蒙古文网站Logo
ᠰᠢᠨᠬᠤᠸᠠ ᠮᠤᠩᠭ᠋ᠤᠯ ᠨᠧᠲ

ᠤᠷᠤᠰ ᠤᠨ ᠬᠢᠯᠢ ᠳ᠋ᠡᠬᠢ ᠲᠤᠢᠢᠮᠡᠷ᠋ ᠦᠪᠦᠷ ᠮᠤᠩᠭ᠋ᠤᠯ ᠤᠨ ᠶᠡᠬᠡ ᠬᠢᠩᠭ᠋ᠠᠨ ᠳᠠᠪᠠᠭᠠᠨ ᠤ ᠪᠠᠯᠠᠷ ᠤᠢ ᠳᠤ ᠵᠤᠯᠭᠠᠭᠰᠠᠨ ᠪᠠᠶᠢᠳᠠᠯ ᠳᠤ ᠯᠢ ᠵᠢᠢ ᠡᠾᠧᠩ ᠲᠠᠷᠤᠢ ᠳ᠋ᠦ ᠨᠢ ᠵᠢᠭᠠᠪᠦᠷᠢ ᠦᠭ᠍ᠪᠡ

2017-05-02 17:20

    4 ᠰᠠᠷ᠎ᠠ ᠵᠢᠨ 30 ᠤ ᠡᠳᠤᠷ ᠤᠨ 14᠄ 00 ᠴᠠᠭ ᠲᠤ᠂ ᠦᠪᠦᠷ᠋ ᠮᠤᠩᠭ᠋ᠤᠯ ᠤᠨ ᠶᠡᠬᠡ ᠬᠢᠩᠭ᠋ᠠᠨ ᠳᠠᠪᠠᠭ᠎ᠠ ᠵᠢᠨ ᠬᠤᠢᠢᠳᠤ ᠭᠡᠰᠡᠭ ᠤᠨ ᠰᠢᠭᠤᠶᠢᠲᠤ ᠤᠷᠤᠨ ᠦᠮᠠ ᠤᠢ ᠰᠢᠭᠤᠢ ᠵᠢᠨ ᠲᠤᠪᠴᠢᠶ᠎ᠠ ᠵᠢᠨ ᠢᠮᠦ᠋ ᠭᠤᠤᠯ ᠤᠢ ᠰᠢᠭᠤᠢ ᠵᠢᠨ ᠲᠠᠯᠠᠪᠠᠢ ᠵᠢᠨ ᠤᠷᠤᠰ ᠤᠨ ᠠᠭᠤᠯᠵᠠᠷ᠋ ᠲᠤ ᠤᠢ ᠰᠢᠭᠤᠢ ᠵᠢᠨ ᠲᠤᠢᠢᠮᠡᠷ᠋ ᠭᠠᠷᠤᠭᠰᠠᠨ ᠰᠡᠵᠢᠭᠯᠡᠯᠲᠡᠢ ᠪᠠᠢᠢᠳᠠᠯ ᠢᠯᠡᠷᠡᠵᠦ᠂ ᠲᠦᠢᠮᠡᠷ᠋ ᠭᠠᠷᠤᠭᠰᠠᠨ ᠲᠤᠬᠠᠢ ᠶᠢᠨ ᠭᠠᠵᠠᠷ᠋ ᠤᠨ ᠠᠭᠠᠷ ᠲᠤ ᠤᠲᠤᠭ᠎ᠠ ᠤᠨᠢᠶᠡᠷ᠋ ᠲᠡᠭᠳᠡᠵᠤ᠂ ᠬᠢᠯᠢ ᠳᠠᠭᠠᠤ ᠤᠷᠤᠨ ᠤ ᠨᠢᠰᠬᠦ ᠬᠢᠵᠠᠭᠠᠷᠯᠠᠯ ᠡᠴᠡ ᠪᠤᠯᠵᠤ᠂ ᠤᠨᠤᠪᠴᠢᠲᠠᠢ ᠪᠡᠢᠢᠷᠢ ᠢᠢ ᠳᠤᠬᠲᠠᠭᠠᠬᠤ ᠳ᠋ᠤ ᠬᠦᠴᠢᠷ᠋ ᠪᠠᠢᠢᠯ᠎ᠠ᠃ ᠲᠤᠬᠠᠢ ᠵᠢᠨ ᠭᠠᠵᠠᠷ᠋ ᠤᠨ ᠬᠢᠨ ᠳᠠᠷᠤᠢ ᠲᠦᠷᠭᠡᠨ ᠴᠡᠷᠢᠭ ᠤᠨ ᠬᠦᠴᠦ ᠪᠡᠨ ᠳᠦᠪᠯᠡᠷᠡᠭᠦᠯᠤᠨ ᠪᠦᠬᠦ ᠬᠦᠴᠦᠨ ᠵᠢᠨᠷ᠋ ᠲᠤᠢᠢᠮᠡᠷ᠋ ᠤᠨᠲᠠᠷᠠᠭᠠᠬᠤ ᠠᠪᠤᠷᠠᠨ ᠲᠤᠰᠠᠯᠠᠬᠤ ᠠᠵᠢᠯ ᠦᠷᠨᠢᠭᠦᠯᠤᠭ᠍ᠰᠠᠨ ᠪᠠᠶᠢᠨ᠎ᠠ᠃

    5 ᠰᠠᠷ᠎ᠠ ᠵᠢᠨ 1 ᠤ ᠡᠳᠦᠷ᠋ ᠤᠨ 5᠄ 30 ᠴᠠᠭ ᠲᠤ ᠨᠢᠰᠬᠦ ᠤᠩᠭ᠋ᠤᠴᠠ ᠪᠡᠷ ᠪᠠᠶᠢᠴᠠᠭᠠᠨ ᠲᠤᠳᠤᠯᠠᠭᠰᠠᠨ ᠤ ᠲᠠᠷᠠᠭ᠎ᠠ᠂ ᠤᠷᠤᠰ ᠤᠨ ᠬᠢᠯᠢ ᠡᠴᠡ ᠤᠷᠤᠵᠤ ᠢᠷᠡᠭᠰᠡᠨ ᠲᠦᠢᠮᠡᠷ᠋ ᠦᠪᠦᠷ᠋ ᠮᠤᠩᠭ᠋ᠤᠯ ᠤᠨ ᠶᠡᠬᠡ ᠬᠢᠩᠭ᠋ᠠᠨ ᠳᠠᠪᠠᠭ᠎ᠠ ᠵᠢᠨ ᠬᠤᠢᠢᠳᠤ ᠭᠡᠰᠡᠭ ᠤᠨ ᠪᠠᠯᠠᠷ᠋ ᠤᠢ ᠵᠢᠨ ᠦᠮᠠ ᠤᠢ ᠰᠢᠭᠤᠢ ᠵᠢᠨ ᠲᠤᠪᠴᠢᠶ᠎ᠠ ᠵᠢᠨ ᠢᠮᠦ᠋ ᠭᠤᠤᠯ ᠤᠢ ᠰᠢᠭᠤᠢ ᠵᠢᠨ ᠲᠠᠯᠠᠪᠠᠢ ᠳ᠋ᠤ ᠵᠤᠯᠭᠠᠭᠰᠠᠨ ᠢ ᠨᠤᠲᠠᠯᠠᠪᠠ᠃

    ᠲᠤᠢᠢᠮᠡᠷ᠋ ᠭᠠᠷᠤᠬᠰᠠᠨ ᠤ ᠳᠠᠷᠠᠭ᠎ᠠ᠂ ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠵᠢᠨ ᠱᠦᠵᠢ᠂ ᠠᠷᠠᠳ ᠤᠨ ᠲᠦᠯᠦᠭᠡᠯᠡᠭᠴᠢᠳ ᠤᠨ ᠶᠡᠬᠡ ᠬᠤᠷᠠᠯ ᠤᠨ ᠪᠠᠢᠢᠩᠭ᠋ᠤ ᠵᠢᠨ ᠬᠤᠷᠢᠶ᠎ᠠ ᠵᠢᠨ ᠡᠷᠬᠢᠯᠡᠭᠴᠢ ᠯᠢ ᠵᠢᠢ ᠾᠧᠩ ᠲᠠᠷᠤᠢ ᠳ᠋ᠦ ᠨᠢ ᠵᠢᠭᠠᠪᠦᠷᠢ ᠦᠭᠴᠦ᠂ ᠦᠪᠡᠷᠲᠡᠭᠡᠨ ᠵᠠᠰᠠᠬᠤ ᠤᠷᠤᠨ ᠤ ᠬᠤᠯᠪᠤᠬᠳᠠᠯ ᠪᠦᠬᠦᠢ ᠰᠠᠯᠠᠭ᠎ᠠ ᠮᠦᠴᠢᠷ᠋ ᠪᠠ ᠦᠪᠡᠷᠲᠡᠭᠡᠨ ᠵᠠᠰᠠᠬᠤ ᠤᠷᠤᠨ ᠤ ᠤᠢ ᠰᠢᠭᠤᠢ ᠵᠢᠨ ᠲᠤᠢᠢᠮᠡᠷ᠋ ᠰᠡᠷᠭᠡᠢᠢᠯᠡᠬᠦ ᠵᠢᠯᠤᠭᠤᠳᠬᠤ ᠭᠠᠵᠠᠷ᠋ ᠳᠠᠷᠤᠢ ᠲᠦᠷᠭᠡᠨ ᠬᠦᠴᠦᠨ ᠵᠢᠨᠨ ᠵᠤᠬᠢᠶᠠᠨ ᠪᠠᠢᠢᠭᠤᠯᠵᠤ ᠦᠮᠠ ᠵᠢᠨ ᠢᠮᠦ᠋ ᠭᠤᠤᠯ ᠤᠢ ᠰᠢᠭᠤᠢ ᠵᠢᠨ ᠲᠠᠯᠠᠪᠠᠢ ᠵᠢᠨ ᠲᠤᠢᠢᠮᠡᠷ᠋ ᠭᠠᠷᠤᠬᠰᠠᠨ ᠡᠮᠦᠨ᠎ᠡ ᠹᠷᠤᠨᠲ᠋ ᠲᠤ ᠬᠦᠷᠴᠤ᠂ ᠪᠦᠬᠦ ᠬᠦᠴᠦᠨ ᠵᠢᠨᠷ᠋ ᠵᠢᠨᠨ ᠲᠤᠢᠢᠮᠡᠷ᠋ ᠢ ᠤᠨᠲᠠᠷᠠᠭᠠᠵᠤ᠂ ᠬᠤᠬᠢᠷᠠᠯ ᠢ ᠬᠠᠮᠤᠬ ᠤᠨ ᠶᠡᠬᠡ ᠬᠡᠮᠵᠢᠶ᠎ᠡ ᠪᠡᠷ᠋ ᠪᠠᠭᠠᠰᠬᠠᠬᠤ ᠬᠡᠷᠡᠭᠲᠡᠢ᠂ ᠰᠢᠨᠵᠢᠯᠡᠬᠦ ᠤᠬᠠᠭᠠᠨᠴᠢ ᠪᠡᠷ᠋ ᠠᠪᠤᠷᠠᠨ ᠲᠤᠰᠠᠯᠠᠵᠤ᠂ ᠲᠤᠢᠢᠮᠡᠷ᠋ ᠤᠨᠲᠠᠷᠠᠭᠠᠬᠤ ᠬᠦᠮᠦᠰ ᠤᠨ ᠳᠣᠰ ᠪᠡᠶ᠎ᠡ ᠵᠢᠨ ᠠᠮᠤᠷ᠋ ᠲᠦᠪᠰᠢᠨ ᠢ ᠪᠠᠲᠤᠯᠠᠵᠤ᠂ ᠲᠤᠢᠢᠮᠡᠷ᠋ ᠡᠴᠡ ᠪᠤᠯᠤᠭᠰᠠᠨ ᠤᠨᠳᠤᠤ ᠭᠠᠮᠰᠢᠬ ᠡᠭᠦᠰᠬᠦ ᠡᠴᠡ ᠰᠡᠷᠭᠡᠢᠢᠯᠡᠬᠦ ᠬᠡᠷᠡᠭᠲᠡᠢ ᠬᠡᠵᠤ ᠱᠠᠭᠠᠷᠳᠠᠪᠠ᠃

    ᠯᠢ ᠵᠢᠢ ᠡᠾᠧᠩ ᠪᠠᠰᠠ ᠤᠳᠤ ᠶᠠᠬ ᠤᠢ ᠰᠢᠭᠤᠢ᠂ ᠨᠤᠲᠤᠭ ᠪᠡᠯᠴᠢᠭᠡᠷ᠋ ᠤᠨ ᠲᠤᠢᠢᠮᠡᠷ᠋ ᠢ ᠰᠡᠷᠭᠡᠢᠢᠯᠡᠬᠦ ᠵᠠᠩᠭᠢᠯᠠᠭ᠎ᠠ ᠵᠢᠨ ᠴᠠᠬ ᠦᠶ᠎ᠡ ᠪᠤᠯᠤᠨ᠎ᠠ᠂ ᠪᠦᠬᠦ ᠤᠷᠤᠨ ᠤ ᠡᠯ᠎ᠡ ᠱᠠᠲᠤᠨ ᠤ ᠡᠯ᠎ᠡ ᠬᠤᠯᠪᠤᠬᠳᠠᠯ ᠪᠦᠬᠦᠢ ᠰᠠᠯᠠᠭ᠎ᠠ ᠮᠦᠴᠢᠷ᠋ ᠳᠡᠭᠡᠳᠦ ᠬᠡᠮᠵᠢᠶ᠎ᠡ ᠪᠡᠷ᠋ ᠬᠦᠨᠳᠦᠳᠭᠡᠵᠦ᠂ ᠬᠠᠷᠢᠭᠤᠴᠠᠯᠭ᠎ᠠ ᠵᠢ ᠴᠢᠩᠭ᠋᠎ᠠ ᠨᠠᠢᠢᠳᠠᠪᠤᠷᠢᠵᠢᠭᠤᠯᠵᠤ᠂ ᠪᠠᠴᠢᠮ ᠪᠠᠢᠢᠳᠠᠯ ᠢ ᠠᠷᠭᠠᠴᠠᠬᠤ ᠲᠦᠰᠦᠯ ᠢ ᠴᠢᠨᠠᠬᠰᠢᠲᠠ ᠲᠡᠭᠦᠯᠳᠡᠷᠵᠢᠭᠦᠯᠵᠦ᠂ ᠬᠠᠮᠤᠬ ᠤᠨ ᠴᠢᠩᠭ᠋᠎ᠠ ᠬᠦᠴᠦᠲᠠᠢ ᠠᠷᠭ᠎ᠠ ᠬᠡᠮᠵᠢᠶ᠎ᠡ ᠠᠪᠴᠤ᠂ ᠤᠨᠴᠠ ᠶᠡᠬᠡ ᠲᠤᠢᠢᠮᠡᠷ᠋ ᠤᠨ ᠠᠶᠤᠯ ᠭᠠᠷᠬᠤ ᠵᠢ ᠡᠷᠡᠰ ᠰᠡᠷᠭᠡᠢᠢᠯᠡᠬᠦ ᠭᠡᠷᠡᠭᠳᠡᠢ ᠭᠡᠵᠤ ᠴᠢᠬᠤᠯᠠᠴᠢᠯᠠᠵᠠᠢ᠃

ᠢᠷᠡᠯᠳᠡ᠄ ᠦᠪᠦᠷ ᠮᠤᠩᠭ᠋ᠤᠯ ᠤᠨ ᠡᠳᠤᠷ ᠤᠨ ᠰᠤᠨᠢᠨ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
关闭
010070230030000000000000011120701120906007