ᠄《 ᠨᠠᠷᠠ ᠵᠢᠷᠭᠠᠵᠥ ᠪᠦᠷᠦᠢ ᠪᠤᠯᠤᠭᠰᠠᠠ ᠴᠦ ᠦᠳᠡᠰᠢ ᠶᠢᠨ ᠤᠳᠤᠳ ᠲᠡᠭᠷᠢ ᠳᠤ ᠬᠢᠯᠠᠯᠵᠠᠨ᠎ᠠ᠃ ᠦᠷᠭᠡᠨ ᠤᠯᠠᠨ ᠨᠠᠰᠤᠳᠠᠶᠢᠴᠤᠳ ᠦᠳᠡᠯᠥᠭᠰᠡᠡ ᠴᠦ ᠠᠵᠢᠯᠯᠠᠬᠤ ᠪᠠᠨ ᠪᠠᠷᠢᠮᠳᠠᠯᠠᠵᠥ᠂ ᠮᠠᠨ ᠤ ᠤᠷᠤᠨ ᠤ ᠠᠵᠥ ᠠᠬᠤᠢ ᠨᠡᠶᠢᠭᠡᠮ ᠤᠨ ᠬᠦᠭᠵᠢᠯᠳᠡ ᠳᠤ ᠪᠠᠯᠠᠷᠠᠰᠢ ᠦᠭᠡᠢ ᠬᠤᠪᠢ ᠨᠡᠮᠡᠷᠢ ᠦᠵᠡᠬᠦᠯᠵᠦ ᠪᠤᠢ᠃ ᠡᠨᠡ ᠨᠢ ᠪᠢᠳᠡᠨ ᠤ ᠰᠤᠷᠤᠯᠴᠠᠭᠤᠰᠢᠳᠠᠢ ᠵᠦᠢᠯ ᠪᠤᠯᠬᠤ ᠶᠤᠮ》ᠬᠡᠵᠥ ᠬᠡᠯᠡᠪᠡ᠃ ᠪᠠᠶᠠᠷ ᠬᠦᠷ ᠲᠠᠢ ᠪᠠᠶᠢᠳᠠᠯ ᠲᠤᠮᠳᠠ᠂ ᠨᠠᠰᠤᠳᠠᠨ ᠤ ᠬᠦᠤ ᠪᠤᠤ ᠬᠤᠩ ᠵᠢᠶᠦ᠋ᠨ ᠠᠪᠤ ᠳᠠᠭᠠᠨ《ᠠᠪᠤ ᠡᠵᠢ ᠶᠢᠨ ᠨᠤᠳᠤᠭ ᠤᠰᠤ》ᠬᠡᠬᠦ ᠲᠠᠭᠤᠤ ᠶᠢ ᠲᠠᠭᠤᠯᠠᠵᠥ᠂ ᠪᠦᠬᠦ ᠨᠠᠰᠤᠳᠠᠶᠢᠴᠤᠳ ᠤᠨ ᠵᠤᠯ ᠵᠢᠷᠭᠠᠯᠳᠠᠢ ᠡᠷᠡᠬᠦᠯ ᠲᠡᠩᠬᠡᠯᠡᠬᠦᠨ ᠪᠠᠶᠢᠬᠤ ᠶᠢ ᠪᠡᠯᠬᠡᠳᠡᠪᠡ᠃

    ᠵᠤᠤ ᠤᠳᠠ ᠨᠡᠶᠢᠭᠡᠮ ᠲᠤᠭᠤᠷᠢᠭ ᠲᠤ ᠰᠠᠭᠤᠭ᠎ᠠ ᠮᠠᠨᠵᠦ ᠦᠨᠳᠦᠰᠦᠲᠡᠨ ᠤ ᠨᠠᠰᠤᠲᠠᠨ ᠴᠧᠨ ᠰᠢᠦ ᠯᠢᠨ ᠡᠨᠡ ᠵᠢᠯ 92 ᠨᠠᠰᠤᠲᠠᠢ᠂ ᠲᠠᠪᠤᠨ ᠦᠶ᠎ᠡ ᠪᠠᠷ ᠢᠶᠠᠨ ᠨᠢᠭᠡ ᠭᠡᠷ ᠲᠤ ᠰᠠᠭᠤᠵᠦ ᠪᠤᠢ᠃ ᠯᠢ ᠵᠢᠢ ᠾᠧᠩ ᠨᠠᠰᠤᠲᠠᠨ ᠤ ᠭᠠᠷ ᠢ ᠠᠳᠬᠤᠵᠦ᠄ 《ᠪᠡᠶ᠎ᠡ ᠴᠢᠨᠢ ᠰᠠᠶᠢᠨ ᠤᠤ﹖》 ᠭᠡᠵᠦ ᠠᠰᠠᠭᠤᠭᠰᠠᠨ ᠳᠤ ᠴᠤᠭ ᠵᠢᠪᠬᠤᠭ᠎ᠠ ᠲᠠᠢ ᠴᠧᠨ ᠨᠠᠰᠤᠳᠡᠨ ᠪᠠᠶᠠᠰᠤᠩᠭᠤᠢ ᠪᠠᠷ᠄ 《ᠭᠠᠶᠢᠭᠤᠢ᠂ ᠬᠦᠦ ᠪᠤᠯᠤᠨ ᠬᠦᠦ ᠪᠡᠷᠢ ᠪᠦᠷ ᠠᠴᠢᠯᠠᠯ ᠵᠢᠷᠤᠮ ᠲᠠᠢ 》 ᠭᠡᠵᠦ ᠬᠠᠷᠢᠭᠤᠯᠪᠠ᠃ ᠯᠢ ᠵᠢᠢ ᠾᠧᠩ ᠨᠠᠰᠤᠲᠠᠨ ᠲᠠᠢ ᠱᠠᠹᠠ ᠳᠡᠭᠡᠷ᠎ᠡ ᠵᠠᠷᠭᠡᠴᠡᠨ ᠰᠠᠭᠤᠭᠠᠳ ᠪᠡᠶ᠎ᠡ ᠮᠠᠬᠠᠪᠤᠳ ᠪᠤᠯᠤᠨ ᠡᠳᠦᠷ ᠲᠤᠳᠤᠮ ᠤᠨ ᠠᠮᠢᠳᠤᠷᠠᠯ ᠤᠨ ᠪᠠᠶᠢᠳᠠᠯ ᠢ ᠨᠢ ᠬᠠᠯᠠᠮᠵᠢᠯᠠᠨ ᠠᠰᠠᠭᠤᠯ᠎ᠠ᠃ ᠨᠠᠰᠤᠳᠡᠨ ᠤ ᠦᠷ᠎ᠡ ᠬᠡᠤᠬᠡᠳ ᠨᠢ ᠡᠵᠢ ᠶᠢᠨ ᠢᠶᠠᠨ ᠤᠷᠲᠦ ᠨᠠᠰᠤᠯᠠᠭᠰᠠᠨ ᠨᠢᠭᠤᠴᠠ ᠵᠤᠷ ᠤᠨ ᠲᠤᠬᠠᠢ ᠶᠠᠷᠢᠬᠤ ᠳᠠᠭᠠᠨ᠂ ᠰᠡᠳᠭᠢᠯ ᠪᠠᠶᠠᠰᠤᠩᠭᠤᠢ᠂ ᠰᠠᠨᠠᠭ᠎ᠠ ᠲᠠᠯᠪᠢᠭᠤ᠂ ᠭᠡᠷ ᠵᠠᠭᠤᠷ᠎ᠠ ᠡᠶ᠎ᠡ ᠨᠠᠶᠢᠷ ᠲᠠᠢ ᠠᠴᠠ ᠭᠠᠳᠠᠨ᠎ᠠ ᠪᠠᠰᠠ ᠨᠠᠮ ᠪᠤᠯᠤᠨ ᠵᠠᠰᠠᠭ ᠤᠨ ᠤᠷᠳᠤᠨ ᠤ ᠲᠦᠷᠦ ᠶᠢᠨ ᠪᠤᠳᠤᠯᠭ᠎ᠠ ᠶᠢᠨ ᠠᠴᠢ ᠲᠤᠰᠠ ᠠᠴᠠ ᠪᠤᠯᠤᠭᠰᠠᠨ ᠶᠤᠮ ᠭᠡᠪᠡ᠃ ᠯᠢ ᠵᠢᠢ ᠾᠧᠩ᠄ 《ᠵᠤᠭᠤᠰ ᠮᠦᠩᠭᠦ ᠡᠯᠪᠡᠭ᠌ ᠪᠠᠶᠢᠭᠰᠠᠨ ᠴᠤ ᠲᠡᠷᠡ᠂ ᠳᠠᠳᠠᠭᠤ ᠪᠠᠶᠢᠭᠰᠠᠨ ᠴᠤ ᠲᠡᠷᠡ᠂ ᠪᠠᠶᠠᠰᠤᠩᠭᠤᠢ ᠪᠠᠶᠢᠬᠤ ᠨᠢ ᠰᠠᠶᠢᠨ᠂ ᠦᠲᠡᠯᠦᠭᠰᠡᠨ ᠴᠤ ᠲᠡᠷᠡ᠂ ᠵᠠᠯᠠᠭᠤ ᠴᠤ ᠲᠡᠷᠡ᠂ ᠡᠷᠡᠭᠦᠯ ᠮᠡᠨᠳᠦ ᠪᠠᠶᠢᠬᠤ ᠨᠢ ᠰᠠᠶᠢᠨ᠃ ᠲᠠᠨ ᠤ ᠤᠷᠲᠤ ᠨᠠᠰᠤᠯᠠᠵᠦ ᠤᠲᠠᠭᠠᠨ ᠵᠢᠷᠭᠠᠬᠤ ᠶᠢ ᠪᠡᠯᠬᠡᠳᠡᠬᠦ ᠶᠢᠨ ᠬᠠᠮᠲᠦ ᠨᠠᠰᠤᠲᠠᠶᠢᠴᠤᠳ ᠨᠢᠬᠡᠪᠤᠷᠢ ᠶᠢᠨ ᠲᠠᠩᠰᠤᠭ ᠪᠠᠶᠠᠰᠤᠩᠭᠤᠢ ᠠᠮᠢᠳᠤᠷᠠᠬᠤ ᠶᠢ ᠪᠡᠯᠭᠡᠳᠡᠶ᠎ᠡ 》 ᠭᠡᠪᠡ᠃

    ᠯᠢ ᠵᠢᠢ ᠾᠧᠩ ᠬᠤᠶᠠᠷ ᠨᠠᠰᠤᠲᠠᠨ ᠳᠤ ᠲᠤᠰᠪᠤᠷᠢ ᠪᠠᠶᠠᠷ ᠤᠨ ᠡᠳᠦᠷ ᠤᠨ ᠺᠠᠷᠲ ᠪᠢᠴᠢᠨ ᠦᠭᠴᠦ᠂ 《 ᠪᠤᠶᠠᠨ ᠬᠡᠰᠢᠭ ᠴᠢᠨᠢ ᠪᠠᠶᠠᠨ ᠳᠠᠯᠠᠢ ᠰᠢᠬ ᠪᠤᠯᠳᠤᠭᠠᠢ 》 ᠭᠡᠰᠡᠨ ᠪᠡᠯᠬᠡᠳᠡᠯ ᠲᠡᠪᠰᠢᠭᠦᠯᠵᠠᠢ᠃ ᠲᠡᠷᠡ ᠪᠡᠷ᠎ᠠ ᠪᠤᠯᠵᠤ ᠶᠠᠪᠤᠭ᠎ᠠ ᠬᠤᠯᠪᠤᠭᠳᠠᠯ ᠪᠦᠬᠦᠢ ᠰᠠᠯᠠᠭ᠎ᠠ ᠮᠦᠴᠢᠷ ᠤᠨ ᠬᠠᠷᠢᠭᠤᠴᠠᠯᠭᠠᠲᠠᠨ ᠳᠤ᠂ ᠤᠳᠤᠬᠠᠨ ᠳᠤ ᠥᠪᠤᠷ ᠮᠤᠩᠭᠤᠯ ᠨᠢᠬᠡᠨᠳᠡ ᠦᠲᠡᠭᠦᠰ ᠤᠨ ᠨᠡᠶᠢᠭᠡᠮ ᠳᠤ ᠤᠷᠤᠭᠠᠳ ᠪᠤᠢ᠂ ᠡᠯ᠎ᠡ ᠱᠠᠲᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠡᠷᠬᠡᠪᠰᠢ ᠲᠡᠭᠡᠳᠦ ᠬᠡᠮᠵᠢᠶ᠎ᠡ ᠪᠠᠷ ᠴᠢᠬᠤᠯᠠᠴᠢᠯᠠᠨ ᠦᠵᠡᠵᠦ᠂ ᠦᠲᠡᠭᠦᠰ ᠤᠨ ᠠᠵᠢᠯ ᠢ ᠯᠠᠪᠳᠠᠭᠤᠨ ᠪᠠᠲᠤᠲᠠᠢ ᠬᠢᠵᠦ᠂ ᠨᠠᠰᠤᠲᠠᠨ ᠢ ᠠᠰᠠᠷᠠᠬᠤ ᠦᠢᠯᠡᠴᠢᠯᠡᠭᠡ ᠶᠢᠨ ᠠᠵᠢᠯ ᠲᠦᠷᠦᠯ ᠢ ᠶᠡᠬᠡᠪᠡᠷ ᠬᠦᠭᠵᠢᠭᠦᠯᠵᠦ᠂ ᠠᠪᠤ ᠡᠵᠢ ᠪᠠᠨ ᠠᠴᠢᠯᠠᠨ ᠠᠭᠰᠢᠷᠠᠭ᠎ᠠ ᠨᠠᠰᠤᠲᠠᠨ ᠢ ᠬᠦᠨᠳᠦᠯᠡᠬᠦ ᠰᠠᠶᠢᠨ ᠰᠤᠷᠲᠠᠯ ᠢ ᠢᠲᠡᠪᠬᠢᠲᠠᠢ ᠪᠠᠳᠠᠷᠠᠭᠤᠯᠵᠦ᠂ ᠪᠦᠬᠦ ᠨᠡᠶᠢᠭᠡᠮ ᠳᠤ ᠨᠠᠰᠤᠲᠠᠨ ᠢ ᠬᠦᠨᠳᠦᠯᠡᠬᠦ᠂ ᠨᠠᠰᠤᠲᠠᠨ ᠢ ᠠᠰᠠᠷᠠᠬᠤ᠂ ᠨᠠᠰᠤᠲᠠᠨ ᠢ ᠬᠠᠶᠢᠷᠠᠯᠠᠬᠤ᠂ ᠨᠠᠰᠤᠲᠠᠨ ᠢ ᠲᠤᠰᠠᠯᠠᠬᠤ ᠰᠠᠶᠢᠨ ᠰᠠᠶᠢᠬᠠᠨ ᠠᠭᠤᠷ ᠠᠮᠢᠰᠬᠤᠯ ᠢ ᠪᠤᠢ ᠪᠤᠯᠭᠠᠵᠦ᠂ ᠨᠠᠰᠤᠲᠠᠶᠢᠴᠤᠳ ᠢ ᠦᠲᠡᠯᠦᠭᠡ ᠨᠠᠰᠤᠨ ᠳᠤᠨᠢ ᠵᠤᠯ ᠵᠢᠷᠭᠠᠯ ᠲᠠᠢ ᠠᠮᠤᠷ ᠲᠠᠶᠢᠪᠤᠭᠤ ᠠᠮᠢᠳᠤᠷᠠᠭᠤᠯᠵᠦ᠂ ᠠᠵᠦ ᠠᠬᠤᠢ ᠨᠡᠶᠢᠭᠡᠮ ᠤᠨ ᠬᠦᠭᠵᠢᠯᠲᠡ ᠶᠢᠨ ᠦᠷ᠎ᠡ ᠪᠦᠲᠦᠭᠡᠯ ᠢ ᠡᠳ᠋ᠯᠡᠬᠦᠯᠬᠦ ᠬᠡᠷᠡᠭᠲᠠᠢ ᠭᠡᠵᠦ ᠵᠠᠬᠢᠪᠡ᠃

    ᠦᠪᠦᠷ ᠮᠤᠩᠭ᠋᠋ᠤᠯ ᠤᠨ ᠥᠪᠡᠷᠳᠡᠭᠡᠨ ᠵᠠᠰᠠᠬᠤ ᠤᠷᠤᠨ ᠤ ᠤᠳᠤᠷᠢᠳᠤᠯᠭ᠎ᠠ ᠵᠠᠩ ᠶᠤᠸᠠᠨ ᠵᠦᠩ᠂ ᠪᠠᠢ ᠰᠢᠶᠠᠩ ᠴᠢᠶᠦ᠋ᠨ ᠡᠷᠬᠢᠨ ᠦᠵᠡᠬᠦ ᠳᠤ ᠤᠷᠤᠯᠴᠠᠵᠠᠢ᠃ 

ᠢᠷᠡᠯᠳᠡ᠄ ᠦᠪᠦᠷ ᠮᠤᠩᠭ᠋ᠤᠯ ᠤᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120691119673994