蒙古文网站Logo
ᠰᠢᠨᠬᠤᠸᠠ ᠮᠤᠩᠭ᠋ᠤᠯ ᠨᠧᠲ

ᠪᠦᠷᠢᠨᠪᠠᠶᠠᠷ ᠭᠡᠰᠢᠭᠦᠨ᠄ ᠪᠡᠶ᠎ᠡ ᠶᠢᠨ ᠲᠠᠮᠢᠷ ᠨᠢ ᠬᠦᠮᠦᠨ ᠪᠦᠬᠦᠨ ᠤ ᠬᠢ ᠶᠤᠮ

2017-01-18 11:50

    ᠰᠢᠨᠬᠤᠸᠠ ᠮᠤᠨᠭᠭᠤᠯ ᠨᠧᠲ  ᠬᠦᠬᠡᠬᠤᠲᠠ ᠶᠢᠨ 1 ᠰᠠᠷ᠎ ᠠ ᠶᠢᠨ 16 ᠤ᠋ ᠡᠳᠦᠷ ᠤᠨ ᠴᠠᠬᠢᠯᠭᠠᠨ ᠮᠡᠳᠡᠭᠡ (ᠰᠠᠷᠠᠨᠲᠦᠶᠠᠭ᠎ᠠ) ᠰᠡᠭᠦᠯ ᠤᠨ ᠦᠶ᠎ᠡ ᠳᠤ ᠪᠡᠶ᠎ᠡ ᠶᠢᠨ ᠲᠠᠮᠢᠷ ᠢ ᠬᠦᠭ᠍ᠵᠢᠭᠦᠯᠤᠨ ᠪᠡᠶ᠎ᠡ ᠮᠠᠬᠠᠪᠤᠳ ᠢᠶᠡᠨ ᠴᠢᠬᠢᠷᠠᠬᠵᠢᠭᠤᠯᠬᠤ ᠦᠷᠨᠢᠯ ᠭᠠᠷᠴᠦ᠂ ᠤᠯᠠᠨ ᠬᠦᠮᠦᠨ ᠲᠠᠮᠢᠷ ᠤᠨ ᠬᠦᠳᠡᠯᠭᠡᠭᠡᠨ ᠳᠤ ᠤᠷᠤᠯᠴᠠᠳᠠᠬ ᠪᠤᠯᠤᠬᠰᠠᠨ ᠪᠤᠯᠪᠠᠴᠤ ᠶᠠᠬ ᠦᠪᠡᠷ ᠤᠨ ᠳᠤᠷ᠎ᠠ ᠡᠴᠡ ᠪᠠᠨ ᠪᠡᠶ᠎ᠡ ᠪᠠᠨ ᠪᠤᠯᠪᠠᠰᠤᠷᠠᠭᠤᠯᠳᠠᠬ ᠬᠦᠮᠤᠨ ᠮᠦᠨ ᠯᠡ ᠴᠦᠬᠡᠨ ᠪᠠᠢᠢᠳᠠᠬ᠃ ᠡᠭᠦᠨ ᠳᠤ ᠵᠤᠷᠢᠭᠤᠯᠤᠨ ᠬᠦᠬᠡᠬᠤᠲᠠ ᠶᠢᠨ ᠪᠡᠶ᠎ᠡ ᠶᠢᠨ ᠲᠠᠮᠢᠷ ᠤᠨ ᠰᠤᠷᠭᠠᠭᠤᠯᠢ ᠶᠢᠨ ᠳᠡᠭᠡᠳᠤ ᠳᠡᠰ ᠤᠨ ᠵᠢᠤᠳᠤᠤ ᠪᠦᠬᠡ ᠶᠢᠨ ᠲᠠᠰᠬᠠᠯᠵᠢᠭᠤᠯᠤᠬᠴᠢ᠂ ᠦᠪᠦᠷ ᠮᠤᠨᠭᠭᠤᠯ ᠤᠨ ᠦᠪᠡᠷᠲᠡᠭᠡᠨ ᠵᠠᠰᠠᠬᠤ ᠤᠷᠤᠨ ᠤ ᠤᠯᠤᠰ ᠲᠦᠷᠦ ᠶᠢᠨ ᠵᠦᠪᠯᠡᠯᠭᠡᠨ ᠤ ᠭᠡᠰᠢᠭᠦᠨ ᠪᠦᠷᠢᠨᠪᠠᠶᠠᠷ ᠡᠶᠢᠮᠦᠷᠬᠦ ᠰᠠᠨᠠᠯ ᠦᠭ᠍ᠭᠦᠯ᠎ᠡ᠃

    ᠲᠡᠷᠡᠪᠡᠷ ᠶᠠᠷᠢᠬᠤ ᠳᠠᠭᠠᠨ᠂ ᠤᠳᠤ ᠮᠠᠨ ᠤ ᠮᠤᠨᠭᠭᠤᠯ ᠨᠤᠲᠤᠬ ᠢᠶᠡᠷ ᠬᠡᠵᠢᠶ᠎ᠡ ᠬᠠᠮᠢᠭ᠎ᠠ ᠴᠤ ᠭᠡᠰᠡᠨ ᠨᠠᠶᠢᠷ ᠨᠠᠭᠠᠳᠤᠮ ᠡᠷᠬᠢᠯᠡᠬᠦ ᠪᠤᠯᠵᠦ᠂ ᠪᠡᠶ᠎ᠡ ᠶᠢᠨ ᠲᠠᠮᠢᠷ ᠪᠠ ᠠᠶᠠᠯᠠᠯ ᠵᠢᠭᠤᠯᠴᠢᠯᠠᠯ ᠢ ᠬᠤᠤᠰᠯᠠᠭᠤᠯᠤᠬᠰᠠᠨ ᠨᠠᠭᠠᠳᠤᠮ ᠬᠦᠷ ᠬᠦᠭ᠍ᠵᠢᠶᠡᠨ ᠲᠠᠢ ᠵᠤᠬᠢᠶᠠᠨ ᠪᠠᠶᠢᠭᠤᠯᠤᠭᠳᠠᠨ ᠡᠷ᠎ᠡ ᠶᠢᠨ ᠭᠤᠷᠪᠠᠨ ᠨᠠᠭᠠᠳᠤᠮ ᠢ ᠰᠡᠷᠭᠦᠭᠡᠨ ᠬᠦᠭᠵᠢᠭᠦᠯᠬᠦ ᠳᠤ ᠶᠡᠬᠡᠬᠡᠨ ᠠᠬᠢᠴᠠ ᠲᠠᠢ ᠪᠤᠯᠤᠬᠰᠠᠨ ᠪᠤᠯᠪᠠᠴᠤ ᠤᠷᠤᠯᠳᠤᠭᠠᠨ ᠤ ᠲᠦᠷᠦᠯ ᠵᠦᠢᠯ ᠳᠤ ᠤᠷᠤᠯᠴᠠᠵᠦ ᠪᠠᠶᠢᠭ᠎ᠠ ᠨᠢ ᠴᠦᠭᠡᠨ᠂ ᠦᠵᠡᠭᠴᠢᠳ ᠨᠢ ᠤᠯᠠᠨ᠃ ᠰᠤᠷᠭᠠᠭᠤᠯᠢ ᠶᠢᠨ ᠰᠤᠷᠤᠬᠴᠢᠳ ᠢᠶᠡᠷ ᠠᠪᠤᠭᠠᠳ ᠬᠡᠯᠡᠭᠰᠡᠨ ᠴᠤ ᠪᠡᠶ᠎ᠡ ᠶᠢᠨ ᠲᠠᠮᠢᠷ ᠤᠨ ᠤᠷᠤᠯᠳᠤᠭᠠᠨ ᠮᠦᠷᠦᠢᠢᠴᠡᠭᠡᠨ ᠳᠤ ᠤᠷᠤᠯᠴᠠᠬᠤ ᠳᠤᠷᠠᠲᠠᠢ ᠨᠢ ᠴᠦᠭᠡᠨ᠂ ᠪᠦᠬᠦ ᠠᠷᠠᠳ ᠢᠶᠡᠷ ᠴᠢᠬᠢᠷᠠᠬᠵᠢᠬᠤ ᠵᠢ ᠪᠡᠶᠡᠯᠡᠭᠦᠯᠬᠦ ᠳᠤ ᠪᠠᠰᠠ ᠴᠤ ᠴᠢᠷᠮᠠᠶᠢᠬᠤ ᠴᠢᠬᠤᠯᠠᠲᠠᠢ ᠶᠤᠮ ᠭᠡᠵᠡᠢ᠃

    ᠲᠡᠷᠡᠪᠡᠷ ᠪᠠᠰᠠ ᠨᠡᠶᠢᠲᠡ ᠪᠡᠷ ᠤᠷᠤᠯᠴᠠᠬᠤ ᠲᠠᠮᠢᠷ ᠤᠨ ᠠᠵᠢᠯᠯᠠᠭ᠎ᠠ ᠵᠢ ᠢᠯᠡᠭᠦᠬᠡᠨ ᠵᠤᠬᠢᠶᠠᠨ ᠪᠠᠶᠢᠭᠤᠯᠵᠦ᠂ ᠰᠤᠷᠭᠠᠭᠤᠯᠢ ᠨᠢ ᠰᠤᠷᠤᠬᠴᠢᠳ ᠤᠨ ᠳᠤᠷᠠᠲᠠᠢ ᠲᠠᠮᠢᠷ ᠤᠨ ᠬᠦᠳᠡᠯᠭᠡᠭᠡᠨ ᠢ ᠦᠷᠨᠢᠭᠦᠯᠵᠦ᠂ ᠪᠡᠶ᠎ᠡ ᠪᠠᠨ ᠳᠠᠪᠲᠠᠨ ᠪᠤᠯᠪᠠᠰᠤᠷᠠᠭᠤᠯᠬᠤ ᠳᠤ ᠨᠢ ᠬᠠᠪᠰᠤᠷᠪᠠᠯ ᠵᠤᠬᠢᠨ᠎ᠠ᠃ ᠬᠡᠳᠦᠢᠢᠪᠡᠷ ᠤᠳᠤ ᠬᠤᠰᠢᠭᠤ ᠰᠤᠮᠤᠨ ᠤ ᠱᠠᠲᠤᠨ ᠳᠤ ᠪᠦᠷ ᠪᠡᠶ᠎ᠡ ᠶᠢᠨ ᠲᠠᠮᠢᠷ ᠤᠨ ᠤᠷᠳᠤᠨ ᠲᠠᠢ ᠪᠤᠯᠤᠬᠰᠠᠨ ᠪᠤᠯᠪᠠᠴᠤ ᠵᠢᠩᠬᠢᠨᠢ ᠠᠰᠢᠬᠯᠠᠯᠲᠠ ᠳᠤ ᠤᠷᠤᠵᠦ ᠦᠢᠯᠡᠳᠦᠯ ᠢᠶᠡᠨ ᠪᠠᠳᠠᠷᠠᠭᠤᠯᠵᠦ ᠪᠠᠶᠢᠭ᠎ᠠ ᠨᠢ ᠴᠦᠭᠡᠨ᠃ ᠨᠡᠶᠢᠲᠡ ᠳᠤ ᠵᠤᠷᠢᠭᠤᠯᠤᠯᠲᠠ ᠲᠠᠢ ᠪᠡᠶ᠎ᠡ ᠶᠢᠨ ᠲᠠᠮᠢᠷ ᠤᠨ ᠲᠦᠬᠦᠭᠡᠷᠦᠮᠵᠢ ᠵᠢ ᠨᠡᠭᠡᠭᠡᠯᠲᠡ ᠲᠠᠢ ᠪᠠᠶᠢᠯᠭᠠᠵᠦ ᠨᠡᠶᠢᠭᠡᠮ ᠳᠤ ᠬᠠᠨᠳᠤᠭᠤᠯᠬᠤ ᠬᠡᠷᠡᠭᠲᠡᠢ᠃ ᠪᠡᠶ᠎ᠡ ᠶᠢᠨ ᠲᠠᠮᠢᠷ ᠨᠢ ᠲᠤᠰᠬᠠᠢ ᠮᠡᠷᠭᠡᠵᠢᠯ ᠤᠨ ᠪᠠᠬᠰᠢ ᠰᠤᠷᠤᠬᠴᠢᠳ ᠪᠠ ᠲᠠᠮᠢᠷᠴᠢᠨ ᠮᠡᠲᠤ ᠶᠢᠨ ᠭᠠᠬᠴᠠ ᠬᠤᠶᠠᠷ ᠬᠦᠮᠦᠨ ᠤ ᠤᠴᠢᠷ ᠪᠢᠰᠢ᠂ ᠲᠡᠷᠡ ᠨᠢ ᠬᠦᠮᠦᠨ ᠪᠦᠬᠦᠨ ᠤ ᠬᠢ ᠶᠤᠮ ᠭᠡᠵᠦ ᠶᠠᠷᠢᠵᠦ ᠪᠠᠶᠢᠯ᠎ᠠ᠃

ᠢᠷᠡᠯᠳᠡ᠄ ᠰᠢᠨᠬᠤᠸᠠ ᠮᠤᠨᠭᠭᠤᠯ ᠨᠧᠲ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠦᠪᠦᠷ ᠮᠤᠨᠭᠭᠤᠯ ᠳᠡᠬᠢ ᠯᠢᠶᠤᠤ ᠭᠦᠷᠦᠨ ᠤ ᠲᠠᠲᠠᠪᠤᠷᠢ ᠶᠢᠨ ᠤᠨᠭᠭᠤᠨ ᠡᠴᠡ ᠶᠡᠬᠡ ᠬᠡᠮᠵᠢᠶᠡᠨ ᠤ ᠠᠯᠲᠠ ᠮᠦᠩᠭᠦᠨ ᠰᠢᠭᠢᠳᠬᠡᠭᠡᠷᠢ ᠲᠠᠢ ᠱᠠᠭᠠᠵᠠᠩ ᠰᠠᠪᠠ ᠤᠯᠳᠠᠪᠠ
  • ᠦᠪᠦᠷ ᠮᠤᠨᠭᠭᠤᠯ ᠤᠨ ᠰᠢᠨ᠎ᠡ ᠪᠠᠷᠭᠤ ᠵᠡᠭᠦᠨ ᠬᠤᠰᠢᠭᠤᠨ ᠳᠤ ᠮᠤᠨᠭᠭᠤᠯ ᠦᠨᠳᠦᠰᠦᠲᠡᠨ ᠤ ᠬᠤᠪᠴᠠᠰᠤ ᠵᠠᠰᠠᠯ ᠤᠨ ᠦᠵᠡᠭᠦᠯᠦᠯᠭᠡ ᠪᠤᠯᠪᠠ
  • ᠵᠢᠷᠭᠤᠭᠠᠨ ᠮᠤᠵᠢ ᠤᠷᠤᠨ ᠤ ᠦᠨᠳᠦᠰᠦᠳᠡᠨ ᠤ ᠴᠦᠬᠡᠩᠬᠢ ᠶᠢᠨ ᠤᠷᠠᠨ ᠰᠠᠶᠢᠬᠠᠨ ᠤ ᠳᠤᠭᠯᠠᠯᠳᠠ ᠦᠨᠳᠦᠷᠯᠡᠯ᠎᠎ᠡ
  • ᠠᠩᠬᠠᠳᠤᠭᠠᠷ ᠤᠳᠠᠭᠠᠨ ᠤ 《ᠠᠯᠲᠠᠨ ᠳᠡᠯᠡᠬᠡᠢ》 ᠨᠡᠷᠡᠮᠵᠢᠲᠤ ᠦᠪᠦᠷ ᠮᠣᠩᠭᠣᠯ ᠤᠨ ᠤᠶᠤᠲᠠᠳ ᠤᠨ ᠮᠤᠩ᠋ᠭᠤᠯ ᠰᠢᠲᠠᠷ᠎ᠠ ᠶᠢᠨ ᠤᠷᠤᠯᠳᠤᠭᠠᠨ ᠠᠮᠵᠢᠯᠲᠠ ᠲᠠᠢ ᠶᠠᠪᠤᠭᠳᠠᠯ᠎ᠠ
关闭
010070230030000000000000011100001120336019