蒙古文网站Logo
ᠰᠢᠨᠬᠤᠸᠠ ᠮᠤᠩᠭ᠋ᠤᠯ ᠨᠧᠲ

ᠲᠦᠪ ᠤᠨ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠲᠡᠷᠭᠡᠯ ᠰᠠᠷᠠᠨ ᠤ ᠪᠠᠶᠠᠷ ᠪᠤᠯᠤᠨ ᠤᠯᠤᠰ ᠤᠨ ᠪᠠᠶᠠᠷ ᠤᠨ ᠠᠮᠠᠷᠠᠯᠲᠠ  ᠳ᠋ᠤ ᠤᠤᠭᠤᠵᠤ ᠢᠲᠡᠵᠤ ᠨᠠᠭᠠᠳᠴᠤ ᠴᠡᠩᠭᠡᠭᠰᠡᠨ ᠠᠰᠠᠭᠤᠲᠠᠯ ᠢ ᠢᠯᠡᠴᠢᠯᠡᠬᠦ ᠲᠤᠰᠬᠠᠢ ᠪᠤᠯᠤᠩ ᠨᠡᠬᠡᠬᠡᠪᠡ

2017-09-15 18:32

    ᠲᠡᠷᠬᠡᠯ ᠰᠠᠷᠠᠨ ᠤ ᠪᠠᠶᠠᠷ᠂ ᠤᠯᠤᠰ ᠤᠨ ᠪᠠᠶᠠᠷ ᠤᠨ ᠠᠮᠠᠷᠠᠯᠲᠠ ᠳ᠋ᠤ ᠠᠪᠯᠢᠭᠠᠯ ᠠᠪᠬᠤ᠂ ᠪᠦᠷᠢᠯᠭᠡᠨ ᠰᠦᠢᠳᠭᠡᠬᠦ ᠵᠡᠷᠭᠡ ᠦᠵᠡᠭᠲᠡᠯ ᠢ ᠴᠠᠭᠠᠵᠠᠯᠠᠬᠤ ᠪᠡᠷ ᠲᠦᠪ ᠤᠨ ᠰᠠᠬᠢᠯᠭ᠎ᠠ ᠪᠠᠶᠢᠴᠠᠭᠠᠬᠤ ᠬᠤᠷᠢᠶ᠎ᠠ ᠬᠢᠨᠠᠨ ᠪᠠᠶᠢᠴᠠᠭᠠᠬᠤ ᠶᠠᠮᠤᠨ ᠤ ᠠᠯᠪᠠᠨ ᠤ ᠨᠧᠲ《ᠲᠡᠷᠭᠡᠯ ᠰᠠᠷᠠᠨ ᠤ ᠪᠠᠶᠠᠷ ᠤᠯᠤᠰ ᠤᠨ ᠪᠠᠶᠠᠷ ᠤᠨ ᠠᠮᠠᠷᠠᠯᠲᠠ ᠶᠢᠨ ᠬᠤᠭᠤᠴᠠᠭᠠᠨ ᠳ᠋ᠤ ᠲᠦᠪ ᠤᠨ ᠨᠠᠶ᠋ᠮᠠᠨ ᠵᠤᠷᠪᠤᠰ ᠲᠤᠭᠲᠠᠭᠠᠯ ᠤᠨ ᠵᠤᠷᠢᠭ ᠰᠠᠨᠠᠭ᠎ᠠ ᠶᠢ ᠵᠦᠷᠢᠴᠡᠭᠰᠡᠨ ᠠᠰᠠᠭᠤᠲᠠᠯ ᠢ ᠬᠢᠨᠠᠨ ᠪᠠᠶᠢᠴᠠᠭᠠᠵᠤ ᠢᠯᠡᠴᠢᠯᠡᠨ ᠮᠡᠲᠡᠬᠦᠯᠬᠦ ᠲᠤᠰᠬᠠᠢ ᠪᠤᠯᠤᠩ》ᠨᠡᠬᠡᠬᠡᠨ ᠠᠵᠢᠯᠯᠠᠭᠤᠯᠪᠠ᠃

    ᠲᠤᠰᠬᠠᠢ ᠪᠤᠯᠤᠩ ᠳ᠋ᠤ 《ᠢᠯᠡᠴᠢᠯᠡᠨ ᠮᠡᠲᠡᠬᠦᠯᠦᠶ᠎ᠡ》ᠭᠡᠬᠦ ᠪᠤᠯᠤᠩ ᠲᠤᠬᠢᠷᠠᠭᠤᠯᠵᠤ ᠠᠮᠠᠷᠠᠯᠲᠠ ᠶᠢᠨ ᠬᠤᠭᠤᠴᠠᠭᠠᠨ ᠳ᠋ᠤ ᠠᠯᠪᠠᠨ ᠤ ᠮᠦᠩᠬᠦ ᠪᠡᠷ ᠤᠤᠭᠤᠵᠤ ᠢᠲᠡᠨ᠂ ᠠᠶᠠᠯᠠᠵᠤ ᠵᠢᠭᠤᠯᠴᠢᠯᠠᠭᠰᠠᠨ᠂ ᠨᠠᠮ ᠤᠨ ᠭᠡᠰᠢᠬᠦᠨ ᠺᠠᠳ᠋ᠷ ᠪᠡᠯᠡᠭ ᠰᠡᠯᠲᠡ ᠬᠦᠷᠭᠡᠬᠦ ᠪᠤᠶᠤ ᠬᠤᠷᠢᠶᠠᠭᠰᠠᠨ᠂ ᠨᠢᠭᠤᠴᠠ ᠲᠠᠯᠲᠠ ᠪᠡᠷ ᠴᠤᠭᠯᠠᠭᠰᠠᠨ᠂ ᠵᠤᠬᠢᠶᠠᠨ ᠪᠠᠶᠢᠭᠤᠯᠤᠭᠰᠠᠨ ᠪᠤᠶᠤ ᠨᠢᠭᠤᠴᠠ ᠲᠠᠯᠲᠠ ᠭᠠᠵᠠᠷ ᠢᠶᠡᠷ ᠤᠷᠤᠵᠤ ᠭᠠᠷᠤᠭᠰᠠᠨ ᠪᠠᠶᠢᠪᠠᠯ ᠨᠧᠲ ᠠᠰᠢᠭᠯᠠᠭᠴᠢᠳ ᠠᠯᠪᠠᠨ ᠤ ᠨᠧᠲ᠂ APP᠂ ᠠᠯᠪᠠᠨ ᠤ ᠸᠢᠴᠠᠲ ᠢᠶᠡᠷ ᠲᠠᠮᠵᠢᠨ ᠢᠯᠡᠴᠢᠯᠡᠨ ᠮᠡᠲᠡᠬᠦᠯᠵᠦ ᠪᠤᠯᠤᠨ᠎ᠠ᠃ ᠲᠤᠰᠬᠠᠢ ᠪᠤᠯᠤᠩ ᠤᠨ《ᠭᠠᠷᠠᠭ ᠪᠦᠷᠢ ᠶᠢᠨ ᠵᠠᠷᠯᠠᠯ》   ᠨᠢ 9 ᠰᠠᠷ᠎ᠠ᠎ ᠶᠢᠨ 20 ᠤ ᠡᠲᠦᠷ ᠡᠴᠡ ᠡᠬᠢᠯᠡᠨ ᠡᠯ᠎ᠡ ᠱᠠᠲᠤᠨ ᠤ ᠰᠠᠬᠢᠯᠭ᠎ᠠ ᠪᠠᠲᠤ ᠬᠢᠨᠠᠨ ᠪᠠᠶᠢᠴᠠᠭᠠᠬᠤ ᠰᠠᠯᠠᠭ᠎ᠠ ᠮᠦᠴᠢᠷ ᠡᠴᠡ ᠲᠦᠪ ᠤᠨ ᠨᠠᠶ᠋ᠮᠠᠨ ᠵᠤᠷᠪᠤᠰ ᠲᠤᠭᠲᠠᠭᠠᠯ ᠢ ᠵᠦᠷᠢᠴᠡᠭᠰᠡᠨ ᠠᠰᠠᠭᠤᠲᠠᠯ ᠢᠶᠡᠷ ᠪᠠᠶᠢᠴᠠᠭᠠᠵᠤ ᠢᠯᠡᠷᠡᠬᠦᠯᠦᠭᠰᠡᠳ ᠢ ᠤᠪᠤᠭ ᠨᠡᠷ᠎᠎ᠡ ᠲᠠᠢ ᠨᠢ ᠲᠦᠪᠯᠡᠷᠡᠬᠦᠯᠤᠨ ᠢᠯᠡᠴᠢᠯᠡᠬᠦ ᠪᠤᠯᠤᠨ᠎ᠠ᠃ 《ᠲᠦᠷᠪᠡᠨ ᠰᠤᠷᠲᠠᠯ ᠤᠨ ᠬᠢᠨᠠᠨ ᠪᠠᠶᠢᠴᠠᠭᠠᠬᠤ ᠮᠠᠨᠠᠭ᠎ᠠ》ᠭᠡᠬᠦ ᠪᠤᠯᠤᠩ ᠳ᠋ᠤ ᠨᠡᠶᠢᠲᠡᠯᠢᠭ ᠠᠰᠠᠭᠤᠲᠠᠯ ᠤᠨ ᠲᠤᠭᠤᠷᠢᠨ ᠳ᠋ᠤ ᠵᠠᠲᠠᠯᠤᠯᠲᠠ ᠬᠢᠵᠦ ᠰᠡᠷᠡᠮᠵᠢᠯᠡᠭᠦᠯᠬᠦ ᠪᠤᠯᠤᠨ᠎ᠠ᠃ ᠡᠭᠦᠨ ᠡᠴᠡ ᠭᠠᠲᠠᠨ᠎ᠠ《ᠨᠧᠲ ᠠᠰᠢᠭᠯᠠᠭᠴᠢᠳ ᠤᠨ ᠦᠭᠡ ᠦᠯᠡᠲᠡᠭᠡᠬᠦ ᠬᠠᠭᠤᠲᠠᠰᠤ》ᠪᠤᠯᠤᠩ ᠳ᠋ᠤ ᠤᠪᠤᠷ ᠰᠤᠷᠲᠠᠯ ᠴᠢᠭᠡᠴᠢ ᠦᠭᠡᠢ᠂ ᠬᠡᠯᠪᠡᠷᠢ ᠨᠢ ᠬᠤᠪᠢᠷᠠᠭᠰᠠᠨ 《ᠲᠦᠷᠪᠡᠨ ᠰᠤᠷᠲᠠᠯ 》 ᠤ᠋ᠨ ᠲᠤᠭᠤᠷᠢᠨ ᠳ᠋ᠤ ᠦᠵᠡᠯ ᠪᠤᠲᠤᠯ ᠢᠶᠡᠨ ᠢᠯᠡᠳᠭᠡᠵᠦ ᠪᠤᠯᠤᠨ᠎ᠠ᠃

    ᠲᠠ ᠪᠦᠬᠦᠨ ᠤ ᠢᠲᠡᠪᠬᠢᠲᠡᠢ ᠤᠷᠤᠯᠴᠠᠬᠤ ᠶᠢ ᠬᠦᠰᠡᠵᠦ ᠪᠠᠶᠢᠨ᠎ᠠ᠃ ᠪᠢᠲᠠ ᠬᠠᠮᠲᠤᠪᠡᠷ ᠢᠶᠡᠨ ᠠᠮᠠᠷᠠᠯᠲᠠ ᠶᠢᠨ ᠡᠲᠦᠷ ᠢᠶᠡᠨ ᠴᠢᠭᠡᠴᠢ ᠰᠠᠷᠠᠭᠤᠯ ᠦᠩᠭᠡᠷᠡᠭᠡᠶ᠎ᠡ!

ᠢᠷᠡᠯᠳᠡ᠄ ᠰᠢᠨᠬᠤᠸᠠ ᠮᠤᠩᠭ᠋ᠤᠯ ᠨᠧᠲ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
关闭
010070230030000000000000011120791121671327