蒙古文网站Logo
ᠰᠢᠨᠬᠤᠸᠠ ᠮᠤᠩᠭ᠋ᠤᠯ ᠨᠧᠲ

ᠬᠦᠬᠡᠬᠤᠳᠠ ᠶᠢᠨ ᠤᠤᠯ ᠤᠨ ᠬᠤᠳᠠ ᠶᠢᠨ ᠳᠠᠷᠤᠭ᠎ᠠ ᠲᠠᠩ ᠠᠢ ᠵᠢᠶᠦ᠋ᠨ ᠳᠤ 12 ᠵᠢᠯ ᠤᠨ ᠬᠤᠷᠢᠬᠤ ᠶᠠᠯ᠎ᠠ ᠤᠨᠤᠭᠠᠪᠠ

2016-11-01 10:33

    ᠰᠢᠨᠬᠤᠧᠠ ᠬᠤᠷᠢᠶ᠎ᠠ   ᠬᠦᠬᠡᠬᠤᠳᠠ ᠶᠢᠨ 10 ᠰᠠᠷ᠎ᠠ ᠶᠢᠨ 31 ᠤ ᠡᠳᠦᠷ ᠤᠨ ᠴᠠᠬᠢᠯᠭᠠᠨ ᠮᠡᠳᠡᠬᠡ (ᠰᠤᠷᠪᠤᠯᠵᠢᠯᠠᠭᠴᠢ ᠯᠢᠦ ᠢ ᠳ᠋ᠧ) ᠰᠤᠷᠪᠤᠯᠵᠢᠯᠠᠭᠴᠢ 31 ᠤ ᠡᠳᠦᠷ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠤᠷᠳᠤᠰ ᠬᠤᠳᠠ ᠶᠢᠨ ᠳᠤᠮᠳᠠ ᠵᠡᠷᠬᠡ ᠶᠢᠨ ᠠᠷᠠᠳ ᠤᠨ ᠰᠢᠬᠦᠬᠦ ᠬᠤᠷᠢᠶᠠᠨ ᠡᠴᠡ ᠤᠶᠢᠯᠠᠭᠠᠭᠰᠠᠨ ᠢᠶᠡᠷ᠂ ᠳᠤᠰ ᠡᠳᠦᠷ ᠬᠦᠬᠡᠬᠤᠳᠠ ᠶᠢᠨ ᠨᠠᠮ ᠤᠨ ᠬᠤᠷᠢᠶᠠᠨ ᠤ ᠤᠤᠯ ᠤᠨ ᠳᠡᠳ᠋ ᠱᠦᠵᠢ᠂ ᠤᠤᠯ ᠤᠨ ᠬᠤᠳᠠ ᠶᠢᠨ ᠳᠠᠷᠤᠭ᠎ᠠ ᠲᠠᠩ ᠠᠢ ᠵᠢᠶᠦ᠋ᠨ ᠤ ᠠᠪᠯᠢᠭᠠᠯ ᠤᠨ ᠬᠡᠷᠡᠭ ᠲᠤ ᠠᠩᠬᠠᠨ ᠤ ᠰᠢᠬᠦᠯᠳᠡ ᠬᠢᠵᠤ᠂ 12 ᠵᠢᠯ ᠤᠨ ᠬᠤᠷᠢᠬᠤ ᠶᠠᠯ᠎ᠠ ᠤᠨᠤᠭᠠᠨ᠂ 100 ᠳᠦᠮᠡᠨ ᠳᠦᠬᠦᠷᠢᠭ ᠢᠶᠡᠷ ᠳᠤᠷᠭᠠᠵᠤ᠂ ᠳᠡᠬᠦᠨ ᠤ ᠳᠤᠰᠢᠶᠠᠭᠰᠠᠨ ᠪᠦᠬᠦᠶᠢᠯᠡ ᠬᠠᠤᠯᠢ ᠪᠤᠰᠤ ᠡᠳ᠋ ᠬᠦᠷᠦᠩᠬᠡ ᠶᠢ ᠤᠯᠤᠰ ᠤᠨ ᠬᠦᠮᠦᠷᠬᠡ ᠳᠤ ᠳᠤᠰᠢᠶᠠᠬᠤ ᠪᠡᠷ ᠪᠤᠯᠵᠠᠢ᠃

    ᠲᠠᠩ ᠠᠢ ᠵᠢᠶᠦ᠋ᠨ 1997 ᠤᠨ ᠤ 6 ᠰᠠᠷ᠎ᠠ ᠡᠴᠡ 2000 ᠤᠨ ᠤ 2 ᠰᠠᠷ᠎ᠠ ᠪᠤᠯᠳᠠᠯ᠎ᠠ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠳᠡᠳ᠋ ᠨᠠᠷᠢᠨ ᠪᠢᠴᠢᠭ᠌ ᠤᠨ ᠳᠠᠷᠤᠭ᠎ᠠ᠂ 2000 ᠤᠨ ᠤ 2 ᠰᠠᠷ᠎ᠠ ᠡᠴᠡ 2003 ᠤᠨ ᠤ 4 ᠰᠠᠷ᠎ᠠ ᠪᠤᠯᠳᠠᠯ᠎ᠠ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠤᠯᠤᠰ ᠤᠨ ᠪᠠᠳᠤᠯᠠᠨ ᠬᠠᠮᠠᠭᠠᠯᠠᠯᠳᠠ ᠶᠢᠨ ᠰᠢᠨᠵᠢᠯᠡᠬᠦ ᠤᠬᠠᠭᠠᠨ ᠲᠧᠭᠨᠤᠯᠤᠬᠢ ᠠᠵᠤ ᠦᠢᠯᠡᠳᠪᠦᠷᠢ ᠶᠢᠨ ᠠᠯᠪᠠᠨ ᠤ ᠡᠷᠬᠢᠯᠡᠭᠴᠢ᠂ 2003 ᠤᠨ ᠤ 4 ᠰᠠᠷ᠎ᠠ ᠡᠴᠡ 2005 ᠤᠨ ᠤ 1 ᠰᠠᠷ᠎ᠠ ᠪᠤᠯᠳᠠᠯ᠎ᠠ ᠬᠦᠯᠦᠨ ᠪᠤᠶᠢᠷ ᠬᠤᠳᠠ ᠶᠢᠨ ᠨᠠᠮ ᠤᠨ ᠬᠤᠷᠢᠶᠠᠨ ᠤ ᠳᠡᠳ᠋ ᠱᠦᠵᠢ᠂ ᠬᠤᠳᠠ ᠶᠢᠨ ᠳᠠᠷᠤᠭ᠎ᠠ᠂ 2005 ᠤᠨ ᠤ 1 ᠰᠠᠷ᠎ᠠ ᠡᠴᠡ 2010 ᠤᠨ ᠤ 4 ᠰᠠᠷ᠎ᠠ ᠪᠤᠯᠳᠠᠯ᠎ᠠ ᠬᠦᠬᠡᠬᠤᠳᠠ ᠶᠢᠨ ᠨᠠᠮ ᠤᠨ ᠬᠤᠷᠢᠶᠠᠨ ᠤ ᠳᠡᠳ᠋ ᠱᠦᠵᠢ᠂ ᠤᠷᠤᠯᠠᠭᠴᠢ ᠬᠤᠳᠠ ᠶᠢᠨ ᠳᠠᠷᠤᠭ᠎ᠠ᠂ ᠬᠤᠳᠠ ᠶᠢᠨ ᠳᠠᠷᠤᠭ᠎ᠠ ᠵᠡᠷᠬᠡ ᠳᠤᠰᠢᠶᠠᠯ ᠤᠳ ᠢ ᠬᠠᠷᠢᠭᠤᠴᠠᠵᠤ ᠪᠠᠶᠢᠭᠰᠠᠨ ᠢᠶᠡᠨ 2013 ᠤᠨ ᠤ 12 ᠰᠠᠷ᠎ᠠ ᠳᠤ ᠳᠡᠳᠬᠦᠪᠦᠷᠢ ᠳᠤ ᠭᠠᠷᠴᠠᠢ᠃

    1999 ᠤᠨ ᠡᠴᠡ 2013 ᠤᠨ ᠪᠤᠯᠳᠠᠯ᠎ᠠ ᠲᠠᠩ ᠠᠢ ᠵᠢᠶᠦ᠋ᠨ ᠳᠤᠰᠢᠶᠠᠯ ᠢᠶᠡᠨ ᠤᠷᠪᠠᠭᠤᠯᠤᠨ ᠠᠰᠢᠭᠯᠠᠵᠤ ᠦᠷ᠎ᠡ ᠬᠡᠤᠬᠡᠳ ᠤᠨ ᠢᠶᠡᠨ ᠰᠤᠷᠭᠠᠭᠤᠯᠢ ᠳᠤ ᠤᠷᠤᠬᠤ᠂ ᠺᠠᠳ᠋ᠷᠴᠤᠳ ᠤᠨ ᠵᠡᠷᠬᠡ ᠳᠡᠰ ᠳᠡᠪᠰᠢᠬᠦ᠂ ᠠᠵᠢᠯ ᠠᠯᠪᠠ ᠳᠤᠬᠢᠷᠠᠭᠤᠯᠬᠤ᠂ ᠪᠠᠷᠢᠯᠭ᠎ᠠ ᠪᠠᠶᠢᠭᠤᠯᠤᠮᠵᠢ ᠶᠢᠨ ᠳᠦᠰᠦᠯ ᠤᠯᠭᠤᠬᠤ ᠵᠡᠷᠬᠡ ᠳᠠᠯ᠎ᠠ ᠪᠡᠷ ᠬᠦᠯᠦᠨ ᠪᠤᠶᠢᠷ ᠬᠤᠳᠠ ᠶᠢᠨ ᠬᠦ᠋ ᠱᠧᠩ ᠠᠭᠤᠯᠠ ᠠᠭᠤᠷᠬᠠᠢ ᠶᠢᠨ ᠬᠢᠵᠠᠭᠠᠷᠳᠤ ᠺᠤᠮᠫᠠᠨᠢ ᠶᠢᠨ ᠬᠡᠷᠡᠭ ᠮᠡᠳᠡᠭᠴᠢᠳ ᠤᠨ ᠳᠠᠷᠤᠭ᠎ᠠ ᠵᠤᠤ ᠭᠤᠧᠠᠩ ᠢᠤᠢ᠂ ᠦᠪᠦᠷ ᠮᠤᠩᠭᠤᠯ ᠤᠨ ᠸᠠᠨ ᠮᠢᠩ ᠠᠵᠤ ᠠᠬᠤᠶᠢᠯᠠᠯ ᠤᠨ ᠬᠢᠵᠠᠭᠠᠷᠳᠤ ᠺᠤᠮᠫᠠᠨᠢ ᠶᠢᠨ ᠬᠠᠤᠯᠢ ᠶᠢᠨ ᠳᠦᠯᠦᠬᠡᠯᠡᠭᠴᠢ ᠡᠦ ᠴᠢᠶᠠᠨ᠂ ᠯᠢ ᠵᠢᠶᠠᠨ ᠶᠦᠩ ᠵᠡᠷᠬᠡ 59 ᠬᠦᠮᠦᠨ ᠡᠴᠡ ᠮᠤᠨᠳᠠᠭ ᠠᠰᠢᠭ ᠬᠦᠷᠳᠡᠵᠤ ᠠᠪᠯᠢᠭᠠᠯᠠᠭᠰᠠᠨ ᠮᠦᠩᠬᠦ ᠨᠢ 1789.99104 ᠳᠦᠮᠡᠨ ᠳᠦᠬᠦᠷᠢᠭ᠌ ᠲᠤ ᠬᠦᠷᠴᠠᠢ᠃

    ᠬᠡᠷᠡᠭ ᠨᠢ ᠢᠯᠡᠴᠢᠯᠡᠭᠳᠡᠭᠰᠡᠨ ᠤ ᠳᠠᠷᠠᠭ᠎ᠠ᠂ ᠲᠠᠩ ᠠᠢ ᠵᠢᠶᠦ᠋ᠨ ᠬᠡᠷᠡᠭ ᠢ ᠰᠢᠶ᠋ᠳᠪᠦᠷᠢᠯᠡᠬᠦ ᠪᠠᠶᠢᠭᠤᠯᠭ᠎ᠠ ᠳᠤ ᠰᠠᠨᠠᠭᠠᠴᠢᠯᠠᠭ᠎ᠠ ᠡᠴᠡ ᠪᠡᠨ ᠪᠦᠬᠦᠨ ᠢ ᠳᠤᠰᠢᠶᠠᠵᠤ᠂ ᠬᠠᠤᠯᠢ ᠶᠢᠨ ᠳᠠᠭᠠᠤ ᠬᠦᠩᠬᠡᠨ ᠰᠢᠳᠬᠡᠬᠦ ᠶᠢ ᠭᠤᠶᠤᠭᠰᠠᠨ ᠪᠠᠶᠢᠨ᠎ᠠ᠃ ᠳᠡᠷᠡᠪᠡᠷ ᠡᠬᠡᠨᠡᠷ ᠸᠠᠩ ᠷᠦᠩ ᠵᠢᠶᠧ᠂ ᠬᠦᠦ ᠲᠠᠩ ᠽᠦᠩ ᠵᠢᠴᠢ ᠪᠤᠰᠤᠳ ᠬᠡᠷᠡᠴᠢᠯᠡᠭᠴᠢ ᠢ ᠢᠳᠬᠠᠨ ᠬᠡᠷᠡᠭ ᠢᠶᠡᠨ ᠢᠳᠡᠪᠬᠢᠳᠡᠢ ᠳᠤᠰᠢᠶᠠᠨ ᠶᠠᠯ᠎ᠠ ᠪᠡᠨ ᠮᠡᠳᠡᠷᠡᠵᠤ᠂ ᠠᠪᠯᠢᠭᠠᠯᠠᠭᠰᠠᠨ ᠡᠳ᠋ ᠮᠦᠩᠬᠦ ᠪᠡᠨ ᠪᠦᠬᠦᠨ ᠢ ᠢᠳᠡᠪᠬᠢᠳᠡᠢ ᠳᠤᠰᠢᠶᠠᠵᠠᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120701119826673